ᠬᠣᠩᠭ᠋ᠣᠷ ᠨᠠᠮᠣᠷ ᠤᠨ ᠡᠳ᠋ᠣᠷ ᠤᠳ


ᠴᠡᠴᠡᠭ᠌ ᠳᠡᠯᠭᠡᠷᠡᠵᠦ ᠴᠡᠴᠡᠭ᠌ ᠵᠤᠯᠭᠠᠷᠠᠬᠤ

ᠤᠯᠠᠷᠢ᠍ᠯ ᠤᠨ ᠴᠠᠭᠠᠷᠢ᠍ᠭ ᠳᠡᠭᠡᠷ᠎ᠠ ᠲᠦ᠋ᠷᠬᠢᠭ᠍ᠰᠡᠨ ᠤ ᠡᠩᠭᠡᠰᠬᠡ

ᠴᠠᠭᠠᠨ ᠰᠢ᠍ᠭᠦᠳ᠋ᠡᠷᠢ ᠶᠢᠨ ᠲᠣᠰᠣᠯ ᠪᠣᠯᠵᠦ ᠬᠢᠷᠠᠭᠤ ᠤᠨᠠᠪᠠ᠃

ᠦᠷᠯᠦᠬᠡ ᠶᠢᠨ ᠲᠠᠭᠠᠷᠡᠵᠦ ᠪᠡᠬᠡᠷᠡᠭ᠍ᠰᠡᠨ ᠡᠪᠡᠰᠣ ᠮᠣᠳ᠋ᠣ

ᠨᠢ᠍ᠯᠪᠤᠰᠤ ᠠᠰᠬᠠᠷᠠᠭᠤᠯᠤᠨ ᠬᠢᠷᠠᠭᠤ ᠰᠢ᠍ᠬᠢᠳᠭᠡᠭ᠍ᠰᠡᠨ ᠨᠠᠪᠴᠢ᠍ᠰ ᠤᠨ ᠬᠦᠪᠡᠬᠡ ᠴᠠᠰᠣᠨ ᠮᠡᠲᠦ

ᠴᠡᠴᠡᠭ᠌ ᠤᠨ ᠨᠢ᠍ᠭᠤᠷ ᠳᠡᠭᠡᠷ᠎ᠠ ᠬᠢᠯᠠᠯᠵᠡᠨ ᠨᠠᠭᠠᠯᠳ᠋ᠤᠵᠤ ᠪᠠᠢ᠌ᠨ᠎ᠠ

ᠲᠡᠭᠦᠨ ᠲᠡᠶ ᠬᠠᠮᠳ᠋ᠣ ᠣᠨ ᠰᠠᠷ᠎ᠠ ᠠᠭᠠᠵᠢ᠍ᠮ ᠶᠢᠡᠷ ᠥᠲᠡᠯᠵᠦ ᠬᠥᠭ᠍ᠰᠢ᠍ᠷᠡᠬᠦ ᠮᠡᠳ᠋ᠣ᠃

ᠪᠢ ᠬᠦᠢᠲᠡᠮᠰᠦᠭ᠌᠂ ᠭᠡᠲᠡᠯ᠎ᠠ ᠰᠢ᠍ᠯᠦᠭ᠌ ᠡᠷᠬᠢᠮᠰᠦᠭ᠌

ᠦᠳ᠋ᠡᠰᠢ ᠴᠡᠯᠮᠡᠭ᠌ ᠣᠳ᠋ᠣ ᠰᠡᠢ᠌ᠷᠡᠭ᠌᠂ ᠪᠢ ᠵᠢᠭ᠍ᠰᠢ᠍ᠭᠦᠷᠢ᠍ᠲᠡᠶ

ᠭᠡᠪᠡᠴᠦ ᠪᠠᠢ᠌ᠭᠠᠯᠢ ᠶᠢᠨ ᠬᠠᠮᠣᠭ ᠪᠦᠬᠦᠨ ᠰᠠᠢ᠌ᠬᠠᠨ ᠪᠠᠢᠨ᠎ᠠ᠃

ᠪᠢ ᠨᠡᠷᠡ ᠶᠢ ᠬᠠᠳ᠋ᠡᠨ ᠪᠠᠭᠠᠳ᠋ᠣᠷ ᠬᠡᠵᠦ ᠰᠢ᠍ᠳ᠋ᠣᠨ

ᠪᠢ ᠰᠠᠷᠠ ᠶᠢ ᠠᠷᠢ᠍ᠭᠤᠨ ᠭᠣᠸ᠎ᠠ ᠬᠡᠵᠦ ᠰᠦ᠋ᠬᠦᠳᠦᠨᠡᠮ᠃

ᠵᠣᠨ ᠤ ᠪᠣᠷᠣᠭᠠᠨ ᠳ᠋ᠥ ᠨᠣᠷᠣᠭᠳ᠋ᠠᠭᠰᠡᠨ ᠵᠦ᠋ᠬᠡᠯᠡᠨ ᠭᠤᠨᠢᠭ

ᠪᠠᠰᠠ ᠮᠢ᠍ᠨᠦ ᠬᠦᠢᠲᠡᠮᠰᠦᠭ᠌ ᠳᠤᠮᠳ᠋ᠠ ᠵᠤᠯᠭᠠᠷᠠᠪᠠ

ᠬᠤᠸᠠ ᠴᠠᠭᠠᠨ ᠬᠤᠯᠤᠰᠤ ᠬᠦᠷᠲᠡᠯ᠎ᠠ

ᠪᠦᠷ ᠵᠦ᠋ᠭᠡᠷ ᠲᠠᠯᠪᠢᠬᠤ ᠦᠭᠡᠶ᠂ ᠲᠡᠳ᠋ᠡᠭᠡᠷ ᠰᠢ᠍ᠷ᠎ᠠ ᠨᠠᠪᠴᠢ

ᠪᠠᠰᠠ ᠬᠠᠮᠤᠭ ᠰᠡᠭᠦᠯᠴᠢ ᠶᠢᠨ ᠰᠡᠭᠦᠷᠡᠰᠦ ᠠᠯᠳ᠋ᠠᠯ᠎ᠠ ᠪᠠᠨ

ᠳᠡᠯᠡᠬᠡᠶ ᠶᠢ᠍ᠷᠲᠢ᠍ᠨᠴᠦ ᠨᠠᠮᠣᠷ ᠶᠢᠡᠷ ᠬᠦᠨ ᠬᠣᠴᠢ᠍ᠭᠳ᠋ᠡᠪᠡ

ᠡᠬᠡ ᠭᠠᠵᠠᠷ ᠨᠡᠯᠦᠢ᠌ᠵᠦ᠂ ᠲᠡᠨᠳ᠋ᠡ ᠬᠦᠷᠲᠡᠯ᠎ᠠ

ᠳᠠᠭᠤᠯᠠᠵᠤ ᠪᠠᠢᠭ᠎ᠠ ᠭᠣᠣᠯ ᠭᠣᠷᠣᠬ᠎ᠠ᠂ ᠶᠠᠭ ᠯᠠ ᠣᠷᠳ᠋ᠣ ᠶᠢᠨ ᠲᠠᠭᠣᠣ ᠰᠢ᠍ᠭ᠃

ᠮᠢ᠍ᠨᠦ ᠪᠣᠳ᠋ᠣᠬᠤ ᠪᠠᠷ ᠠᠮᠢ᠍ᠳ᠋ᠣᠷᠡᠨ ᠣᠷᠣᠰᠢ᠍ᠬᠣ ᠠᠬᠣᠢ ᠳ᠋ᠥ ᠳᠠᠯᠳ᠋ᠠ ᠤᠷᠤᠰᠬᠠᠯ ᠬᠥᠳ᠋ᠡᠯᠵᠦ᠂

ᠠᠯᠢ᠍ᠪᠡ ᠪᠦᠷ ᠬᠡᠨᠡᠨ ᠴᠠᠢ᠌ᠯᠭᠠᠨ᠂ ᠥ ᠰᠡᠪ ᠦᠭᠡᠶ

ᠶᠠᠭ ᠳᠠᠯᠳ᠋ᠠᠭᠤᠷ ᠦᠵᠡᠯᠳ᠋ᠡ ᠪᠣᠳ᠋ᠣᠯᠳ᠋ᠡ ᠶᠢ ᠰᠡᠮᠡᠬᠡᠷ ᠲᠠᠭᠠᠷᠢ᠍ᠵᠦ ᠪᠠᠢ᠌ᠮᠡᠷ ᠁




                                         2019.09.10


ᠵᠤᠬᠢᠶᠠᠭᠴᠢ᠄ ᠤᠯᠠᠮᠰᠠᠢᠨ
ᠢᠷᠡᠯᠲᠡ᠄ ᠢᠷᠡᠭᠦᠯᠦᠭᠰᠡᠨ ᠡᠬᠡ ᠪᠢᠴᠢᠭ
ᠬᠠᠷᠢᠶ᠎ᠠ᠄ ᠰᠢᠯᠦᠭ
ᠳᠠᠷᠤᠮ᠄ 2016
ᠴᠠᠭ᠄ 2019 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ