ᠤᠶᠠᠩᠭ᠎ᠠ ᠶᠢᠨ ᠴᠠᠭᠠᠨ ᠥᠳᠡᠰᠢ

ᠭᠠᠳᠠᠨ᠎ᠠ ᠰᠠᠯᠭᠢ ᠢᠰᠭᠢᠷᠤᠨ᠎ᠠ

ᠭᠡᠷ ᠲᠤ ᠰᠠᠤᠠᠭᠢᠯ ᠢᠰᠭᠢᠷᠤᠨ᠎ᠠ

ᠭᠠᠭᠴᠠᠭᠠᠷᠳᠠᠯ ᠶᠢᠡᠨ ᠪᠢ

ᠰᠠᠪ ᠰᠡᠮᠡᠷᠭᠡᠨ ᠨᠤᠴᠤᠭᠠᠭᠠᠤᠨ

ᠭᠠᠷᠬᠠᠯᠠᠭᠰᠠᠨ ᠴᠠᠭᠠᠨ ᠣᠳᠤᠭ᠎ᠠ ᠪᠣᠯᠭᠠᠵᠤ

ᠦᠯᠢᠶᠠᠵᠤ ᠨᠠᠭᠠᠳᠤᠨ᠎ᠠ

ᠴᠠᠭ ᠭᠡᠳᠦᠢ ᠪᠣᠯᠤᠭᠰᠠᠨ ᠢ ᠮᠡᠳᠡᠭᠦ ᠥᠭᠡᠢ

ᠴᠠᠢ ᠭᠡᠵᠢᠶ᠎ᠡ ᠪᠣᠴᠠᠯᠤᠭᠰᠠᠨ ᠢ ᠴᠤ ᠮᠡᠳᠡᠭᠦ ᠥᠭᠡᠢ

ᠴᠠᠭᠢᠯᠭᠠᠨ ᠵᠤᠭᠰᠤᠭᠰᠠᠨ ᠡᠨᠡ ᠦᠳᠡᠰᠢ

ᠰᠢᠯᠦᠭ᠌ ᠶᠢᠡᠨ ᠪᠢ ᠠᠰᠠᠭᠠᠯ᠎ᠠ

ᠭᠠᠭᠴᠠᠭᠠᠷ ᠠᠷᠢᠭᠢ ᠣᠤᠭᠤᠬᠤ ᠳ᠋ᠤ

ᠣᠤᠭᠤᠵᠤ ᠣᠷᠤᠬᠤ ᠥᠭᠡᠢ

ᠭᠠᠳᠠᠨ᠎ᠠ ᠡᠴᠡ ᠭᠡᠢ᠌ᠴᠢᠨ ᠢᠷᠡᠭᠦ ᠳ᠋ᠤ

ᠵᠤᠴᠢᠯᠠᠵᠤ ᠳᠡᠢ᠌ᠯᠭᠦ ᠥᠭᠡᠢ

ᠨᠤᠮ ᠤᠨ ᠰᠠᠩ ᠳᠤ ᠣᠷᠤᠬᠤ ᠭᠦᠮᠤᠨ

ᠴᠥᠭᠡᠨ ᠪᠣᠯᠵᠠᠢ

ᠨᠤᠭᠤᠭ᠎ᠠ ᠬᠠᠭᠤᠷᠬᠤ ᠳᠠᠭᠠᠨ ᠡᠷᠡᠴᠦᠳ ᠪᠦᠷ

ᠳᠠᠤᠠᠮᠠᠭᠠᠢ ᠪᠣᠯᠵᠠᠢ

ᠨᠤᠶᠠᠤᠨ ᠨᠠᠮᠢ᠋ᠢ ᠭᠢᠰᠭᠢᠯᠠᠵᠤ ᠥᠩᠭᠡᠷᠡᠨ᠎ᠡ

ᠨᠤᠬᠠᠢ ᠨᠠᠮᠢ᠋ᠢ ᠬᠤᠴᠠᠵᠤ ᠥᠩᠭᠡᠷᠡᠨ᠎ᠡ

ᠨᠤᠮᠤᠬᠠᠨ ᠶᠢᠠᠷ ᠵᠢᠠᠨ ᠪᠢ ᠳᠠᠰᠴᠤ ᠥᠩᠭᠡᠷᠡᠨ᠎ᠡ

ᠦᠨᠡᠨ ᠥᠭᠡ ᠭᠡᠳᠦᠢ ᠬᠤᠪᠣᠷ ᠢ ᠮᠡᠳᠡᠭᠦ ᠥᠭᠡᠢ

ᠥᠴᠦᠭᠡᠳᠦᠷ ᠴᠢ ᠪᠠᠰᠠ ᠨᠠᠮᠢ᠋ᠢ ᠬᠠᠭᠤᠷᠤᠯ᠎ᠠ

ᠦᠪᠣᠷ ᠮᠤᠩᠭ᠋ᠤᠯ ᠤᠨ ᠨᠢᠭᠡ

ᠵᠠᠯᠠᠭᠤ ᠰᠢᠯᠦᠭ᠍ᠴᠢ ᠭᠡᠨ᠎ᠡ ᠰᠢᠤ

ᠦᠪᠡᠷ ᠤᠨ ᠪᠠᠶ᠎ᠠ ᠪᠠᠨ ᠪᠢ ᠦᠷᠦᠪᠳᠠᠯ᠎ᠠ

ᠠᠶᠤᠩᠭ᠋ᠤᠷᠢ ᠲᠦᠷᠦᠮ᠎ᠠ ᠨᠠᠮ ᠵᠢᠮ

ᠠᠶ᠎ᠠ ᠪᠠᠰᠠ ᠨᠢᠭᠡ ᠭᠦᠢᠳᠡᠨ ᠰᠦᠨᠢ ᠢᠷᠠᠵᠠᠢ

ᠠᠪᠣ ᠮᠢᠨᠢ ᠡ᠂ ᠠᠪᠣ ᠮᠢᠨᠢ

ᠠᠷᠢᠭᠢ ᠪᠠᠨ ᠳᠠ ᠪᠠᠭ᠎ᠠ ᠰᠢᠭ ᠣᠤᠭᠤᠭᠠᠴᠢ

ᠮᠦᠷᠤᠨ ᠳᠡᠭᠡᠨ ᠭᠤᠶᠤ ᠪᠣᠭᠴᠤ ᠲᠡᠶ ᠭᠡᠦᠭᠡᠡᠴᠦᠳ

ᠥᠴᠦᠭᠡᠳᠦᠷ ᠨᠠᠮᠢ᠋ᠢ ᠱᠤᠤᠯᠠᠵᠤ ᠥᠩᠭᠡᠷᠡᠪᠡ

ᠮᠥᠩᠭᠦᠨ ᠪᠦᠭᠡᠵᠢ ᠮᠢᠨᠢ

ᠠᠯᠳᠠᠨ ᠪᠦᠯᠡᠵᠡᠩ ᠳ᠋ᠤᠨᠢ ᠳᠤᠷᠤᠮᠵᠢᠯᠠᠭᠳᠠᠵᠤ ᠥᠩᠭᠡᠷᠡᠪᠡ

ᠬᠠᠭᠤᠴᠢᠷᠠᠭᠰᠠᠨ ᠢᠨᠠᠭ ᠳᠤᠷᠠᠯᠠᠯ

ᠬᠤᠭᠤᠷᠠᠭᠰᠠᠨ ᠮᠤᠳᠤᠨ ᠰᠠᠮ

ᠬᠤᠬᠤᠢ ᠭᠦᠮᠤᠨ ᠤ ᠠᠮᠢᠳᠤᠷᠠᠯ ᠪᠣᠯ ᠨᠢᠭᠡ

ᠬᠤᠱᠤᠩ ᠵᠥᠴᠦᠭᠡ ᠳᠠᠳᠤᠢ

ᠵᠡᠭᠡᠯᠢ ᠳᠡᠭᠡᠷ᠎ᠡ ᠬᠠᠷᠠᠭᠳᠠᠬᠤ

ᠵᠡᠮᠳᠡᠭ᠌ ᠮᠤᠩᠭ᠋ᠤᠯ ᠥᠰᠦᠭ᠌ ᠮᠢᠨᠢ

ᠵᠢᠷᠦᠭᠡ ᠶᠢ ᠵᠢᠮᠵᠢᠭᠢᠨᠡᠭᠦᠯᠦᠨ᠎ᠡ

ᠵᠢᠰᠤ ᠴᠢᠷᠠᠢ ᠨᠢ ᠳᠠᠨᠢᠭᠳᠠᠬᠤ ᠦᠭᠡᠶ ᠪᠣᠯᠤᠭᠰᠠᠨ

ᠮᠤᠩᠭ᠋ᠤᠯ ᠰᠤᠶᠤᠯ ᠮᠢᠨᠢ

ᠵᠡᠭᠦᠳᠤᠨ ᠳᠤ ᠬᠠᠷ᠎ᠠ ᠳᠠᠷᠤᠨ᠎ᠠ

ᠰᠢᠯᠦᠭ᠌ ᠪᠢᠴᠢᠭᠦ ᠳᠤ ᠣᠩᠰᠢᠬᠤ ᠭᠦᠮᠤᠨ ᠥᠭᠡᠢ

ᠰᠢᠯᠦᠭ᠌ ᠪᠢᠴᠢᠭᠦ ᠦᠭᠡᠶ ᠪᠣᠯ ᠣᠠᠳᠠᠵᠤ ᠣᠷᠤᠬᠤ ᠥᠭᠡᠢ

ᠰᠡᠭᠦᠯ ᠤᠨ ᠦᠶ᠎ᠡ ᠶᠢᠨ ᠢᠷᠠᠭᠤ ᠨᠠᠢ᠌ᠷᠠᠭᠴᠢᠳ ᠢ

ᠰᠡᠭᠦᠷᠡᠰᠤ ᠯᠠ ᠣᠢ᠌ᠯᠠᠭᠠᠨ᠎ᠠ

ᠡᠨᠡ ᠰᠦᠨᠢ

ᠠᠷᠪᠠᠨ ᠳᠠᠪᠤᠨ ᠤ ᠰᠠᠷᠠ ᠳᠤᠪ ᠳᠤᠩᠭ᠋ᠠᠯᠠᠭ

ᠠᠭᠠᠷ ᠳᠡᠭᠡᠷ᠎ᠡ ᠭᠡᠳᠤᠨ ᠭᠡᠰᠡᠭ᠌

ᠠᠩᠭᠢᠷ ᠴᠠᠭᠠᠨ ᠡᠭᠦᠯᠡ ᠭᠦᠪᠪᠦᠨ᠎ᠡ

ᠠᠩᠬᠠᠨ ᠤ ᠳᠤᠷᠠᠯᠠᠯ ᠤᠨ

ᠠᠮᠳᠠᠳᠤ ᠵᠡᠭᠦᠳᠤ ᠭᠦᠪᠪᠦᠨ᠎ᠡ

ᠰᠠᠷᠠᠨ ᠤ ᠳᠤᠶᠠᠭ᠎ᠠ ᠣᠰᠤ ᠮᠠᠳᠤ ᠭᠦᠢᠳᠡᠨ

ᠰᠠᠤᠠᠭᠢᠯ ᠤᠨ ᠣᠶᠠᠭ᠎ᠠ ᠮᠦᠰᠤ ᠮᠠᠳᠤ ᠵᠢᠭᠡᠭᠦᠨ

ᠠᠮᠢᠳᠤᠷᠠᠯ ᠡᠴᠡ ᠣᠯᠤᠭᠰᠠᠨ ᠮᠢᠨᠢ ᠶᠠᠭᠤ ᠪᠢᠯᠠ

ᠠᠮᠢᠳᠤᠷᠠᠯ ᠳᠤ ᠠᠯᠳᠠᠭᠰᠠᠨ ᠮᠢᠨᠢ ᠶᠠᠭᠤ ᠪᠢᠯᠠ

ᠭᠠᠷ ᠴᠠᠭ ᠵᠢᠠᠨ

ᠭᠠᠢ᠌ᠬᠠᠭᠤᠯᠬᠤ ᠦᠶ᠎ᠡ ᠭᠡᠳᠥᠢᠨ ᠥᠩᠭᠡᠷᠡᠵᠡᠢ

ᠭᠠᠳᠠᠭᠠᠳᠤ ᠶᠢᠨ ᠳᠡᠷᠭᠡ ᠵᠢ

ᠪᠢ ᠠᠪᠴᠤ ᠳᠡᠢ᠌ᠯᠭᠦ ᠦᠭᠡᠶ ᠡ

ᠨᠢᠭᠡ ᠨᠠᠰᠤᠨ ᠤ ᠬᠠᠮᠤᠭ

ᠭᠡᠷᠡᠯ ᠭᠢᠯᠪᠠᠭᠠᠳᠤ ᠡᠳᠦᠷ

ᠨᠢᠭᠡ ᠪᠣᠳᠤᠬᠤ ᠳᠤ ᠥᠩᠭᠡᠷᠡᠭ᠍ᠰᠡᠨ ᠰᠢᠭ᠌

ᠨᠡᠭᠡᠵᠤ ᠪᠣᠳᠤᠬᠤ ᠳᠤ ᠢᠷᠡᠭᠡ ᠦᠭᠡᠶ ᠰᠢᠭ᠌

ᠨᠡᠢ᠌ᠭᠡᠮ ᠶᠠᠭ ᠠᠭᠠᠯᠵᠢᠨ ᠳᠤᠤᠷ ᠡ ᠁

ᠭᠦᠮᠤᠨ ᠤ ᠰᠥᠷᠦᠭ᠌ ᠳᠤ

ᠪᠠᠶ᠎ᠠ ᠪᠠᠨ ᠨᠡᠢ᠌ᠯᠡᠭᠦᠯᠦᠯ᠎ᠡ

ᠭᠦᠭᠡᠷᠦᠭᠦᠢ ᠳ᠋ᠠ

ᠪᠣᠳᠤᠯ ᠮᠢᠨᠢ ᠮᠤᠰᠭᠢᠷᠠᠵᠤ ᠡᠪᠠᠦᠡᠳᠦᠨ᠎ᠡ

ᠭᠡᠵᠢᠶᠡᠳᠡ ᠭᠡᠯᠡᠭᠦ ᠥᠭᠡᠢ

ᠥᠭᠡ ᠪᠠᠨ ᠭᠡᠯᠡᠯ᠎ᠡ

ᠭᠡᠯᠡ ᠮᠢᠨᠢ ᠮᠢᠡᠴᠦᠭᠦᠷᠡᠵᠤ ᠡᠪᠠᠦᠡᠳᠦᠨ᠎ᠡ

ᠭᠦᠮᠤᠨ ᠤ ᠬᠣᠢ᠌ᠨ᠎ᠠ ᠡᠴᠡ ᠳᠠᠭᠠᠵᠤ ᠠᠯᠬᠤᠯ᠎ᠠ

ᠭᠦᠯ ᠮᠢᠨᠢ ᠭᠦᠡᠳᠦᠷᠡᠵᠤ ᠡᠪᠠᠦᠡᠳᠦᠨ᠎ᠡ

ᠮᠢᠩᠭ᠋ᠠᠨ ᠵᠢᠯ ᠳᠤ ᠨᠢᠭᠡᠯᠡ ᠲᠤᠬᠢᠶᠠᠯᠳᠤᠬᠤ

ᠬᠤᠪᠢ ᠪᠣᠶᠠᠨ ᠬᠠᠮᠢᠭ᠎ᠠ ᠪᠠᠢ᠌ᠬᠤ ᠪᠣᠢ︖

ᠮᠠᠷᠭᠠᠰᠢ ᠶᠠᠭᠤ ᠪᠣᠯᠬᠤ ᠶᠢ ᠮᠡᠳᠡᠭᠦ ᠥᠭᠡᠢ

ᠬᠤᠷᠤᠰᠤᠯ ᠬᠠᠢ᠌ᠷ᠎ᠠ ᠬᠠᠮᠢᠭ᠎ᠠ ᠪᠠᠢ᠌ᠬᠤ ᠪᠣᠢ︖

ᠠᠭᠤᠯᠠ ᠳᠤᠪ ᠳᠤᠭᠤᠢ

ᠣᠰᠤ ᠳᠤᠪ ᠳᠤᠭᠤᠢ

ᠣᠴᠠᠭᠠᠷ ᠪᠣᠭᠢᠨᠢᠳᠠᠯ ᠳᠤᠪ ᠳᠤᠭᠤᠢ

ᠨᠠᠮᠢ᠋ᠢ ᠣᠤᠭᠤᠬᠤ ᠪᠠᠷ ᠢᠷᠡᠭ᠍ᠰᠡᠨ

ᠨᠠᠢ᠌ᠵᠠ ᠳᠠᠭᠠᠨ ᠪᠢ ᠣᠰᠤᠯᠳᠤᠯ᠎ᠠ

ᠨᠠᠳᠠᠳᠤ ᠠᠭᠤᠴᠢᠯᠠᠯ ᠬᠠᠮᠤᠭ ᠴᠢᠬᠤᠯᠠ

ᠠᠷᠢᠭᠢ ᠪᠠᠷ ᠡᠨᠡ ᠡᠪᠦᠯ ᠢ

ᠳᠤᠭᠤᠯᠵᠤ ᠳᠡᠢ᠌ᠯᠭᠦ ᠦᠭᠡᠶ ᠬᠣᠢ᠌ᠨ᠎ᠠ

ᠠᠬ᠎ᠠ ᠮᠢᠨᠢ ᠬᠠᠰᠢᠯᠠ

ᠭᠦᠪᠦᠩ ᠬᠤᠪᠴᠠᠰᠤ ᠠᠪᠣᠭᠠᠷᠠᠢ

ᠬᠠᠢ᠌ᠷᠠᠯᠠᠵᠤ ᠥᠩᠭᠡᠷᠡᠭ᠍ᠰᠡᠨ ᠭᠡᠦᠭᠡᠨ ᠲᠡᠶ ᠪᠠᠨ

ᠬᠠᠶᠠ ᠨᠢᠭᠡ ᠠᠭᠤᠯᠵᠠᠬᠤ ᠳ᠋ᠤ

ᠬᠠᠯᠠᠭᠤ ᠣᠷᠭᠢᠨ᠎ᠠ

ᠬᠠᠢ᠌ᠷ᠎ᠠ ᠰᠠᠤᠠᠭᠢᠯ ᠪᠣᠳᠤᠪᠠᠯ

ᠭᠡᠳᠤᠨ ᠵᠢᠯ ᠳᠤ ᠣᠠᠳᠠᠷᠠᠬᠤ ᠶᠠᠭᠤᠮ᠎ᠠ ᠪᠢᠰᠢ

ᠦᠨᠡᠨ ᠳᠡᠭᠡᠨ ᠳᠤᠷᠠᠯᠠᠯ ᠪᠣᠯ

ᠦᠵᠡᠯ ᠰᠠᠨᠠᠭᠠᠨ ᠤ ᠳᠠᠢ᠌ᠨ ᠪᠢᠯᠠ

ᠣᠯᠵᠠᠯᠠᠭᠰᠠᠤᠨ ᠶᠢᠡᠨ ᠫᠣᠤᠵᠠᠩ ᠵᠢᠠᠷ

ᠳᠤᠰᠴᠤ ᠠᠪᠳᠠᠭ ᠪᠢᠯᠠ

ᠨᠠᠭᠤᠷ ᠲᠠᠭᠠᠨ ᠡᠪᠦᠯᠵᠢᠭ᠍ᠰᠡᠨ ᠭᠠᠯᠠᠭᠤ ᠥᠭᠡᠢ

ᠨᠤᠳᠤᠭ ᠲᠠᠭᠠᠨ ᠠᠯᠳᠠᠷᠰᠢᠭᠰᠠᠨ ᠭᠦᠮᠤᠨ ᠥᠭᠡᠢ

ᠪᠣᠷᠬᠠᠨ ᠮᠡᠡᠳᠦᠯᠡᠭ᠍ᠰᠡᠨ ᠭᠠᠵᠠᠷ ᠪᠣᠯ

ᠪᠣᠭ ᠪᠦᠳᠦᠭ᠍ᠰᠡᠨ ᠭᠠᠵᠠᠷ

ᠪᠣᠳᠤᠭᠠᠤᠨ ᠪᠠᠢ᠌ᠪᠠᠯ

ᠪᠣᠷᠬᠠᠨ ᠢ ᠪᠢᠰᠢᠷᠡᠭᠦ ᠪᠠᠨ ᠪᠠᠢ᠌ᠴᠢᠬᠠᠨ᠎ᠠ

ᠵᠠᠮ ᠪᠣᠯ ᠣᠯᠠᠨ ᠭᠦᠮᠤᠨ ᠤ ᠮᠦᠷ

ᠵᠠᠯᠠᠭᠤ ᠨᠠᠰᠤ ᠥᠩᠭᠡᠷᠡᠭᠦ ᠪᠣᠷᠤᠭᠠᠨ ᠠᠳᠠᠯᠢ

ᠵᠠᠬ᠎ᠠ ᠶᠢᠨ ᠠᠷᠠᠭ᠎ᠠ

ᠵᠠᠵᠢᠨ ᠦᠰᠦ

ᠵᠠ ᠶᠠᠭᠠᠭᠢᠪ

ᠣᠨ ᠵᠢᠯ ᠪᠣᠯ

ᠣᠷᠤᠭ᠎ᠠ ᠡᠮᠨᠢᠭ᠌ ᠮᠤᠷᠢ ᠪᠢᠯᠠ

ᠭᠡᠵᠢᠶ᠎ᠡ ᠬᠣᠢ᠌ᠨ᠎ᠠ

ᠪᠠᠭ᠎ᠠ ᠨᠠᠰᠤ ᠪᠠᠨ ᠡᠷᠭᠢᠴᠡᠭᠦᠯᠭᠦ ᠳ᠋ᠤ

ᠬᠤᠷᠤᠳ ᠭᠡᠮᠡᠯᠢᠭ᠍ᠰᠡᠨ ᠰᠢᠭ᠌ ᠰᠠᠨᠠᠭᠳᠠᠨ᠎ᠠ

ᠭᠡᠭᠡᠷ᠎ᠡ ᠶᠢᠨ ᠠᠷᠪᠠᠢ

ᠰᠠᠤᠠᠭᠢᠯ ᠤᠨ ᠠᠳᠠᠷ ᠳᠤ

ᠨᠤᠭᠤᠭᠠᠷᠠᠨ ᠣᠷᠭᠤᠨ᠎ᠠ

ᠮᠥᠷᠦᠭᠡᠳᠦᠯ ᠪᠦᠭᠦᠨ

ᠨᠢᠭᠡ ᠬᠤᠠᠳᠠᠭ᠎ᠠ ᠠᠷᠢᠭᠢ

ᠮᠥᠩᠭᠡ ᠶᠢᠨ ᠣᠰᠤᠨ ᠢ

ᠠᠯᠳᠠᠨ ᠠᠶᠠᠭᠠᠨ ᠡᠴᠡ ᠣᠤᠭᠤᠨ᠎ᠠ

ᠵᠠᠭᠤᠨ ᠵᠢᠯ ᠤᠨ ᠭᠠᠭᠴᠠᠭᠠᠷᠳᠠᠯ

ᠮᠢᠩᠭ᠋ᠠᠨ ᠵᠢᠯ ᠤᠨ ᠭᠤᠨᠢᠭ

ᠮᠢᠨᠤ ᠣᠶᠠᠩᠭ᠋᠎ᠠ ᠶᠢᠨ ᠴᠠᠭᠠᠨ ᠦᠳᠡᠰᠢ ᠳᠠᠢ

ᠳᠦᠷᠦᠭᠡᠨ ᠳᠡᠭᠡᠷ᠎ᠡ ᠦᠨᠳᠠᠢ᠌ᠨ᠎ᠠ

ᠳᠦᠪᠠᠷᠭᠡᠨ ᠳᠤᠤᠷ᠎ᠠ ᠳᠠᠷᠤᠭᠳᠠᠨ᠎ᠠ ᠁

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2500
ᠴᠠᠭ᠄ 2005 ᠤᠨ ᠤ 07 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁