ᠠᠴᠢᠳᠤ ᠪᠠᠭᠰᠢ

ᠮᠢᠨᠤ ᠠᠩᠭᠢ ᠶᠢᠨ ᠡᠷᠭᠢᠯᠡᠭ᠍ᠴᠢ ᠪᠣᠯ ᠳᠤᠮᠳᠠ ᠶᠢᠨ ᠪᠠᠶ᠎ᠠ ᠲᠡᠶ᠂ ᠬᠠᠷᠠᠪᠳᠤᠷ ᠴᠢᠷᠠᠢ ᠲᠡᠶ᠂ ᠭᠦᠷᠢ ᠬᠤᠷᠤᠬᠠᠢ ᠶᠢᠨ ᠭᠦᠮᠦᠰᠭᠡ ᠲᠡᠶ᠂ ᠳᠦᠴᠢᠭᠡᠳ ᠨᠠᠰᠤᠨ ᠤ ᠡᠮᠡᠭ᠍ᠳᠡᠢ ᠪᠠᠭᠰᠢ ᠪᠣᠯᠤᠨ᠎ᠠ᠃ ᠪᠠᠭᠰᠢ ᠶᠢᠨ ᠠᠯᠳᠠᠷ ᠨᠢ ᠭᠦᠴᠤᠨ ᠭᠡᠳᠡᠭ᠌᠃ ᠪᠠᠭᠰᠢ ᠭᠡᠵᠢᠶᠡᠳᠡ ᠪᠢᠳᠠᠨ ᠢ ᠲᠦᠪ ᠴᠢᠩᠭ᠎ᠠ ᠪᠠᠷ ᠰᠤᠷᠭᠠᠳᠠᠭ᠃ ᠠᠩᠭᠢ ᠶᠢᠨ ᠬᠤᠷᠠᠯ ᠪᠣᠯᠭᠠᠨ ᠳᠤ ᠪᠢᠳᠠᠨ ᠤ ᠡᠳᠦᠷ ᠳᠤᠳᠤᠮ ᠤᠨ ᠠᠮᠢᠳᠤᠷᠠᠯ᠂ ᠰᠤᠷᠤᠯᠭ᠎ᠠ᠂ ᠠᠮᠤᠷ ᠲᠦᠪᠰᠢᠨ ᠤ ᠭᠦᠮᠦᠵᠢᠯ ᠤᠨ ᠳᠤᠬᠠᠢ ᠶᠠᠷᠢᠳᠠᠭ᠃

ᠵᠤᠨ ᠤ ᠨᠢᠭᠡᠨ ᠡᠳᠦᠷ ᠤᠨ ᠦᠳᠡ ᠶᠢᠨ ᠬᠣᠢ᠌ᠨ᠎ᠠ ᠪᠢᠯᠡ᠃ ᠭᠡᠨᠡᠳᠲᠡ ᠳᠡᠭ᠍ᠷᠢ ᠪᠦᠷᠭᠦᠢᠵᠤ ᠪᠠᠷᠠᠭᠤᠨ ᠡᠮᠤᠨ᠎ᠡ ᠡᠴᠠ ᠰᠡᠯᠭᠢ ᠭᠦᠳᠡᠯᠤᠨ᠂ ᠪᠠᠷᠠᠭᠠᠨ ᠬᠠᠷ᠎ᠠ ᠡᠭᠦᠯᠡ ᠨᠠᠳᠣᠢ᠌ᠵᠤ ᠂ ᠴᠠᠭᠢᠯᠭᠠᠨ ᠴᠡᠭᠢᠯᠤᠨ᠂ ᠲ᠋ᠡᠭ᠍ᠷᠢ ᠳᠤᠤᠭᠠᠷᠴᠤ ᠪᠣᠷᠤᠭᠠᠨ ᠣᠷᠤᠵᠤ ᠡᠭᠢᠯᠡᠯ᠎ᠡ᠃ ᠶᠠᠭ ᠡᠨᠡ ᠦᠶ᠎ᠡ ᠳᠤ ᠰᠠᠷᠠᠭᠤᠯ ᠪᠢᠳᠠ ᠬᠤᠶᠠᠭᠤᠯᠠ ᠪᠦᠳᠦᠭᠦᠨ ᠮᠤᠳᠤᠨ ᠤ ᠳᠤᠤᠷ᠎ᠠ ᠨᠠᠭᠠᠳᠴᠤ ᠪᠠᠢ᠌ᠯ᠎ᠠ᠃ ᠴᠠᠭᠢᠯᠭᠠᠨ ᠴᠠᠭᠢᠯᠵᠤ ᠳᠡᠭ᠍ᠷᠢ ᠳᠤᠤᠭᠠᠷᠬᠤ ᠳᠤᠳᠤᠮ ᠪᠣᠷᠤᠭᠠᠨ ᠴᠢᠳᠬᠤᠯᠬᠤ ᠨᠢ ᠰᠢᠷᠦᠭᠦᠰᠴᠤ ᠪᠢᠳᠠ ᠬᠤᠶᠠᠭᠤᠯᠠ ᠠᠶᠤᠵᠤ ᠰᠠᠠᠳᠤᠷᠬᠤ ᠳᠤ ᠪᠠᠨ ᠳᠤᠯᠤᠭᠠᠢ ᠪᠠᠨ ᠳᠠᠪᠠᠷᠢᠨ ᠵᠤᠭᠰᠤᠵᠤ ᠪᠠᠢ᠌ᠯ᠎ᠡ᠃ ᠭᠡᠨᠡᠳᠲᠡ ᠰᠠᠷᠠᠭᠤᠯ ᠨᠠᠮ᠎ᠠ ᠶᠢ ᠲᠦᠯᠭᠢᠵᠤ᠄ 《ᠭᠦᠢ ︕ ᠬᠦ᠊ ᠪᠠᠭᠰᠢ ᠳᠡᠭ᠍ᠷᠢ ᠳᠤᠤᠭᠠᠷᠴᠤ ᠴᠠᠭᠢᠯᠭᠠᠨ ᠴᠠᠭᠢᠯᠪᠠᠯ ᠮᠤᠳᠤᠨ ᠳᠤᠤᠷ᠎ᠠ ᠵᠤᠭᠰᠤᠵᠤ ᠪᠣᠯᠬᠤ ᠦᠭᠡᠶ》 ᠭᠡᠰᠡᠨ ᠪᠢᠰᠢᠤ ︖ ᠬᠤᠶᠠᠭᠤᠯᠠ ᠪᠠᠨ ᠬᠤᠷᠳᠤᠨ ᠠᠩᠭᠢ ᠳᠤ ᠪᠠᠨ ᠶᠠᠪᠣᠶ᠎ᠠ ᠭᠡᠵᠤ ᠭᠡᠯᠡᠳᠡᠯ᠎ᠡ ᠪᠠᠭᠰᠢ ᠶᠢᠨ 《ᠰᠠᠷᠠᠭᠤᠯ ᠣᠷᠠᠯᠢᠭ ᠡ ︕》 ᠭᠡᠭᠦ ᠳᠠᠭᠤᠨ ᠰᠤᠨᠤᠰᠳᠠᠯ᠎ᠠ᠃ ᠪᠠᠭᠰᠢ ᠰᠢᠷᠦᠭᠦᠨ ᠪᠣᠷᠤᠭᠠᠨ ᠤ ᠳᠤᠮᠳᠠᠭᠤᠷ ᠪᠢᠳᠠᠨ ᠤ ᠡᠰᠡᠷᠭᠦ ᠠᠮᠢ ᠳᠠᠮᠠᠴᠠᠨ ᠭᠦᠶ‍ᠦᠭᠦ ᠶᠢᠨ ᠳᠠᠭᠠᠤ 《ᠬᠤᠷᠳᠤᠨ ᠭᠦᠶᠤ ︕ ᠮᠤᠳᠤᠨ ᠳᠤᠤᠷ᠎ᠠ ᠵᠤᠭᠰᠤᠪᠠᠯ ᠠᠶᠤᠯ ᠲᠡᠶ ᠰᠢᠤ ︕》 ᠭᠡᠵᠤ ᠬᠠᠰᠭᠢᠷᠴᠤ ᠪᠠᠢ᠌ᠯ᠎ᠠ ᠃ ᠪᠢᠳᠠ ᠠᠩᠭᠢ ᠶᠢᠨ ᠭᠡᠷ ᠲᠤ ᠣᠷᠤᠬᠤ ᠭᠡᠳᠡᠯ᠎ᠡ ᠬᠤᠷᠴᠠ ᠭᠢᠯᠪᠢᠭᠡᠨ ᠭᠢᠯᠪᠠᠵᠤ ᠨᠦᠰᠠᠷ ᠠᠶᠤᠩᠭ᠎ᠠ ᠠᠷᠤ ᠳᠤ ᠳᠤᠤᠭᠠᠷᠪᠠ᠃ ᠣᠷᠪᠠᠨ ᠬᠠᠷᠠᠭᠠᠤᠨ ᠥᠵᠡᠭᠦᠯ᠎ᠡ ᠪᠦᠳᠦᠭᠦᠨ ᠮᠤᠳᠤᠨ ᠤ ᠰᠠᠯᠠᠭ᠎ᠠ ᠨᠢ ᠬᠤᠭᠤᠷᠠᠨ ᠣᠨᠠᠭᠰᠠᠨ ᠪᠠᠢ᠌ᠯ᠎ᠠ᠃ ᠡᠨᠡ ᠦᠶ᠎ᠡ ᠳᠤ ᠪᠢ ᠰᠠ‍‌ᠶᠢ ᠰᠡᠭᠡᠰᠭᠢᠵᠤ ᠬᠦ᠊ ᠪᠠᠭᠰᠢ ᠪᠣᠯ ᠰᠠᠷᠠᠭᠤᠯ ᠪᠢᠳᠠ ᠬᠤᠶᠠᠭᠤᠯᠠ ᠶᠢᠨ ᠠᠮᠢ ᠶᠢ ᠠᠪᠣᠷᠠᠭᠰᠠᠨ ᠠᠴᠢᠳᠤ ᠪᠠᠭᠰᠢ ᠪᠣᠯᠬᠤ ᠶᠢ ᠮᠡᠳᠡᠯ᠎ᠡ᠃ ᠢᠩᠭᠢᠭᠡᠳ ᠪᠢ ᠪᠠᠭᠰᠢ ᠪᠠᠨ ᠳᠤᠮᠳᠠᠭᠤᠷ ᠨᠢ ᠳᠡᠪᠠᠷᠢᠭᠦ ᠳᠤ ᠨᠢᠯᠪᠣᠰᠤ ᠮᠢᠨᠢ ᠦᠪᠡᠷ ᠤᠨ ᠡᠷᠭᠡ ᠦᠭᠡᠶ ᠬᠠᠮᠠᠷ ᠢ ᠬᠠᠪᠴᠢᠨ ᠣᠷᠤᠰᠤᠭᠰᠠᠨ ᠶ‍ᠦᠮ᠃ ᠡᠭᠦᠨ ᠡᠴᠠ ᠬᠣᠢ᠌ᠰᠢ ᠪᠢ ᠶᠠᠭᠠᠭᠢᠭᠰᠠᠨ ᠴᠤ ᠬᠦ᠊ ᠪᠠᠭᠰᠢ ᠶᠢᠨ ᠶᠢᠡᠨ ᠥᠭᠡ ᠶᠢ ᠰᠤᠨᠤᠰᠤᠨ᠎ᠠ ᠭᠡᠵᠤ ᠳᠤᠳᠤᠷ᠎ᠠ ᠪᠠᠨ ᠪᠣᠳᠤᠪᠠ᠃

ᠪᠠᠭᠰᠢ ᠮᠢᠨᠢ ︕ ᠪᠢ ᠳᠠᠨ ᠳᠤ ᠪᠠᠨ ᠳᠠᠯᠠᠷᠬᠠᠨ᠎ᠠ᠃

ᠪᠠᠭᠰᠢ ᠮᠢᠨᠢ ︕ ᠪᠢ ᠳᠠᠨ ᠢ ᠪᠠᠨ ᠭᠦᠡᠳᠦᠳᠭᠡᠨ᠎ᠡ᠃


ᠵᠢᠯᠤᠭᠤᠳᠤᠭᠰᠠᠨ ᠪᠠᠭᠰᠢ᠄ ᠳ᠋ᠠᠢ ᠰᠢᠶᠤᠤ


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠬᠠᠷᠠᠠᠤᠰᠤ ᠭᠤᠤᠯ ᠰᠤᠷᠭᠠᠭᠤᠯᠢ

ᠵᠤᠬᠢᠶᠠᠭᠴᠢ᠄ ᠣᠷᠠᠯᠢᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2391
ᠴᠠᠭ᠄ 2011 ᠤᠨ ᠤ 07 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ