ᠶᠡᠭᠡ ᠮᠤᠩᠭ᠋ᠤᠯ ᠤᠨ ᠳᠠᠯ᠎ᠠ

ᠶ‍ᠢᠰᠦᠭᠡᠢ ᠶᠢᠨ ᠭᠦᠪᠠᠭᠦᠤᠨ ᠢ

ᠠᠭᠠᠭᠰᠢᠭᠤᠯᠤᠨ ᠳᠡᠵᠢᠭᠡᠭ᠍ᠰᠡᠨ

ᠶᠡᠭᠡ ᠮᠤᠩᠭ᠋ᠤᠯ ᠤᠨ ᠳᠠᠯ᠎ᠠ᠂

ᠶ‍ᠢᠰᠤᠨ ᠵᠠᠭᠤᠨ ᠶᠢᠡᠷ

ᠮᠤᠩᠭ᠋ᠤᠯᠴᠤᠳ ᠶᠢᠡᠨ ᠪᠦᠪᠠᠢ᠌ᠯᠡᠭ᠍ᠰᠡᠨ

ᠮᠢᠨᠤ ᠮᠤᠩᠭ᠋ᠤᠯ ᠤᠨ ᠳᠠᠯ᠎ᠠ᠃

ᠳᠡᠭ᠍ᠷᠢ ᠶᠢᠨ ᠪᠣᠱᠤᠭ᠎ᠠ ᠪᠠᠷ

ᠳᠠᠯᠠᠵᠤ ᠶᠠᠪᠣᠭᠰᠠᠨ

ᠳᠡᠦᠭᠡ ᠶᠢᠨ ᠪᠣᠷᠤ ᠳᠠᠯ᠎ᠠ

ᠳᠡᠦᠭᠡᠨ ᠡᠮᠭᠡᠨᠢᠯ ᠶᠢᠡᠷ

ᠳᠠᠰᠤᠷᠠᠵᠤ ᠢᠷᠡᠭ᠍ᠰᠡᠨ

ᠮᠢᠨᠤ ᠮᠤᠩᠭ᠋ᠤᠯ ᠤᠨ ᠳᠠᠯ᠎ᠠ᠃

ᠠᠭᠳᠠ ᠶᠢᠨ ᠳᠤᠭᠤᠷᠠᠢ ᠳᠠᠭᠠᠵᠤ

ᠭᠢᠯᠢ ᠳᠠᠪᠠᠷᠠᠭᠰᠠᠨ

ᠣᠮᠤᠭ ᠤᠨ ᠭᠦᠭᠡ ᠳᠠᠯ᠎ᠠ᠂

ᠠᠠᠵᠢᠰᠤᠨ ᠬᠤᠰᠢᠭᠤᠨ ᠳᠤ ᠰᠡ᠊ᠨᠳᠡᠯᠡᠭ᠍ᠳᠡᠵᠤ

ᠭᠢᠯᠢᠩ ᠳᠡᠭᠡᠨ ᠪᠦᠭᠦᠭ᠍ᠰᠡᠨ

ᠮᠢᠨᠤ ᠮᠤᠩᠭ᠋ᠤᠯ ᠤᠨ ᠳᠠᠯ᠎ᠠ᠃

ᠰᠥᠷᠦᠭ᠌ ᠤᠨ ᠳᠡᠩᠭᠡᠭᠡ ᠪᠠᠷ

ᠪᠠᠶᠠᠨ ᠶᠠᠪᠣᠭᠰᠠᠨ

ᠳᠤᠮᠤᠭ ᠤᠨ ᠰᠢᠷ᠎ᠠ ᠳᠠᠯ᠎ᠠ᠂

ᠰᠥᠵᠢᠭ᠌ ᠤᠨ ᠣᠷᠰᠢᠭ ᠶᠢᠡᠷ

ᠶᠠᠳᠠᠭᠤᠷᠠᠵᠤ ᠢᠷᠡᠭ᠍ᠰᠡᠨ

ᠮᠢᠨᠤ ᠮᠤᠩᠭ᠋ᠤᠯ ᠤᠨ ᠳᠠᠯ᠎ᠠ᠃

ᠨᠤᠮᠯᠠᠵᠤ ᠰᠠᠭᠤᠭᠰᠠᠭᠠᠷ

ᠰᠦᠰᠦ ᠪᠠᠨ ᠠᠯᠳᠠᠭᠰᠠᠨ

ᠥᠯᠢᠭᠡᠷ ᠤᠨ ᠦᠨᠡᠨ ᠳᠠᠯ᠎ᠠ᠂

ᠨᠤᠮᠬᠠᠷᠠᠵᠤ ᠰᠠᠭᠤᠭᠰᠠᠭᠠᠷ

ᠭᠠᠵᠠᠷ ᠶᠢᠡᠨ ᠠᠯᠳᠠᠭᠰᠠᠨ

ᠮᠢᠨᠤ ᠮᠤᠩᠭ᠋ᠤᠯ ᠤᠨ ᠳᠠᠯ᠎ᠠ᠃

ᠡᠳ᠋ ᠡᠷᠭᠡᠨ ᠳᠤ

ᠨᠢᠮᠭᠡᠷᠡᠵᠤ ᠢᠷᠡᠭ᠍ᠰᠡᠨ

ᠳᠤᠷᠭᠠᠨ ᠨᠤᠭᠤᠭᠠᠨ ᠳᠠᠯ᠎ᠠ᠂

ᠡᠵᠡᠨ ᠨᠢ ᠪᠣᠯᠤᠭᠰᠠᠨ

ᠮᠠᠯᠴᠢᠳ ᠶᠢᠡᠨ ᠶᠠᠳᠠᠷᠠᠭᠤᠯᠤᠭᠰᠠᠨ

ᠭᠦᠭᠡᠷᠦᠭᠦᠢ ᠮᠤᠩᠭ᠋ᠤᠯ ᠤᠨ ᠳᠠᠯ᠎ᠠ ᠡ︕


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠬᠠᠷᠢᠶ᠎ᠠ᠄ ᠰᠢᠯᠦᠭ
ᠳᠠᠷᠤᠮ᠄ 2005
ᠴᠠᠭ᠄ 2009 ᠤᠨ ᠤ 12 ᠰᠠᠷ᠎ᠠ ᠶᠢᠨ 05