ᠮᠥᠩᠭᠡ ᠶᠢᠨ ᠳᠠᠪᠢᠯᠠᠩ

ᠨᠠᠮᠢ᠋ᠢ ᠳᠠᠪᠠᠷᠢᠵᠤ ᠥᠰᠭᠡᠭᠦ

ᠡᠵᠢ ᠶᠢᠨ ᠪᠦᠪᠠᠢ

ᠨᠠᠷᠠ ᠪᠠᠨ ᠳᠤᠰᠴᠤ ᠭᠦᠶ‍ᠦᠭᠦ

ᠨᠠᠭᠠᠳᠤᠮ ᠤᠨ ᠣᠤᠬᠠᠢ


ᠰᠢᠮ᠎ᠠ ᠶᠢᠨ ᠷᠠᠰᠢᠶᠠᠨ ᠢᠪᠢᠯᠭᠦ

ᠬᠤᠷ᠎ᠠ ᠶᠢᠨ ᠰᠢᠪᠠᠷᠡᠭᠡ

ᠰᠢᠳᠢ ᠶᠢᠨ ᠨᠤᠮ ᠳᠡᠯᠭᠡᠷᠡᠭᠦ

ᠬᠤᠯᠠ ᠶᠢᠨ ᠣᠬᠠᠭ᠎ᠠ


ᠣᠳᠤᠮ ᠵᠠᠯᠭᠠᠵᠤ ᠰᠠᠭᠤᠬᠤ

ᠨᠤᠳᠤᠭ ᠠᠮᠢ

ᠣᠰᠤ ᠪᠠᠨ ᠳᠠᠭᠠᠵᠤ ᠵᠢᠷᠭᠠᠬᠤ

ᠠᠮᠢᠳᠤᠷᠠᠯ ᠬᠠᠢ᠌ᠷ᠎ᠠ


ᠰᠠᠨᠠᠭᠠᠨ ᠳᠤ ᠣᠶᠠᠬᠠᠨ ᠪᠠᠭᠤᠴᠠ

ᠰᠠᠷᠠᠨ ᠳᠤᠤᠯᠢ

ᠰᠠᠯᠤᠭᠠᠤᠨ ᠣᠳᠠᠬᠤ ᠬᠤᠷᠤᠮ

ᠰᠠᠢ᠌ᠬᠠᠨ ᠳᠤᠷᠠᠰᠤᠮᠵᠢ


ᠡᠷᠭᠦᠭᠡᠳ ᠥᠨᠦᠰᠭᠦ ᠦᠷ᠎ᠡ

ᠡᠭᠦᠷᠢᠳᠡ ᠶᠢᠨ ᠠᠮᠢ

ᠥᠪᠯᠡᠭᠡᠳ ᠥᠯᠡᠳᠡᠭᠦ ᠰᠤᠶᠤᠯ

ᠮᠥᠩᠭᠡ ᠶᠢᠨ ᠵᠠᠭᠢᠶ᠎ᠠ


ᠥᠳᠡᠭᠡᠳ ᠬᠤᠴᠤᠷᠬᠤ ᠡᠵᠢ

ᠰᠦᠨ ᠬᠤᠷᠸ᠎ᠠ

ᠡᠯᠭᠦᠭᠡᠳ ᠮᠤᠷᠳᠠᠬᠤ ᠵᠠᠮ

ᠦᠯᠵᠡᠢ ᠮᠦᠷ


ᠠᠭᠤᠵᠢᠮ ᠰᠡᠳᠭᠢᠯᠳᠤ ᠠᠪᠣ

ᠰᠦᠮᠪᠦᠷ ᠠᠭᠤᠯᠠ

ᠣᠴᠢᠷ ᠪᠢᠳᠡᠭᠦᠤ ᠰᠤᠷᠭᠠᠯ

ᠰᠥᠰᠦᠭ᠌ ᠪᠢᠰᠢᠷᠠᠯ


ᠨᠠᠰᠤ ᠪᠠᠨ ᠲᠦᠰᠢᠵᠤ ᠡᠯᠡᠭᠦ

ᠳᠠᠶᠠᠭ ᠤᠨ ᠵᠠᠶᠠᠭ᠎ᠠ

ᠨᠠᠷ᠎ᠠ ᠪᠠᠨ ᠮᠥᠩᠭᠡᠯᠡᠵᠤ ᠥᠯᠡᠳᠡᠭᠦ

ᠵᠠᠶᠠᠭ ᠤᠨ ᠰᠠᠭᠢᠶ᠎ᠠ᠃


ᠵᠤᠬᠢᠶᠠᠭᠴᠢ ᠶᠢᠨ ᠬᠠ‍‌ᠶᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠬᠠᠷᠢᠶ᠎ᠠ᠄ ᠰᠢᠯᠦᠭ
ᠳᠠᠷᠤᠮ᠄ 1896
ᠴᠠᠭ᠄ 2011 ᠤᠨ ᠤ 02 ᠰᠠᠷ᠎ᠠ ᠶᠢᠨ 07