ᠮᠢᠨᠤ ᠡᠪᠦᠭᠡ

ᠮᠢᠨᠤ ᠡᠪᠦᠭᠡ ᠪᠣᠯ ᠳᠠᠷᠢᠭᠢ ᠳᠤᠯᠤᠭᠠᠢ ᠬᠤᠷᠴᠠ ᠰᠡᠷᠭᠡᠭ᠌ ᠨᠢᠭᠡᠨ ᠳᠠᠷᠢᠶᠠᠴᠢᠨ ᠡᠪᠦᠭᠡᠨ ᠶᠤᠮ᠃   ᠲ᠋ᠠᠷᠠ ᠨᠢᠭᠡ ᠨᠠᠰᠤᠨ ᠳᠤ ᠪᠠᠨ ᠳᠠᠷᠢᠶ᠎ᠠ ᠳᠠᠷᠢᠵᠤ ᠶᠠᠪᠣᠵᠠᠢ᠃ ᠡᠪᠦᠭᠡ ᠮᠢᠨᠢ ᠭᠡᠳᠥᠢᠪᠠᠷ ᠦᠨᠳᠦᠷ ᠭᠡᠮᠵᠢᠶᠡᠨ ᠤ ᠰᠤᠶᠤᠯ ᠮᠡᠳᠡᠯᠭᠡ ᠦᠭᠡᠶ ᠪᠣᠯᠪᠠᠴᠤ ᠳᠠᠷᠢᠶᠠᠨ ᠠᠵᠢᠯ ᠤᠨ ᠳᠤᠬᠠᠢ ᠣᠯᠠᠨ ᠶᠠᠭᠤᠮ᠎ᠠ ᠮᠡᠳᠡᠳᠡᠭ᠌᠃

ᠮᠢᠨᠤ ᠡᠪᠦᠭᠡ ᠴᠢᠩᠭ᠎ᠠ ᠳᠦᠪᠯᠡᠭᠦᠨ ᠴᠢᠷᠠᠢ ᠲᠡᠶ᠂ ᠳᠠᠷᠤᠤ ᠨᠤᠮᠤᠬᠠᠨ ᠵᠠᠩ ᠲᠡᠶ᠂ ᠨᠢᠭᠡ ᠨᠠᠰᠤᠨ ᠳᠤ ᠪᠠᠨ ᠪᠣᠰᠤᠳ ᠲᠤ ᠣᠰᠤᠯᠳᠠᠵᠤ ᠥᠩᠭᠡᠷᠡᠭ᠍ᠰᠡᠨ ᠦᠭᠡᠶ ᠮᠦᠷᠳᠡᠭᠡᠨ ᠦᠷ᠎ᠡ ᠬᠣᠢ᠌ᠴᠢ ᠪᠣᠯᠤᠭᠰᠠᠨ ᠨᠠᠮ᠎ᠠ ᠳᠤ ᠪᠠᠨ᠄ 《ᠣᠮᠪᠣᠯᠤ ᠮᠢᠨᠢ ︕ ᠦᠨᠡᠠᠴᠢ ᠭᠦᠮᠤᠨ ᠪᠣᠯᠤᠨ ᠰᠠᠢ᠌ᠨ ᠠᠵᠢᠯᠯᠠᠭ᠎ᠠ ᠭᠢᠵᠤ᠂ ᠶᠤᠰᠤ ᠨᠤᠮ ᠲᠡᠶ ᠶᠠᠪᠣ ︕》 ᠭᠡᠵᠤ ᠴᠠᠭ ᠦᠷᠭᠦᠯᠵᠢ ᠰᠤᠷᠭᠠᠵᠤ ᠭᠡᠯᠡᠳᠡᠭ᠌᠃

ᠡᠪᠦᠭᠡ ᠳᠤ ᠪᠠᠨ ᠪᠢ ᠵᠠᠷᠢᠮ ᠳᠤ ᠪᠠᠨ ᠡᠯᠵᠢᠭᠡᠨ ᠠᠭᠠᠰᠢ ᠪᠠᠨ ᠭᠠᠷᠭᠠᠳᠠᠭ ᠪᠠᠢ᠌ᠭᠰᠠᠨ ᠶᠢᠡᠨ ᠪᠣᠳᠤᠪᠠᠯ ᠦᠪᠡᠷ ᠤᠨ ᠡᠷᠭᠡ ᠦᠭᠡᠶ ᠭᠡᠮᠰᠢᠳᠡᠭ᠌ ᠶᠤᠮ᠃ ᠡᠪᠦᠭᠡ ᠮᠢᠨᠢ ᠪᠣᠰᠤᠳ ᠤᠨ ᠪᠠᠯᠡᠭᠯᠡᠭ᠍ᠰᠡᠨ ᠪᠣᠤᠪᠣ ᠪᠣᠭᠤᠷᠰᠤᠭ ᠶᠢᠡᠨ ᠨᠠᠳᠠ ᠶᠢ ᠢᠳᠠ ᠭᠡᠵᠤ ᠥᠭ᠍ᠳᠡᠭ᠌ ᠶᠤᠮ᠃ ᠪᠢ ᠵᠠᠷᠢᠮ ᠳᠤ ᠪᠠᠨ ᠰᠤᠷᠭᠠᠭᠤᠯᠢ ᠡᠴᠠ ᠪᠠᠨ ᠪᠣᠭᠤᠷᠰᠤᠭ ᠬᠤᠳᠠᠯᠳᠤᠨ ᠠᠪᠣᠭᠠᠤᠨ ᠡᠪᠦᠭᠡ ᠳᠤ ᠥᠭ᠍ᠴᠤ ᠢᠳᠡᠭᠦᠯᠭᠦ ᠭᠡᠭᠦ ᠳᠤ ᠡᠪᠦᠭᠡ ᠮᠢᠨᠢ ᠢᠳᠡᠭᠦ ᠦᠭᠡᠶ᠂ ᠮᠢᠨᠤ ᠣᠮᠪᠣᠯᠤ ᠦᠪᠡᠷ ᠶᠢᠡᠨ ᠢᠳᠠ ᠭᠡᠵᠤ ᠭᠡᠯᠡᠳᠡᠭ᠌᠃

ᠪᠢ ᠳᠤᠯᠤᠭᠠᠨ ᠨᠠᠰᠤ ᠭᠦᠷᠴᠤ ᠰᠤᠷᠭᠠᠭᠤᠯᠢ ᠳᠤ ᠣᠷᠤᠭᠰᠠᠨ ᠳᠤ ᠡᠪᠦᠭᠡ ᠦᠷᠭᠦᠯᠵᠢ ᠨᠠᠳᠠ ᠳᠤ᠄ 《ᠪᠢᠴᠢᠭ᠌ ᠡᠷᠳᠡᠮ ᠶᠢᠡᠨ ᠰᠠᠢ᠌ᠨ ᠰᠤᠷ ︕ ᠢᠷᠡᠭᠡᠳᠦᠢ ᠳᠤ ᠨᠡᠢ᠌ᠭᠡᠮ ᠳᠤ ᠳᠤᠰᠠ ᠲᠡᠶ ᠭᠦᠮᠤᠨ ᠪᠣᠯᠤᠨ᠎ᠠ ᠰᠢᠤ ︕》 ᠭᠡᠵᠤ ᠰᠤᠷᠭᠠᠳᠠᠭ᠃ ᠡᠳᠡᠭᠡᠷ ᠰᠤᠷᠭᠠᠯ ᠤᠨ ᠥᠭᠡ ᠶᠢ ᠨᠢ ᠪᠢ ᠣᠳᠤ ᠪᠣᠯᠳᠠᠯ᠎ᠠ ᠴᠡᠭᠡᠵᠢᠯᠡᠭ᠍ᠰᠡᠭᠡᠷ ᠪᠠᠢ᠌ᠨ᠎ᠠ᠃ ᠭᠡᠳᠡᠯ᠎ᠡ ᠬᠠᠷᠠᠮᠰᠠᠯᠳᠠᠢ ᠨᠢ ᠡᠪᠦᠭᠡ ᠮᠢᠨᠢ ᠨᠠᠰᠤ ᠪᠠᠷᠠᠭᠠᠤᠨ ᠨᠢᠭᠡᠨᠲᠡ ᠳᠦᠷᠪᠠᠨ ᠰᠠᠷ᠎ᠠ ᠪᠣᠯᠴᠢᠬᠠᠯ᠎ᠠ᠃ ᠭᠡᠪᠠᠴᠤ ᠪᠢ ᠪᠢᠴᠢᠭ᠌ ᠤᠨ ᠪᠣᠭᠴᠤ ᠪᠠᠨ ᠮᠦᠷᠤᠪᠴᠢᠯᠠᠨ ᠰᠤᠷᠭᠠᠭᠤᠯᠢ ᠳᠤ ᠪᠠᠨ ᠢᠷᠠᠵᠤ ᠬᠠᠮᠳᠤ ᠨᠥᠭᠦᠤᠨ ᠲᠡᠶ ᠪᠠᠨ ᠵᠤᠯ ᠵᠢᠷᠭᠠᠯᠳᠠᠢ ᠰᠤᠷᠤᠯᠴᠠᠵᠤ ᠰᠠᠭᠤᠬᠤ ᠪᠣᠯᠭᠠᠨ ᠡᠪᠦᠭᠡ ᠶᠢᠨ ᠶᠢᠡᠨ 《ᠴᠢᠷᠮᠠᠢ᠌ᠨ ᠰᠤᠷᠤᠯᠴᠠᠬᠤ ᠭᠡᠷᠡᠭ᠍ᠳᠡᠢ》 ᠭᠡᠳᠡᠭ᠌ ᠰᠤᠷᠭᠠᠯ ᠥᠭᠡ ᠶᠢ ᠨᠢ ᠰᠠᠨᠠᠵᠤ ᠣᠯᠳᠠᠭ᠃

ᠡᠪᠦᠭᠡ ᠮᠢᠨᠢ ︕ ᠶ‍ᠢᠰᠤᠨ ᠪᠣᠯᠠᠭ ᠤᠨ ᠳᠤᠤᠷ᠎ᠠ ᠰᠠᠨᠠᠭ᠎ᠠ ᠠᠮᠤᠷ ᠨᠣᠢ᠌ᠷᠰᠤᠭᠠᠷᠠᠢ ︕ ᠡᠭᠦᠨ ᠡᠴᠠ ᠬᠣᠢ᠌ᠰᠢ ᠣᠮᠪᠣᠯᠤ ᠴᠢᠨᠢ ᠴᠠᠭ ᠮᠦᠴᠡ ᠶᠢ ᠨᠠᠠᠳᠢᠩᠨᠠᠨ ᠴᠢᠷᠮᠠᠢ᠌ᠨ ᠰᠤᠷᠤᠯᠴᠠᠵᠤ ᠲ᠋ᠠᠨ ᠤ ᠪᠠᠨ ᠭᠦᠰᠡᠯ ᠨᠠᠢ᠌ᠳᠠᠯᠭ᠎ᠠ ᠶᠢ ᠯᠠᠪ ᠪᠠᠶᠡᠯᠡᠭᠦᠯᠤᠨ᠎ᠡ᠃


                            ᠵᠢᠯᠤᠭᠤᠳᠤᠭᠰᠠᠨ ᠪᠠᠭᠰᠢ᠄   ᠳ᠋ᠠᠢ ᠰᠢᠶᠤᠤ


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠬᠠᠷᠠᠠᠤᠰᠤ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠮᠸᠢ ᠯᠢᠩ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2024
ᠴᠠᠭ᠄ 2011 ᠤᠨ ᠤ 06 ᠰᠠᠷ᠎ᠠ ᠶᠢᠨ 17