ᠮᠢᠨᠤ ᠠᠩᠭᠢ ᠶᠢᠨ ᠡᠷᠭᠢᠯᠡᠭ᠍ᠴᠢ ᠪᠠᠭᠰᠢ

               ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ

                 ᠬᠠᠷᠠᠠᠤᠰᠤ ᠭᠤᠤᠯ ᠰᠤᠷᠭᠠᠭᠤᠯᠢ ᠶᠢᠨ ᠳᠦᠷᠪᠠᠳᠦᠭᠡᠷ ᠣᠨ ᠤ ᠰᠤᠷᠤᠭᠴᠢ    ᠰᠠᠠᠰᠠᠷ


ᠨᠠᠳᠠ ᠶᠢ ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠵᠤ ᠣᠷᠤᠭᠰᠠᠨ ᠳᠠᠷᠠ ᠡᠳᠦᠷ ᠡᠴᠠ ᠡᠭᠢᠯᠡᠨ ᠬᠦ᠊ ᠪᠠᠭᠰᠢ ᠮᠢᠨᠤ ᠠᠩᠭᠢ ᠶᠢᠨ ᠡᠷᠭᠢᠯᠡᠭ᠍ᠴᠢ ᠪᠣᠯᠤᠭᠰᠠᠭᠠᠷ ᠯᠠ ᠢᠷᠠᠵᠠᠢ᠃

ᠮᠢᠨᠤ ᠠᠩᠭᠢ ᠶᠢᠨ ᠡᠷᠭᠢᠯᠡᠭ᠍ᠴᠢ ᠪᠣᠯ ᠳᠤᠮᠳᠠ ᠶᠢᠨ ᠪᠠᠶ᠎ᠠ ᠲᠡᠶ᠂ ᠬᠠᠷ᠎ᠠ ᠪᠠᠷᠠᠭᠠᠨ ᠴᠢᠷᠠᠢ ᠲᠡᠶ᠂ ᠬᠠᠯᠳᠤ ᠥᠵᠡᠭᠦ ᠳᠤ ᠬᠠᠯᠠ ᠲᠡᠶ ᠬᠠᠷᠠᠭᠳᠠᠪᠠᠴᠤ ᠬᠠᠪᠢᠳᠠᠵᠤ ᠳᠠᠰᠤᠯᠴᠠᠭᠠᠤᠨ ᠢᠷᠡᠭᠦ ᠳᠤ ᠬᠠᠷᠢᠨ ᠬᠤᠪᠢ ᠶᠢᠨ ᠭᠠᠳᠠᠨᠠᠭᠢ ᠡᠶᠡᠯᠰᠡᠭ᠌ ᠳᠤᠳᠤᠨᠤ ᠵᠠᠩ ᠲᠡᠶ ᠡᠮᠡᠭ᠍ᠳᠡᠢ ᠪᠠᠭᠰᠢ ᠪᠣᠯᠬᠤ ᠶᠤᠮ᠃ ᠪᠠᠭᠰᠢ ᠶᠢᠨ ᠠᠯᠳᠠᠷ ᠭᠦᠴᠤᠨ ᠭᠡᠳᠡᠭ᠌ ᠪᠣᠯᠬᠤᠷ ᠪᠢᠳᠠ ᠪᠦᠷ ᠬᠦ᠊ ᠪᠠᠭᠰᠢ ᠭᠡᠵᠤ ᠳᠠᠭᠤᠳᠠᠳᠠᠭ᠃ ᠭᠡᠷ ᠨᠢ ᠪᠠᠢ᠌ᠷᠢ ᠶᠢᠨ ᠭᠡᠷ ᠤᠨ ᠠᠷᠤ ᠳᠤ ᠨᠠᠯᠢᠶᠠᠤᠨ ᠵᠠᠢ᠌ᠳᠠᠢ ᠰᠠᠭᠤᠳᠠᠭ᠃ ᠬᠤᠶᠠᠳᠤᠭᠠᠷ ᠣᠨ ᠡᠴᠠ ᠡᠭᠢᠯᠡᠨ ᠪᠢᠳᠠᠨ ᠤ ᠭᠢᠳᠠᠤᠨ ᠭᠡᠯᠡᠨ ᠤ ᠭᠢᠴᠢᠶᠠᠯ ᠢ ᠵᠢᠭᠠᠭᠰᠠᠭᠠᠷ᠃ ᠭᠢᠴᠢᠶᠠᠯ ᠳᠡᠭᠡᠷ᠎ᠡ ᠪᠣᠯ ᠲᠦᠪ ᠴᠢᠩᠭ᠎ᠠ᠂ ᠭᠢᠴᠢᠶᠠᠯ ᠪᠠᠭᠤᠪᠠᠯ ᠱᠤᠭ ᠶᠦᠮᠦᠷᠯᠢᠭ᠌ ᠪᠠᠢ᠌ᠳᠠᠭ ᠡ᠃

ᠮᠢᠨᠤ ᠠᠩᠭᠢ ᠶᠢᠨ ᠡᠷᠭᠢᠯᠡᠭ᠍ᠴᠢ ᠪᠠᠭᠰᠢ ᠪᠣᠯ ᠡᠭᠡ ᠣᠯᠤᠰ ᠤᠨ ᠶᠢᠡᠨ ᠴᠤᠮᠤᠷᠯᠢᠭ ᠢ ᠥᠩᠭᠡ ᠢᠯᠭᠠᠷᠠᠭᠤᠯᠤᠨ ᠳᠡᠯᠭᠡᠷᠡᠭᠦᠯᠭᠦ ᠶᠢᠨ ᠲᠦᠯᠦᠭᠡ ᠴᠢᠷᠮᠠᠢ᠌ᠨ ᠠᠵᠢᠯᠯᠠᠳᠠᠭ ᠴᠡᠴᠡᠷᠯᠢᠭ᠍ᠴᠢ ᠮᠦᠨ᠃ ᠰᠤᠷᠭᠠᠭᠤᠯᠢ ᠳᠤ ᠣᠷᠤᠭᠰᠠᠨ ᠳᠠᠷᠠ ᠡᠳᠦᠷ ᠡᠴᠠ ᠡᠭᠢᠯᠡᠨ ᠪᠠᠭᠰᠢ ᠮᠢᠨᠢ ᠡᠳᠦᠷ ᠪᠦᠷᠢ ᠪᠢᠳᠠᠨ ᠢ ᠶᠤᠰᠤ ᠮᠤᠷᠠᠯ᠂ ᠡᠷᠳᠡᠮ ᠮᠡᠳᠡᠯᠭᠡ᠂ ᠰᠠᠭᠢᠯᠭ᠎ᠠ ᠪᠠᠳᠤ ᠲᠡᠶ ᠭᠦᠮᠤᠨ ᠪᠣᠯᠭᠠᠨ ᠭᠦᠮᠦᠵᠢᠭᠦᠯᠭᠦ ᠪᠠᠷ ᠴᠢᠷᠮᠠᠢ᠌ᠭᠰᠠᠭᠠᠷ ᠢᠷᠡᠭ᠍ᠰᠡᠨ ᠶᠤᠮ᠃

ᠨᠢᠭᠡ ᠶᠠᠪᠣᠳᠠᠯ ᠢ ᠣᠳᠤ ᠪᠣᠯᠳᠠᠯ᠎ᠠ ᠴᠡᠭᠡᠵᠢᠯᠡᠭ᠍ᠰᠡᠭᠡᠷ ᠪᠠᠢ᠌ᠨ᠎ᠠ᠃ ᠬᠤᠶᠠᠳᠤᠭᠠᠷ ᠣᠨ ᠤ ᠳᠡᠭᠡᠷ᠎ᠡ ᠬᠤᠭᠤᠴᠠᠭᠠᠨ ᠤ ᠡᠪᠦᠯ ᠤᠨ ᠣᠷᠤᠢ ᠶᠢᠨ ᠳᠠᠪᠳᠠᠯᠭ᠎ᠠ ᠶᠢᠨ ᠴᠠᠭ ᠲᠤ ᠪᠢᠯᠠ᠃ ᠮᠢᠨᠤ ᠭᠡᠳᠡᠰᠤ ᠡᠪᠠᠦᠡᠴᠤ ᠶᠠᠭᠠᠭᠢᠬᠤ ᠶᠢᠨ ᠠᠷᠭ᠎ᠠ ᠦᠭᠡᠶ ᠪᠠᠢ᠌ᠳᠠᠯ᠎ᠠ ᠠᠩᠭᠢ ᠶᠢᠨ ᠡᠷᠭᠢᠯᠡᠭ᠍ᠴᠢ ᠪᠠᠭᠰᠢ ᠣᠷᠤᠵᠤ ᠢᠷᠡᠭᠡᠳ᠄ 《ᠴᠢ ᠶᠠᠭᠠᠭᠢᠭᠰᠠᠨ ᠪᠣᠢ ︖》 ᠭᠡᠵᠤ ᠠᠰᠠᠭᠤᠯ᠎ᠠ᠃ ᠪᠢ᠄ 《ᠭᠡᠳᠡᠰᠤ ᠡᠪᠠᠳᠦᠭᠡᠳ ᠶᠠᠭ ᠳᠡᠰᠭᠦ ᠦᠭᠡᠶ ᠪᠠᠢ᠌ᠨ᠎ᠠ》 ᠭᠡᠵᠤ ᠭᠡᠯᠡᠭᠦ ᠳᠤ ᠪᠠᠭᠰᠢ ᠮᠢᠨᠢ ᠄ 《ᠬᠠᠮᠢᠶ᠎ᠠ ᠦᠭᠡᠶ᠂ ᠪᠢᠳᠡᠭᠡᠢ ᠰᠠᠠᠳᠤᠷ᠂ ᠪᠠᠭᠰᠢ ᠨᠢ ᠭᠡᠷ ᠲᠤ ᠪᠠᠨ ᠠᠪᠠᠴᠢᠵᠤ ᠬᠠᠯᠠᠭᠤᠨ ᠬᠠᠩᠵᠤᠨ ᠳᠡᠭᠡᠷ᠎ᠡ ᠪᠠᠨ ᠣᠠᠳᠠᠭᠤᠯᠪᠠᠯ ᠰᠠᠢ᠌ᠨ ᠪᠣᠯᠴᠢᠬᠠᠬᠤ ᠨᠢ ᠳᠠᠷᠠ ︕》 ᠭᠡᠳ ᠮᠢᠨᠤ ᠳ᠋ᠠᠴᠠᠩ ᠢ ᠡᠮᠦᠰᠭᠡᠵᠤ ᠭᠠᠷ ᠡᠴᠠ ᠭᠦᠳᠦᠯᠤᠨ ᠭᠠᠷᠤᠯ᠎ᠠ᠃ ᠡᠨᠡ ᠦᠶᠡᠰ ᠶᠠᠭ ᠰᠠᠢ᠌ᠬᠠᠨ ᠭᠠᠳᠠᠨ᠎ᠠ ᠴᠠᠰᠤ ᠰᠢᠭᠤᠷᠤᠨ᠂ ᠰᠠᠯᠭᠢ ᠳᠡᠭ᠍ᠳᠡᠨ ᠭᠠᠷ ᠭᠠᠷᠭᠠᠬᠤ ᠶᠢᠨ ᠠᠷᠭ᠎ᠠ ᠦᠭᠡᠶ ᠭᠦᠢᠳᠡᠨ ᠪᠠᠢ᠌ᠯ᠎ᠠ᠃ ᠳᠡᠭᠡᠭᠡᠳ ᠪᠢ ᠪᠠᠭᠰᠢ ᠶᠢᠨ ᠭᠠᠷ ᠡᠴᠠ ᠵᠢᠭᠤᠷᠠᠵᠤ ᠶᠠᠪᠣᠭᠰᠠᠭᠠᠷ ᠭᠡᠷ ᠲᠤ ᠨᠢ ᠭᠦᠷᠦᠯ᠎ᠡ᠃ ᠭᠡᠷ ᠲᠤ ᠨᠢ ᠣᠷᠤᠮᠠᠭᠴᠠ ᠪᠠᠭᠰᠢ ᠮᠢᠨᠢ ᠣᠷᠤ ᠳᠡᠪᠢᠰᠭᠡᠷ ᠳᠡᠯᠭᠡᠵᠤ ᠭᠡᠪᠳᠡᠭᠦᠯᠦᠭᠡᠳ ᠬᠠᠢ᠌ᠷᠠᠳᠠᠢ ᠭᠦᠤ ᠳᠡᠭᠡᠨ ᠣᠤᠭᠤᠯᠭᠠᠵᠤ ᠪᠠᠢ᠌ᠰᠠᠨ ᠭᠡᠳᠡᠰᠤᠨ ᠡᠮ ᠡᠴᠠ ᠣᠤᠭᠤᠯᠭᠠᠪᠠ᠃ ᠭᠡᠰᠡᠭ᠌ ᠣᠳᠠᠭᠰᠠᠨ ᠶᠢᠡᠨ ᠬᠠᠢ᠌ᠷ᠎ᠠ ᠳᠤ ᠨᠢ ᠶᠤᠮ ᠦᠦ ᠡᠮ ᠳᠤ ᠨᠢ ᠶᠤᠮ ᠦᠦ ︖ ᠪᠣᠤ ᠮᠠᠳᠠ᠂ ᠮᠢᠨᠤ ᠭᠡᠳᠡᠰᠤ ᠡᠪᠠᠦᠡᠭᠦ ᠪᠠᠨ ᠪᠣᠯᠢᠵᠤ ᠬᠠᠯᠠᠭᠤᠬᠠᠨ ᠬᠠᠩᠵᠤᠨ ᠳᠤ ᠨᠢ ᠪᠦᠯᠢᠶᠡᠭᠡᠨ ᠳᠤᠭᠵᠢᠷᠠᠪᠠ᠃

ᠪᠠᠭᠰᠢ ᠮᠢᠨᠢ ᠡᠨᠡ ᠮᠠᠳᠤ ᠪᠠᠷ ᠬᠠᠭᠢᠷ ᠡᠪᠦᠯ ᠤᠨ ᠭᠦᠢᠳᠡᠨ ᠳᠤ ᠰᠤᠷᠤᠭᠴᠢ ᠪᠢᠳᠠᠨ ᠤ ᠪᠠᠨ ᠬᠠᠯᠠᠭᠤᠨ ᠭᠦᠢᠳᠡᠨ ᠢ ᠳᠡᠭ᠍ᠰᠢᠯᠡᠨ ᠭᠢᠮᠤᠷᠠᠭ᠎ᠠ ᠳᠠᠭᠰᠢᠭᠤᠷ ᠡᠴᠠ ᠰᠡᠷᠭᠡᠢ᠌ᠯᠡᠳᠡᠭ᠌ ᠪᠠᠢ᠌ᠯ᠎ᠠ᠃

ᠡᠨᠡ ᠪᠦᠭᠦᠨ ᠮᠢᠨᠤ ᠪᠠᠯᠴᠢᠷ ᠪᠠᠭ᠎ᠠ ᠶᠢᠨ ᠳᠠᠷᠢᠭᠢᠨ ᠳᠤ ᠭᠦᠨ ᠰᠠᠭᠤᠭᠳᠠᠵᠤ᠂ ᠰᠡᠳᠭᠢᠯ ᠵᠢᠷᠦᠭᠡᠨ ᠤ ᠣᠭ ᠡᠴᠠ ᠪᠠᠨ ᠬᠦ᠊ ᠪᠠᠭᠰᠢ ᠶᠠᠭ ᠯᠠ ᠡᠵᠢ ᠰᠢᠭ᠌ ᠰᠠᠨᠠᠭᠳᠠᠨ ᠭᠦᠡᠳᠦᠳᠭᠡᠭ᠍ᠳᠡᠭᠦ ᠪᠣᠯᠤᠭᠰᠠᠨ ᠶᠤᠮ᠃ ᠪᠠᠭᠰᠢ ᠮᠢᠨᠢ ᠰᠤᠷᠤᠭᠴᠢ ᠪᠢᠳᠠᠨ ᠶᠢᠡᠨ ᠳᠦᠷᠦᠭ᠍ᠰᠡᠨ ᠬᠡᠦᠬᠡᠳ ᠶᠢᠡᠨ ᠰᠢᠭ᠌ ᠰᠠᠨᠠᠵᠤ᠂ ᠰᠤᠶᠤᠯ ᠮᠡᠳᠡᠯᠭᠡ ᠶᠢᠨ ᠳᠠᠯᠠᠢ ᠳᠤ ᠱᠤᠩᠪᠠᠬᠤ ᠰᠡᠯᠢᠭᠦᠷ ᠢ ᠠᠳᠬᠤᠭᠤᠯᠵᠤ᠂ ᠰᠢᠡᠵᠢᠯᠡᠭᠦ ᠣᠬᠠᠭᠠᠨ ᠤ ᠨᠤᠶᠠᠨ ᠣᠷᠭᠢᠯ ᠳᠤ ᠮᠠᠴᠤᠬᠤ ᠵᠢᠭᠦᠷ ᠢ ᠣᠷᠭᠤᠭᠤᠯᠵᠤ ᠪᠠᠢ᠌ᠨ᠎ᠠ᠃ ᠮᠦᠨ ᠴᠤ ᠭᠦᠮᠤᠨ ᠳᠦᠷᠤᠯᠭᠢᠳᠠᠨ᠂ ᠪᠠᠢ᠌ᠭᠠᠯᠢ ᠶ‍ᠢᠷᠳᠢᠠᠴᠤ ᠳᠤ ᠳᠤᠳᠠᠭᠳᠠᠵᠤ ᠪᠣᠯᠤᠰᠢ ᠦᠭᠡᠶ ᠨᠠᠷᠠᠨ ᠮᠠᠳᠤ ᠭᠡᠷᠡᠯ ᠭᠡᠭᠡ ᠪᠠᠨ ᠪᠢᠳᠠᠨ ᠳᠤ ᠭᠦᠷᠳᠡᠭᠡᠵᠤ ᠪᠠᠢ᠌ᠨ᠎ᠠ᠃

ᠪᠢ ᠪᠠᠭᠰᠢ ᠪᠠᠨ ᠬᠠᠢ᠌ᠷᠠᠯᠠᠨ᠎ᠠ᠂ ᠪᠢ ᠬᠦ᠊ ᠪᠠᠭᠰᠢ ᠮᠠᠳᠤ ᠶᠢᠨ ᠨᠠᠩ ᠣᠯᠠᠨ ᠪᠠᠭᠰᠢ ᠲᠡᠶ ᠳᠤ ᠪᠠᠨ ᠳᠤᠩ ᠵᠢᠷᠭᠠᠯ ᠲᠡᠶ ᠰᠠᠨᠠᠭᠳᠠᠨ᠎ᠠ᠃


                        ᠵᠢᠯᠤᠭᠤᠳᠤᠭᠰᠠᠨ ᠪᠠᠭᠰᠢ᠄ ᠳ᠋ᠠᠢ ᠰᠢᠶᠤᠤ


ᠵᠤᠬᠢᠶᠠᠭᠴᠢ ᠶᠢᠨ ᠬᠠ‍‌ᠶᠢᠭ ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠬᠠᠷᠠᠠᠤᠰᠤ ᠭᠤᠤᠯ ᠰᠤᠷᠭᠠᠭᠤᠯᠢ

ᠵᠤᠬᠢᠶᠠᠭᠴᠢ᠄ ᠰᠠᠠᠰᠠᠷ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2315
ᠴᠠᠭ᠄ 2011 ᠤᠨ ᠤ 06 ᠰᠠᠷ᠎ᠠ ᠶᠢᠨ 15