ᠠᠷᠪᠠᠨ ᠵᠢᠷᠭᠤᠭᠠᠨ ᠤ ᠰᠠᠷᠠᠨ ᠠᠶᠠᠯᠭᠤ

ᠲ᠋ᠡᠷᠭᠡᠯ ᠳᠡᠭᠦᠰ ᠤᠨ ᠳᠤᠬᠠᠢ ᠳᠠᠨᠢᠮᠠᠷᠬᠠᠨ ᠮᠠᠳᠠᠷᠠᠮᠵᠢ ᠊᠊᠊᠊᠊᠊᠊᠊᠊᠊᠊᠊᠊᠊᠊ ᠠᠷᠪᠠᠨ ᠵᠢᠷᠭᠤᠭᠠᠨ ᠳᠤ ᠰᠠᠷᠠᠨ ᠤ ᠭᠦᠷᠢᠶ᠎ᠡ᠂ ᠬᠠᠰ ᠳᠠᠤᠯᠠᠢ ᠬᠤᠮᠤᠷᠭᠠᠯᠠᠵᠤ᠂ ᠽᠠᠠᠳᠠᠨ ᠮᠤᠳᠤ᠂ ᠰᠠᠷᠠᠨ ᠳᠠᠭᠢᠨᠢ ᠲᠡᠶ ᠪᠠᠨ ᠳᠡᠭ᠍ᠷᠢ ᠳᠡᠭᠡᠨ ᠮᠠᠠᠳᠤᠨ᠎ᠠ᠂ ᠳᠠᠯ᠎ᠠ ᠳᠠᠭᠠᠨ ᠪᠠᠭᠤᠨ᠎ᠠ᠂ ᠳᠡᠷᠦᠭᠡᠨ ᠡᠳᠦᠷ ᠤᠳ ᠤᠨ ᠳᠤᠷᠠᠯᠠᠯ ᠳᠤ ᠴᠡᠴᠡᠭᠯᠡᠨ᠎ᠡ᠃

ᠶᠠᠪᠣᠭᠰᠠᠨ ᠭᠦᠮᠤᠨ᠂ ᠥᠩᠭᠡᠷᠡᠭ᠍ᠰᠡᠨ ᠣᠴᠢᠷ ᠁   ᠶᠠᠪᠣᠴᠠ ᠪᠣᠯᠭᠠᠨ ᠤ ᠳᠠᠷᠠᠭᠠᠴᠢ ᠠᠯᠬᠤᠮ ᠳᠤ ᠶᠠᠯᠢᠩ ᠮᠦᠩᠭᠦᠨ ᠰᠠᠷᠠᠨ ᠤ ᠪᠦᠳᠤᠨ ᠵᠢᠰᠤ ᠪᠠᠷ᠃ ᠶᠤᠰᠤ ᠊᠊᠊᠊᠊᠊᠊᠊᠊᠊᠊᠊᠊᠊᠊ ᠶᠤᠤᠯᠬᠤ ᠦᠭᠡᠶ ᠣᠷᠭᠤᠨ᠎ᠠ᠃ ᠠᠷᠪᠠᠨ ᠵᠢᠷᠭᠤᠭᠠᠨ ᠢ ᠭᠦᠯᠢᠶᠡᠵᠤ ᠰᠢᠨ᠎ᠡ ᠶᠢᠨ ᠨᠢᠭᠡᠨ ᠡᠴᠠ ᠠᠷᠪᠠᠨ ᠳᠠᠪᠤᠨ ᠪᠣᠯᠳᠠᠯ᠎ᠠ ᠠᠮᠢᠰᠬᠤᠯ ᠶᠢᠡᠨ ᠬᠤᠷᠢᠵᠤ᠂ ᠠᠭᠠᠷ ᠶᠢᠡᠨ ᠭᠠᠮᠨᠠᠵᠤ᠂ ᠠᠳᠠᠯ ᠭᠢᠳᠠᠯ ᠥᠭᠡᠢ᠌ᠳᠡᠵᠤ ᠪᠢ ᠰᠠᠭᠤᠬᠤ ᠦᠭᠡᠶ ᠬᠠᠷᠢᠨ ᠰᠠᠷᠠᠨ ᠤ ᠰᠠᠢ᠌ᠬᠠᠨ ᠵᠢᠰᠤ ᠶᠢ ᠡᠭᠦᠯᠡ ᠦᠭᠡᠶ ᠪᠠᠷ ᠵᠡᠭᠦᠳᠦᠯᠡᠵᠤ᠂ ᠰᠠᠯᠭᠢ ᠦᠭᠡᠶ ᠪᠠᠷ ᠵᠢᠷᠤᠵᠤ ᠶᠠᠪ ᠶᠠᠭᠠᠷᠠᠤ ᠥᠩᠭᠡᠷᠡᠭᠦᠯᠤᠨ᠎ᠡ᠃

ᠶᠠᠪᠣᠳᠠᠭ ᠨᠢ ᠰᠢᠯᠤᠭᠤᠨ ᠪᠣᠯ ᠢᠷᠡᠳᠡᠭ᠌ ᠨᠢ ᠳᠡᠷᠭᠡᠯ᠃

ᠰᠠᠷ᠎ᠠ ᠰᠢᠨ᠎ᠡ ᠬᠠᠭᠤᠴᠢᠷᠠᠵᠤ᠂ ᠠᠵᠢᠯ ᠠᠯᠪᠠ ᠰᠢᠨ᠎ᠡ ᠶᠢᠡᠨ ᠡᠭᠢᠯᠡᠨ᠎ᠡ᠃

ᠠᠶᠠᠠᠴᠢᠳ ᠤᠨ ᠮᠠᠰᠢᠨ ᠭᠡᠪᠠᠯᠢ ᠳᠦᠭᠦᠷᠡᠩ᠂ ᠠᠷᠪᠠᠨ ᠵᠥᠭ᠌ ᠲᠤ ᠵᠢᠷᠢᠯᠵᠠᠨ ᠳᠠᠪᠭᠢᠨ᠎ᠠ᠂ ᠠᠢ᠌ᠯ ᠤᠨ ᠬᠡᠦᠭᠡᠳ ᠪᠣᠭᠴᠤ ᠳᠦᠭᠦᠷᠡᠩ ᠰᠤᠷᠭᠠᠭᠤᠯᠢ ᠳᠠᠭᠠᠨ ᠶᠠᠪᠣᠨ᠎ᠠ᠃ ᠪᠢᠳᠡᠭᠦᠷᠡᠵᠤ ᠭᠦᠯᠳᠡᠭ᠍ᠰᠡᠨ ᠨᠠᠭᠤᠷ ᠣᠰᠤᠨ᠂ ᠰᠢᠪᠠᠭᠤᠳ ᠤᠨ ᠳᠠᠭᠤᠨ ᠶᠢᠡᠷ ᠭᠦᠪᠠᠭᠡ ᠡᠴᠠ ᠪᠠᠨ ᠣᠶᠠᠷᠠᠵᠤ ᠬᠠᠢ᠌ᠯᠤᠨ᠎ᠠ ᠁

ᠵᠢᠯ ᠤᠨ ᠠᠵᠢᠯ ᠬᠠᠪᠣᠷ ᠲᠠᠭᠠᠨ᠂ ᠵᠢᠷᠭᠠᠯ ᠤᠨ ᠦᠨᠳᠦᠰᠦ ᠭᠦᠳᠡᠯᠮᠦᠷᠢ ᠳᠡᠭᠡᠨ᠃

ᠵᠠᠯᠠᠭᠤ ᠪᠠᠭ᠎ᠠ ᠶᠢᠨ ᠴᠠᠭ ᠲᠤ ᠪᠣ·ᠫᠠᠷᠯᠠᠢ ᠶᠢᠨ 《ᠬᠤᠮᠤᠷᠭ᠎ᠠ ᠶᠢᠨ ᠡᠡᠪᠡ》  ᠭᠡᠳᠡᠭ᠌ ᠨᠠᠢ᠌ᠷᠠᠭᠤᠯᠤᠯ ᠢ ᠣᠯᠵᠠᠷᠬᠠᠨ ᠣᠩᠰᠢᠵᠤ ᠪᠢᠯᠠ᠃ ᠭᠡᠶ᠎ᠡ ᠳᠡᠭᠦᠨ ᠤ ᠳᠤᠬᠠᠢ ᠬᠤᠯᠪᠤᠨ ᠪᠣᠳᠤᠯᠳᠠ ᠳᠠᠮᠠᠢ ᠴᠤ ᠪᠠᠢ᠌ᠭᠰᠠᠨ ᠦᠭᠡᠶ ᠣᠳᠤ ᠳᠤ ᠪᠣᠯᠵᠠᠢ᠃ ᠦᠨᠳᠦᠰᠦᠳᠠᠨ ᠤ ᠳᠤᠬᠠᠢ᠂ ᠥᠭᠡᠷ᠎ᠡ ᠪᠠᠷ ᠭᠡᠯᠡᠪᠠᠯ ᠦᠪ ᠰᠤᠶᠤᠯ ᠶᠢᠡᠨ ᠶᠠᠭᠠᠭᠢᠵᠤ ᠬᠠᠮᠠᠭᠠᠯᠠᠵᠤ ᠭᠦᠭ᠍ᠵᠢᠭᠦᠯᠭᠦ ᠬᠠᠮᠢᠶ᠎ᠠ ᠲᠡᠶ ᠨᠢᠭᠡᠨ ᠣᠳᠠᠭᠠᠨ ᠤ ᠶᠠᠷᠢᠯᠴᠠᠭᠠᠨ ᠳᠤ ᠣᠷᠤᠯᠴᠠᠭᠠᠤᠨ ᠯᠠ 《ᠬᠤᠮᠤᠷᠭ᠎ᠠ ᠶᠢᠨ ᠠᠪᠠ》  ᠵᠢᠨ ᠳᠤᠬᠠᠢ ᠨᠢᠭᠡᠨ ᠶᠠᠭᠤᠮ᠎ᠠ ᠪᠣᠳᠤᠯ ᠳᠤ ᠭᠢᠯᠠᠰ ᠣᠷᠤᠭᠠᠤᠨ ᠢᠷᠡᠭᠦ ᠨᠢ ᠡ︕

ᠪᠢᠳᠠ ᠭᠡᠷᠪᠡ ᠭᠤᠤᠯ ᠰᠠᠳᠤᠪ ᠶᠢᠡᠨ ᠨᠠᠢ᠌ᠳᠠ ᠶᠢᠨ ᠬᠠᠷᠠᠯᠳᠠ ᠪᠣᠯᠭᠠᠭᠠᠤᠨ ᠭᠦᠮᠤᠨ ᠪᠦᠭᠦᠨ ᠬᠤᠮᠤᠷᠭ᠎ᠠ ᠳᠤ ᠣᠷᠤᠯᠴᠠᠨ ᠵᠥᠭ᠌ ᠪᠦᠭᠦᠨ ᠡᠴᠠ ᠨᠢ ᠳᠠᠯ᠎ᠠ ᠪᠣᠯᠭᠠᠨ ᠳᠤᠨᠢ ᠵᠠᠢ ᠥᠯᠡᠳᠡᠭᠡᠯ ᠦᠭᠡᠶ ᠳᠠᠯᠪᠢᠭᠠᠤᠨ ᠣᠷᠤᠪᠠᠯ ᠳᠠᠷᠠ ᠬᠠᠷᠢᠨ ᠨᠢᠭᠡ ᠶᠠᠭᠤᠮ᠎ᠠ ᠪᠣᠯᠤᠨ᠎ᠠ ᠰᠢᠤ︕ ᠴᠢ ᠮᠤᠷᠢᠳᠠᠢ ᠪᠠᠢ᠌ᠵᠤ ᠪᠣᠯᠤᠨ᠎ᠠ᠂ ᠶᠠᠪᠠᠭᠠᠨ ᠴᠤ ᠭᠦᠶ‍ᠦᠵᠤ ᠪᠣᠯᠤᠨ᠎ᠠ᠂ ᠪᠢ ᠫᠣᠤ ᠠᠳᠬᠤᠭᠰᠠᠨ ᠪᠠᠢ᠌ᠵᠤ ᠮᠠᠳᠠᠨ᠎ᠡ᠂ ᠰᠡᠷᠡᠭᠡ ᠪᠠᠷᠢᠭᠰᠠᠨ ᠴᠤ ᠪᠠᠢ᠌ᠵᠤ ᠪᠣᠯᠤᠨ᠎ᠡ ᠁   ᠴᠢ ᠪᠢᠳᠠ ᠯᠠᠪᠳᠠᠢ ᠭᠠᠠᠵᠤᠭ᠎ᠠ ᠳᠦᠭᠦᠷᠡᠩ ᠪᠣᠴᠠᠨ᠎ᠠ ᠳ᠋ᠠ︕

ᠵᠠ ᠬᠠᠪᠣᠷ ᠪᠣᠯᠤᠯ᠎ᠠ᠃ ᠠᠵᠢᠯ ᠳᠠᠭᠠᠨ ᠭᠠᠷᠬᠤ ᠦᠦ︕ ᠠᠪᠠ ᠳᠠᠭᠠᠨ ᠭᠠᠷᠬᠤ ᠦᠦ︕ ᠬᠤᠮᠤᠷᠭ᠎ᠠ ᠳᠠᠯᠪᠢᠭᠠᠤᠨ ᠣᠷᠤᠶ᠎ᠠ︕ ᠬᠤᠷᠤᠢ ᠳᠠᠭᠤᠳᠠᠭᠠᠤᠨ ᠣᠷᠤᠶ᠎ᠠ︕


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1928
ᠴᠠᠭ᠄ 2011 ᠤᠨ ᠤ 02 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁