ᠰᠢᠳᠤ ᠪᠠᠨ ᠬᠠᠪᠢᠷᠠᠭᠰᠠᠨ ᠡᠴᠡ ᠰᠡᠳᠦᠪᠯᠡᠭᠦ ᠨᠢ

ᠣᠷᠴᠢᠮ ᠳᠤ᠂ ᠪᠢ ᠶᠠᠭᠠᠭᠢᠭᠰᠠᠨ ᠢ ᠪᠣᠤ ᠮᠠᠳᠠ᠃ ᠦᠳᠡ ᠳᠤ ᠪᠣᠶᠤ ᠰᠦᠨᠢ (ᠣᠷᠤᠢ) ᠣᠠᠳᠠᠬᠤ ᠳᠠᠭᠠᠨ ᠳᠠᠩᠳᠠ ᠰᠢᠳᠤ ᠪᠠᠨ ᠬᠠᠪᠢᠷᠠᠭᠠᠤᠨ ᠯᠠ ᠪᠠᠢ᠌ᠨ᠎ᠠ᠃ ᠵᠠᠷᠢᠮ ᠦᠶ᠎ᠡ ᠳᠤ᠂ ᠣᠠᠳᠠᠵᠤ ᠵᠡᠭᠦᠷᠮᠡᠭᠯᠡᠵᠤ ᠪᠠᠢ᠌ᠭᠠᠤᠨ᠂ ᠦᠪᠡᠷ ᠤᠨ ᠰᠢᠳᠤ ᠬᠠᠪᠢᠷᠠᠬᠤ ᠳᠠᠭᠤᠨ ᠳᠠᠭᠠᠨ ᠦᠪᠡᠷ ᠲᠡᠭᠡᠨ ᠰᠤᠴᠢᠭᠠᠤᠨ ᠰᠡᠷᠢᠴᠢᠭᠡᠨ᠎ᠡ᠃ ᠡᠨᠡ ᠨᠢ ᠶᠠᠮᠠᠷ ᠰᠢᠯᠳᠠᠭᠠᠨ ᠡᠴᠡ ᠪᠣᠯᠤᠭᠰᠠᠨ ᠪᠣᠯ ᠳ᠋ᠠ ᠭᠡᠵᠤ ᠪᠢ ᠡᠮ ᠡᠮᠨᠡᠯᠭᠡ᠂ ᠡᠷᠡᠭᠦᠯ ᠮᠠᠠᠳᠤ ᠶᠢᠨ ᠬᠠᠮᠢᠶ᠎ᠠ ᠲᠡᠶ ᠨᠤᠮ ᠊᠊᠊᠊᠊᠊᠊᠊᠊᠊᠊᠊᠊᠊᠊ ᠮᠠᠲ᠋ᠷᠢᠶᠠᠯ ᠢ ᠡᠷᠭᠢᠭᠦᠯᠵᠤ ᠥᠵᠡᠭ᠍ᠰᠡᠨ ᠳᠤ᠂ 《ᠳᠤᠮᠤ ᠭᠦᠮᠤᠨ ᠰᠢᠳᠤ ᠪᠠᠨ ᠬᠠᠪᠢᠷᠠᠬᠤ ᠨᠢ ᠰᠡᠳᠭᠢᠴᠠ ᠶᠢᠨ ᠡᠷᠡᠭᠦᠯ ᠮᠠᠠᠳᠤ ᠲᠡᠶ ᠰᠢᠭᠤᠳ ᠬᠤᠯᠪᠣᠭᠳᠠᠯ ᠲᠡᠶ》 ᠭᠡᠵᠤ ᠳᠡᠮᠳᠡᠭᠯᠡᠵᠤ ᠪᠠᠢ᠌ᠯ᠎ᠠ᠃

ᠰᠤᠳᠤᠯᠭᠠᠳᠠᠤᠨ ᠡᠴᠡ᠂ ᠠᠮᠠᠨ ᠤ ᠭᠦᠡᠳᠡᠢ ᠶᠢᠨ ᠡᠮᠨᠡᠯᠭᠡ ᠳᠤ ᠠᠪᠴᠤ ᠭᠡᠯᠡᠪᠠᠯ᠂ ᠰᠢᠳᠤ ᠪᠠᠨ ᠬᠠᠪᠢᠷᠠᠬᠤ ᠨᠢ ᠳᠠᠢ᠌ᠮᠤ 《ᠳᠤᠮᠤ》 ᠭᠡᠮ᠂ 《ᠳᠤᠮᠤ》 ᠡᠮᠴᠢᠯᠭᠡ ᠪᠢᠰᠢ᠃ ᠰᠠᠳᠭᠢᠴᠠ ᠶᠢᠨ ᠰᠢᠯᠳᠠᠭᠠᠨ ᠡᠴᠡ ᠪᠣᠯᠵᠤ ᠰᠢᠳᠤ ᠪᠠᠨ ᠬᠠᠪᠢᠷᠠᠵᠤ ᠪᠠᠢ᠌ᠭ᠎ᠠ ᠪᠣᠯ ᠠᠰᠳᠠᠭᠠᠨ ᠣᠴᠢᠷ᠂ ᠠᠩᠬᠠᠷᠤᠭᠤᠰᠢᠳᠠᠢ ᠶᠠᠪᠣᠳᠠᠯ ᠪᠣᠯᠤᠨ᠎ᠠ ᠭᠡᠵᠤ ᠦᠵᠡᠵᠤ ᠪᠣᠢ᠃

ᠳᠠᠳᠠᠨ ᠤ ᠭᠡᠯᠡᠭᠦ ᠪᠠᠷ᠂ ᠭᠦᠮᠤᠨ ᠰᠠᠳᠭᠢᠴᠠ ᠶᠢᠨ ᠳᠠᠷᠤᠯᠳᠠ ᠲᠡᠶ ᠪᠣᠯᠵᠤ᠂ ᠡᠭᠦᠨ ᠡᠴᠡ ᠪᠠᠨ ᠵᠠᠢ᠌ᠳᠠᠶ᠎ᠠ᠂ ᠮᠤᠯᠳᠤᠷᠤᠶ᠎ᠠ ᠭᠡᠵᠤ ᠣᠷᠳᠤ ᠬᠤᠭᠤᠴᠠᠭ᠎ᠠ ᠪᠠᠷ᠂ ᠰᠠᠨᠠᠭᠠᠴᠢᠯᠭ᠎ᠠ ᠲᠡᠶ ᠪᠠᠷ ᠣᠷᠤᠯᠳᠤᠪᠠᠯ᠂ ᠵᠡᠭᠦᠳᠤ ᠪᠠᠷ ᠶᠢᠡᠨ ᠪᠣᠶᠤ ᠵᠡᠭᠦᠷᠮᠡᠭᠡᠯᠡᠭᠡ ᠪᠠᠷ ᠶᠢᠡᠨ ᠰᠢᠳᠤ ᠪᠠᠨ ᠬᠠᠪᠢᠷᠠᠨ᠎ᠠ᠂ ᠰᠢᠳᠤ ᠪᠠᠨ ᠬᠠᠪᠢᠷᠠᠬᠤ ᠪᠣᠯ ᠰᠠᠳᠭᠢᠴᠠ ᠶᠢᠨ ᠳᠠᠯ᠎ᠠ ᠶᠢᠨ ᠨᠢᠭᠡᠨ ᠵᠣᠢ᠌ᠯ ᠤᠨ ᠭᠡᠮ᠃ ᠠᠭᠤᠷ ᠣᠴᠠᠭᠠᠷ ᠪᠣᠶᠤ ᠵᠠᠨᠤᠯ ᠬᠤᠷᠤᠰᠤᠯ ᠶᠢᠡᠨ ᠪᠣᠰᠤᠳ ᠲᠤ ᠮᠡᠳᠡᠭ᠍ᠳᠡᠭᠦ ᠦᠭᠡᠶ ᠭᠡᠵᠤ ᠠᠯᠪᠠᠳᠠᠯᠭ᠎ᠠ ᠪᠠᠷ ᠨᠢᠭᠤᠨ ᠳᠠᠷᠤᠵᠤ ᠪᠠᠢ᠌ᠭ᠎ᠠ ᠪᠣᠶᠤ ᠦᠪᠡᠷ ᠤᠨ ᠪᠣᠳᠤᠯ ᠰᠠᠨᠠᠯ ᠶᠢᠡᠨ ᠶᠠᠷᠢᠵᠤ ᠢᠯᠡᠳᠭᠡᠭᠦ ᠭᠠᠵᠠᠷ ᠦᠭᠡᠶ ᠪᠣᠯᠵᠤ ᠪᠣᠭᠢᠨᠢᠳᠠᠵᠤ ᠪᠠᠴᠢᠮᠳᠠᠵᠤ ᠪᠠᠢ᠌ᠭ᠎ᠠ ᠶᠢᠨ ᠪᠣᠳᠠᠳᠤ ᠢᠯᠠᠷᠠᠯ ᠪᠣᠯᠤᠨ᠎ᠠ ᠭᠡᠨ᠎ᠡ᠁

ᠵᠠ᠃ ᠭᠡᠨ ᠮᠠᠳᠠᠯ᠎ᠠ᠃ ᠡᠨᠡ ᠴᠤ ᠨᠢᠭᠡ ᠣᠴᠢᠷ ᠪᠣᠯᠵᠤ ᠳ᠋ᠠ ︕ ᠪᠢ ᠦᠪᠡᠷ ᠶᠢᠡᠨ ᠶᠠᠮᠠᠷ ᠰᠠᠳᠭᠢᠴᠠ ᠶᠢᠨ ᠭᠡᠮ ᠲᠡᠶ ᠪᠠᠨ ᠦᠪᠡᠷ ᠶᠢᠡᠨ ᠮᠡᠳᠡᠭᠦ ᠦᠭᠡᠶ᠁ ᠡᠳᠦᠷᠵᠢᠨ ᠥᠭᠡᠷ᠎ᠡ ᠪᠣᠰᠤᠳ ᠲᠡᠶ ᠪᠢᠳᠡᠭᠡᠢ ᠯᠠ ᠦᠰᠢᠯᠳᠠᠶ᠎ᠠ᠂ ᠵᠦᠷᠢᠯᠳᠤᠶ᠎ᠠ  ᠦᠰ ᠬᠤᠷᠤᠰᠤᠯ ᠪᠣᠯ ᠯᠠ ᠳᠠᠯᠪᠢᠶ᠎ᠠ᠃ ᠦᠪᠡᠷ ᠤᠨ ᠭᠢᠭᠦ ᠴᠢᠬᠤᠯᠠ ᠲᠡᠶ ᠠᠵᠢᠯ ᠶᠢᠡᠨ ᠦᠪᠡᠷ ᠶᠢᠡᠨ ᠭᠢᠴᠢᠭᠡᠭᠡᠳ᠂ ᠥᠭᠡᠷ᠎ᠡ ᠴᠠᠭ ᠶᠢᠡᠷ ᠨᠢ ᠦᠷᠦᠭᠡᠯ ᠪᠣᠰᠤᠳ ᠢ ᠳᠠᠮᠵᠢᠵᠤ ᠳᠤᠰᠠᠯᠠᠵᠤ ᠶᠠᠪᠣᠶ᠎ᠠ ᠭᠡᠵᠤ ᠯᠠ ᠪᠣᠳᠤᠳᠠᠭ᠃ ᠡᠨᠡ ᠪᠣᠳᠤᠯ ᠮᠢᠨᠢ ᠡᠳᠦᠷ ᠤᠨ ᠶᠠᠪᠣᠭᠠᠨ ᠳᠠᠭᠠᠨ ᠦᠴᠦᠭᠡᠨ ᠨᠠᠳᠠ ᠳᠠᠭᠠᠨ ᠰᠠᠳᠭᠢᠴᠠ ᠶᠢᠨ 《ᠳᠠᠷᠤᠴᠠ》 《ᠭᠡᠮ》 ᠪᠣᠯᠴᠢᠬᠠᠯ᠎ᠠ ᠭᠡᠵᠤ ᠦᠦ ⁈᠁ ᠭᠡᠯᠡᠭᠦ ᠶᠢᠨ ᠠᠷᠭ᠎ᠠ ᠦᠭᠡᠶ᠃ ᠡᠨᠡ ᠨᠡᠢ᠌ᠭᠡᠮ ᠤᠨ ᠡᠢ᠌ᠮᠤ ᠪᠣᠳᠠᠯᠢᠶᠠᠠᠳᠤ ᠣᠷᠴᠢᠨ ᠳᠤ᠁

ᠣᠠᠳᠤᠤ ᠶᠠᠭᠤ ᠶᠠᠷᠢᠵᠤ ᠪᠠᠢ᠌ᠭ᠎ᠠ ᠪᠣᠯ ᠭᠡᠵᠤ ᠣᠭᠴᠠᠯᠠᠵᠤ ᠵᠠᠯᠭᠠᠨ ᠨᠢᠭᠳᠠᠯᠠᠭᠰᠠᠨ ᠳᠤ᠂ ᠰᠢᠳᠤ ᠪᠠᠨ ᠬᠠᠪᠢᠷᠠᠬᠤ ᠪᠣᠯ ᠰᠠᠳᠭᠢᠴᠠ ᠶᠢᠨ ᠭᠡᠮ ᠰᠢᠷᠬᠠᠯᠠᠯ᠂ ᠣᠶᠤᠨ ᠮᠠᠳᠠᠷᠠᠯ ᠤᠨ ᠶᠠᠮᠠᠷ ᠪᠣᠯᠵᠤ ᠪᠠᠢ᠌ᠭ᠎ᠠ ᠶᠢ ᠭᠡᠯᠡᠵᠤ ᠪᠠᠢ᠌ᠭ᠎ᠠ ᠰᠤᠷᠠᠭ᠂ ᠳᠤᠭᠢᠶ᠎ᠠ᠃ ᠠᠭᠤᠷᠯᠠᠬᠤ᠂ ᠪᠢᠴᠢᠮᠳᠠᠬᠤ᠂ ᠪᠣᠭᠢᠨᠢᠳᠠᠬᠤ᠂ ᠭᠤᠨᠢᠭᠯᠠᠬᠤ ᠦᠶ᠎ᠡ ᠳᠤ ᠢᠯᠡᠷᠡᠳᠡᠭ᠌ ᠣᠠᠴᠠᠭᠠᠢ ᠥᠵᠡᠭ᠍ᠳᠡᠯ᠂ ᠢᠯᠠᠷᠠᠯ ᠭᠡᠵᠤ ᠶᠠᠷᠢᠵᠤ ᠪᠠᠢ᠌ᠯ᠎ᠠ᠃

ᠰᠢᠳᠤ ᠪᠠᠨ ᠬᠠᠪᠢᠷᠠᠬᠤ ᠨᠢ ᠡᠢ᠌ᠮᠤ 《ᠠᠶᠤᠮᠰᠢᠭᠳᠠᠢ》 《ᠰᠦᠷᠡᠭᠡᠢ》 ᠶᠤᠮ ᠪᠠᠢ᠌ᠨ᠎ᠠ᠃ ᠪᠢᠳᠠ ᠤ ᠡᠩ ᠤᠨ ᠣᠢ᠌ᠯᠭᠠᠯᠳᠠ ᠳ᠋ᠠᠭᠢ ᠰᠢᠭ᠌ ᠡᠩ ᠤᠨ ᠣᠴᠢᠷ᠂ ᠡᠩ ᠤᠨ ᠶᠠᠪᠣᠳᠠᠯ ᠪᠢᠰᠢ ᠶᠤᠮ ᠪᠠᠢ᠌ᠨ᠎ᠠ᠃

ᠰᠢᠳᠤ ᠪᠠᠨ ᠬᠠᠪᠢᠷᠠᠬᠤ ᠶᠢ ᠣᠮᠳᠠᠭᠠᠢ᠌ᠯᠠᠵᠤ ᠪᠣᠯᠬᠤ ᠦᠭᠡᠶ᠂ ᠭᠦᠡᠳᠦᠳᠭᠡᠵᠤ ᠥᠵᠡᠭᠦᠰᠢᠳᠡᠢ ᠭᠡᠵᠤ ᠭᠦᠮᠤᠨ ᠠᠷᠠᠤᠨ ᠲᠠᠭᠠᠨ ᠪᠢ ᠰᠠᠨᠠᠭᠤᠯᠤᠶ᠎ᠠ ︕

ᠬᠠᠶᠠ ᠳᠠᠭᠠᠨ ᠰᠢᠳᠤ ᠪᠠᠨ ᠬᠠᠪᠢᠷᠠᠬᠤ ᠨᠢ ᠳᠠᠢ᠌ᠮᠤ 《ᠠᠶᠤᠯ》 ᠲᠡᠶ 《ᠠᠶᠤᠮᠰᠢᠭ》 ᠲᠡᠶ ᠪᠢᠰᠢ ᠪᠠᠢ᠌ᠵᠤ ᠮᠠᠳᠠᠨ᠎ᠠ᠃ ᠬᠠᠷᠢᠨ ᠣᠷᠳᠤ ᠬᠤᠭᠤᠴᠠᠭ᠎ᠠ ᠪᠠᠷ ᠰᠢᠳᠤ ᠪᠠᠨ ᠬᠠᠪᠢᠷᠠᠭᠠᠤᠨ ᠪᠠᠢ᠌ᠪᠠᠯ᠂ ᠣᠷᠰᠢᠭ ᠲᠡᠶ ᠣᠴᠢᠷ ᠶᠠᠷᠰᠢᠭ ᠶᠠᠪᠣᠳᠠᠯ ᠪᠣᠯᠵᠤ ᠮᠡᠳᠡᠭᠦ ᠪᠠᠢ᠌ᠬ᠎ᠠ᠃ ᠪᠠᠶ᠎ᠠ ᠮᠠᠬᠠᠪᠣᠤᠨ ᠲᠤ ᠴᠢᠨᠢ ᠣᠠᠴᠠᠭᠠᠢ ᠭᠡᠮ ᠰᠢᠷᠬᠠᠯᠠᠯ ᠭᠠᠷᠤᠭᠰᠠᠨ ᠦᠭᠡᠶ ᠪᠣᠯ ᠪᠢᠯᠢᠭ᠌ ᠰᠠᠳᠭᠢᠴᠠ ᠳᠤ ᠴᠢᠨᠢ ᠭᠡᠮ ᠰᠢᠷᠬᠠᠯᠠᠯ ᠭᠠᠷᠴᠤ ᠪᠠᠢ᠌ᠭ᠎ᠠ ᠶᠢᠨ ᠪᠣᠳᠠᠳᠤ ᠢᠯᠠᠷᠠᠯ ᠪᠣᠯᠬᠤ ᠪᠠᠢ᠌ᠬ᠎ᠠ ︕

ᠰᠢᠳᠤ ᠪᠠᠨ ᠬᠠᠪᠢᠷᠠᠭᠠᠤᠨ ᠪᠠᠢ᠌ᠪᠠᠯ᠂ ᠪᠣᠰᠢᠭᠤᠬᠠᠨ ᠡᠮᠨᠡᠯᠭᠡ ᠳᠤ ᠣᠴᠢᠵᠤ ᠥᠵᠡᠭᠦᠯ ︕ ᠡᠮᠴᠢᠯᠭᠡ ᠳᠤᠮᠨᠤᠯᠭ᠎ᠠ ᠳᠠᠯᠪᠢ ︕ ᠰᠠᠳᠭᠢᠴᠠ ᠶᠢᠨ ᠰᠡᠯᠪᠢᠯᠭᠡ ᠵᠠᠰᠠᠯᠭ᠎ᠠ ᠭᠢᠯᠭᠡ ᠭᠡᠵᠤ ᠡᠴᠦᠰ ᠲᠤ ᠨᠢ ᠭᠡᠯᠡᠶ᠎ᠡ ︕ ᠡᠷᠳᠡᠭᠡᠨ 《ᠡᠮᠨᠡᠵᠤ》 ᠵᠠᠰᠠᠬᠤ ᠦᠭᠡᠶ ᠪᠣᠯ ᠡᠨᠡ ᠶᠠᠭᠤᠮ᠎ᠠ ᠥᠨᠡᠭᠡᠷ ᠭᠡᠷᠡᠭ᠌ 《ᠳᠠᠳᠠᠵᠤ》 ᠮᠠᠳᠠᠨ᠎ᠠ ᠭᠡᠵᠤ ᠭᠡᠵᠤ ᠡᠷᠭᠢᠭᠡᠳ ᠳᠡᠭᠡᠷ᠎ᠡ ᠨᠢ ᠨᠠᠮᠠᠵᠤ ᠵᠠᠭᠢᠶ᠎ᠠ ︕


2010.12.29 ᠊ᠤ ᠦᠳᠡᠰᠢ᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 6406
ᠴᠠᠭ᠄ 2011 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ