ᠰᠢᠯᠦᠭ᠌

ᠮᠢᠨᠤ ᠳᠠᠷᠢᠭᠢᠨ ᠳ᠋ᠤ

ᠦᠳᠡᠰᠢ ᠶᠢᠨ ᠮᠠᠨᠠᠨ ᠰᠢᠭ

ᠪᠦᠷᠦᠭ᠌ ᠪᠠᠷᠤᠭ

ᠰᠦᠮᠠᠯᠵᠠᠵᠤ

ᠥᠵᠦᠭᠦᠷ᠂ ᠰᠡᠭᠦᠯ ᠨᠢ ᠣᠯᠳᠠᠬᠤ ᠥᠭᠡᠢ

ᠨᠠᠳᠠᠪᠠᠯᠵᠢᠨ᠎ᠠ᠃


ᠪᠢ

ᠣᠮᠳᠠᠭᠠᠰᠤᠭᠰᠠᠨ ᠳᠡᠮᠡᠭᠡ ᠰᠢᠭ᠌

ᠣᠷᠤᠭᠤᠯ ᠴᠤᠷᠪᠠᠢ᠌ᠯᠭᠠᠨ

ᠪᠠᠯᠠᠷ ᠲᠤ ᠨᠢ ᠳᠠᠨᠤᠵᠤ

ᠪᠠᠯ ᠳᠤ ᠨᠢ ᠳᠤᠨᠤᠨ᠎ᠠ᠃


ᠡᠴᠦᠰ ᠤᠨ ᠹᠦ ᠶᠢᠨ ᠬᠠᠯᠠᠭᠤᠨ

ᠮᠢᠨᠤ

ᠡᠷ᠎ᠡ ᠵᠤᠷᠢᠭ ᠤᠨ ᠣᠷᠭᠢᠯᠤᠭᠤᠷ᠃

ᠢᠷᠡᠭᠦ ᠡᠪᠦᠯ ᠤᠨ ᠰᠢᠭᠤᠷᠭᠠᠨ

ᠮᠢᠨᠤ

ᠡᠳᠦᠷ ᠳᠤᠵᠢ ᠶᠢᠨ ᠳᠤᠭᠯᠠᠭᠤᠷ᠃


ᠡᠯᠡᠰᠤᠨ ᠡᠴᠡ ᠨᠢᠭᠡ ᠮᠥᠭᠦᠯᠢᠭ᠌

ᠨᠣᠢ᠌ᠳᠠᠨ ᠠᠮᠢᠰᠬᠤᠭ᠎ᠠ

ᠣᠯᠵᠤ ᠳᠡᠮᠳᠡᠭᠯᠡᠭᠦ ᠪᠣᠯ

ᠮᠢᠨᠤ

ᠡᠴᠦᠰ ᠤᠨ ᠭᠦᠭ‍ᠭᠡᠭᠡᠴᠡᠯᠳᠦᠯ᠂

ᠡᠭᠡᠨᠡᠭ᠍ᠳᠡ ᠶᠢᠨ ᠵᠢᠷᠭᠠᠯ ᠪᠢᠯᠠ ᠡ︕


1988.10.21 ᠊᠊᠊᠊᠊᠊᠊᠊᠊᠊᠊᠊᠊᠊᠊ 22 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1337
ᠴᠠᠭ᠄ 2010 ᠤᠨ ᠤ 06 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ