ᠵᠤᠨ ᠤ ᠦᠳᠡᠰᠢ ᠶᠢᠨ ᠵᠢᠷᠤᠭ

ᠦᠷᠯᠦᠭᠡ ᠨᠢᠭᠤᠷ ᠶᠢᠡᠨ ᠣᠭᠢᠶᠠᠭᠰᠠᠨ ᠦᠭᠡᠶ ᠭᠡᠮᠡᠷ ᠦᠷᠪᠠᠭᠡᠷ ᠡᠷᠡᠭ᠍ᠳᠡᠢ

ᠦᠨᠦᠷᠳᠤ ᠣᠰᠤ ᠭᠡᠳᠦᠷᠡᠳᠡᠯ᠎ᠡ ᠰᠦᠷᠴᠢᠭ᠍ᠰᠡᠨ ᠡᠮᠡᠭ᠍ᠳᠡᠢ ᠲᠡᠶ ᠵᠠᠬ᠎ᠠ ᠳᠡᠭᠡᠷ᠎ᠡ ᠦᠨ᠎ᠡ ᠬᠠᠶᠠᠯᠴᠠᠨ᠎ᠠ

ᠡᠭᠦᠳᠡᠨ ᠳᠤ ᠪᠠᠨ ᠭᠦᠯᠳᠡᠭᠡᠭᠦᠷ ᠳᠠᠯᠪᠢᠭᠰᠠᠨ ᠵᠢᠵᠢᠭ᠌ ᠳᠡᠯᠭᠡᠭᠦᠷ ᠤᠨ ᠡᠮᠤᠨ᠎ᠡ

ᠦᠨᠳᠦᠷ ᠣᠭᠳᠤᠷ ᠬᠤᠶᠠᠷ ᠡᠪᠦᠭᠡᠨ ᠰᠢᠳᠠᠷ᠎ᠠ ᠳᠤᠭᠯᠠᠨ᠎ᠠ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ


ᠦᠷᠦᠭᠡᠨ ᠳᠤ ᠪᠠᠨ ᠢᠯᠠᠭ᠎ᠠ ᠠᠯᠠᠵᠤ ᠳᠠᠮᠠᠢ ᠯᠠ ᠬᠠᠷᠢᠶᠠᠯ ᠳᠠᠯᠪᠢᠬᠤ ᠳᠠᠷᠭᠤᠨ ᠡᠭᠡᠨᠡᠷ ᠢ ᠡᠯᠡᠭᠯᠡᠵᠤ

ᠦᠨᠳᠦᠷ ᠥᠰᠦᠭᠡᠢ᠌ᠳᠤ ᠪᠠᠨ ᠬᠠᠵᠠᠭᠠᠢ ᠭᠢᠰᠭᠢᠭ᠍ᠰᠡᠨ ᠭᠡᠦᠭᠡᠨ ᠠᠮᠠ ᠪᠠᠨ ᠪᠢᠳᠡᠭᠦᠯᠡᠵᠤ ᠥᠩᠭᠡᠷᠡᠨ᠎ᠡ

ᠥᠭᠡᠷᠴᠢᠨ ᠤ ᠦᠮᠦᠳᠦᠨ ᠬᠠᠷᠮᠠᠨ ᠡᠴᠡ ᠪᠠᠨ ᠳᠠᠮᠠᠭᠢ ᠪᠣᠯᠳᠠᠢ᠌ᠯᠭᠠᠭᠰᠠᠨ ᠭᠦᠦᠴᠦᠦᠯ

ᠦᠶ᠎ᠡ ᠶᠢᠨ ᠭᠡᠳᠤᠨ ᠭᠡᠦᠭᠡᠨ ᠲᠡᠶ ᠪᠠᠨ ᠳᠠᠪᠳᠠᠯᠭᠠᠨ ᠡᠴᠡ ᠪᠠᠭᠤᠵᠤ ᠱᠤᠤᠭᠢᠯᠳᠤᠨ ᠬᠠᠷᠢᠵᠠᠭᠠᠨ᠎ᠠ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ


ᠨᠠᠭᠠᠳᠤᠮ ᠤᠨ ᠮᠠᠰᠢᠨ᠂ ᠣᠮᠳᠠᠭᠠᠨ᠂ ᠮᠦᠰᠤᠮᠠᠯᠵᠢ ᠁ ᠭᠡᠵᠤ ᠡᠵᠢ ᠪᠠᠨ ᠳᠡᠩᠰᠢᠭᠦᠯᠭᠦ ᠵᠢᠭᠠᠯ

ᠨᠠᠭᠠᠳᠤ ᠳᠠᠯ᠎ᠠ ᠳᠤ ᠨᠢ ᠣᠳᠠᠰᠤᠳᠠᠵᠤ ᠵᠤᠭᠰᠤᠬᠤ ᠪᠦᠳᠦᠭᠦᠨ ᠭᠡᠳᠡᠰᠤ ᠲᠡᠶ ᠠᠪᠣ

《ᠥᠨᠦᠭᠡᠨ ᠴᠢᠯᠦᠭᠡᠨ ᠳᠤ ᠪᠠᠨ ᠵᠢᠷᠭᠠᠶ᠎ᠠ》 ᠭᠡᠵᠤ ᠳᠠᠭᠤᠯᠠᠨ ᠡᠭᠦᠰᠭᠡᠭᠦ ᠠᠷᠢᠭᠢᠨ ᠳᠠᠭᠳᠤ

ᠦᠨᠳᠦᠷ ᠳᠡᠭ᠍ᠳᠡᠷ ᠲᠡᠶ ᠪᠠᠩᠭᠢ ᠶᠢᠨ ᠢᠠᠳᠠᠷ ᠳᠡᠭᠡᠷ᠎ᠡ ᠬᠠᠮᠠᠷ ᠳᠠᠳᠠᠬᠤ ᠭᠣᠢ᠌ᠷᠠᠠᠴᠢ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ


ᠭᠦᠯ ᠮᠤᠷᠤᠢ ᠠᠳᠠᠯ᠎ᠠ ᠣᠬᠤᠷ ᠪᠠᠩᠵᠠᠯ ᠲᠡᠶ ᠬᠤᠭᠤᠯᠠᠨ ᠭᠡᠷ ᠤᠨ ᠡᠵᠡᠭ᠍ᠳᠡᠢ

ᠭᠦᠵᠦᠭᠦᠨ ᠳᠤ ᠪᠠᠨ ᠵᠠᠭᠠᠯᠮᠠᠢ ᠵᠡᠭᠦᠭ᠍ᠰᠡᠨ ᠭᠦᠯ ᠨᠢᠴᠦᠭᠦᠨ ᠭᠡᠦᠭᠡᠨ ᠳᠤ ᠰᠢᠳᠤᠨ ᠰᠢᠭᠢᠴᠢᠯᠡᠭᠦᠷ ᠭᠠᠷᠳᠠᠭᠤᠯᠤᠨ᠎ᠠ

ᠭᠦᠮᠤᠨ ᠡᠴᠡ ᠵᠠᠢ᠌ᠳᠠᠭᠤ ᠪᠠᠭᠠᠯ ᠨᠤᠬᠠᠢ ᠪᠠᠨ ᠭᠦᠳᠦᠯᠵᠤ ᠳᠤᠭᠤᠷᠢᠬᠤ ᠡᠪᠦᠭᠡᠨ

ᠬᠦᠩᠭᠡᠨ ᠮᠤᠲ᠋ᠤᠷ ᠤᠨ ᠠᠷᠤ ᠳᠤ ᠰᠤᠩᠭᠢᠨ᠎ᠠ ᠠᠴᠢᠭᠰᠠᠨ ᠭᠦᠮᠤᠨ ᠤ ᠵᠥᠭ᠌ ᠭᠠᠷ ᠡᠷᠭᠦᠵᠤ ᠠᠮᠵᠢᠨ᠎ᠠ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ


ᠬᠠᠶᠠᠭᠳᠠᠮᠠᠯ ᠣᠰᠤᠨ ᠤ ᠬᠤᠤᠠᠳᠤᠭ ᠤᠨ ᠠᠮᠠᠰᠠᠷ ᠶᠢᠡᠷ ᠬᠠᠮᠠᠷ ᠶᠢᠡᠷ ᠶᠢᠡᠨ ᠰᠢᠭᠠᠭᠰᠠᠨ ᠪᠠᠭ᠎ᠠ ᠮᠠᠰᠢᠨ

ᠬᠠᠵᠠᠭᠤ ᠳᠤ ᠨᠢ ᠰᠥᠪᠠᠭᠡ ᠳᠤᠯᠤᠭᠰᠠᠨ ᠺᠦᠰᠲ᠋ᠢᠶᠠᠮ ᠲᠡᠶ ᠡᠷᠡᠭ᠍ᠳᠡᠢ᠂ ᠵᠠᠮ ᠤᠨ ᠬᠠᠪᠰᠤᠷᠤᠭᠴᠢ ᠴᠠᠭᠳᠠᠭ᠎ᠠ ᠨᠡᠷ

ᠬᠠᠮᠢᠭ᠎ᠠ ᠡᠴᠡ ᠠᠰᠠᠷ ᠠᠪᠣᠪᠠᠯ ᠰᠠᠢ᠌ᠬᠠᠨ᠂ ᠭᠡᠳᠦᠢ ᠳᠤ ᠦᠷᠢ ᠪᠠᠨ ᠲᠦᠯᠤᠵᠤ ᠪᠠᠷᠠᠬᠤ ᠳᠤᠬᠠᠢ ᠣᠷᠮᠠᠳᠠᠢ ᠶᠠᠷᠢᠯᠴᠠᠬᠤ ᠬᠤᠶᠠᠷ

ᠬᠠᠩᠭᠢᠨᠠᠳᠠᠯ᠎ᠠ ᠪᠦᠷᠢᠶ᠎ᠡ ᠳᠤᠤᠭᠠᠷᠭᠠᠵᠤ ᠱᠠᠩᠨᠠᠯᠳᠤ ᠰᠤᠭᠤᠯᠤᠭ᠎ᠠ ᠶᠢᠨ ᠡᠭᠦᠳᠡᠨ ᠳᠤ ᠵᠤᠭᠰᠤᠭᠰᠠᠨ ᠳᠦᠷᠢᠶᠠᠰᠤᠨ ᠮᠠᠰᠢᠨ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ


ᠭᠦᠯ ᠨᠢ ᠭᠡᠳᠦᠢ ᠡᠷᠭᠢᠯᠳᠦᠵᠤ ᠳᠠᠰᠢᠶ᠎ᠠ ᠨᠢ ᠭᠡᠴᠢᠨᠡᠨ ᠮᠤᠰᠭᠢᠯᠳᠤᠪᠠᠴᠤ

ᠭᠦᠷᠳᠤᠨ ᠳᠤᠤᠷᠠᠭᠢ ᠵᠠᠮ ᠨᠢ ᠶᠠᠷᠤ ᠬᠤᠷᠤᠬᠤ ᠦᠭᠡᠶ ᠪᠠᠰᠡᠷᠡᠭ᠌ ᠳᠤᠭᠤᠢ ᠲᠡᠶ ᠭᠡᠦᠭᠡᠨ

ᠭᠦᠭᠡᠭᠡᠯᠴᠡᠵᠤ ᠳᠠᠭᠤᠯᠴᠠᠵᠤ ᠪᠠᠷᠠᠭᠠᠤᠨ ᠨᠢᠭᠡᠨ ᠶᠢᠡᠨ ᠡᠭᠦᠷᠴᠢᠭᠡᠭ᠍ᠰᠡᠨ ᠶᠠᠪᠣᠬᠤ ᠠᠮᠠᠷᠠᠭ ᠬᠤᠤᠰ

ᠭᠦᠮᠤᠨ ᠪᠣᠯᠭᠠᠨ ᠳᠡᠭᠦᠨ ᠳᠤ ᠦᠷᠢ ᠲᠡᠶ ᠶᠤᠮᠰᠢᠭ ᠴᠢᠷᠠᠢ ᠳᠠᠯᠪᠢᠭᠰᠠᠨ ᠵᠢᠵᠢᠭ᠌ ᠪᠣᠭᠴᠤ ᠲᠡᠶ ᠠᠪᠠᠭᠠᠢ

ᠵᠢᠵᠢᠭ᠌ ᠪᠠᠯᠭᠠᠰᠤᠨ ᠤ ᠵᠤᠨ ᠤ ᠦᠳᠡᠰᠢ

ᠵᠢᠷ ᠤᠨ ᠠᠮᠢᠳᠤᠷᠠᠯ ᠤᠨ ᠰᠤᠨᠢᠨ ᠵᠢᠷᠤᠭ



ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1342
ᠴᠠᠭ᠄ 2010 ᠤᠨ ᠤ 07 ᠰᠠᠷ᠎ᠠ ᠶᠢᠨ 21
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ