ᠥᠭᠡ ᠶᠠᠷᠢᠳᠠᠭ ᠨᠢᠳᠤ

ᠭᠡᠦᠭᠡᠨ ᠶᠠᠭᠠᠨ ᠴᠢᠷᠠᠢ᠌ᠯᠢᠭ ᠢ ᠴᠢᠨᠢ

ᠭᠦᠡᠳᠡᠭᠡᠪᠠᠯ ᠬᠠᠢ᠌ᠯᠴᠢᠬᠠᠮᠠᠷ ᠰᠠᠨᠠᠭᠳᠠᠬᠤ ᠶᠤᠮ

ᠭᠦᠮᠦᠰᠭᠡᠨ ᠬᠠᠷ᠎ᠠ ᠮᠠᠯᠮᠠᠢ ᠴᠢᠨᠢ

ᠴᠤᠴᠢᠷᠳᠤᠩᠬᠠᠨ ᠮᠠᠯᠮᠠᠯᠵᠠᠨ ᠶᠠᠷᠢᠬᠤ ᠴᠤ ᠶᠤᠮ

ᠭᠦᠮᠤᠨ ᠤ ᠨᠤᠳᠤᠭ ᠤᠨ ᠭᠠᠵᠠᠷ ᠣᠰᠤᠨ ᠭᠡᠵᠤ

ᠭᠦᠷᠦᠰᠤ ᠨᠢ ᠶᠠᠮᠠᠷᠬᠠᠨ ᠰᠢᠮᠡᠵᠢᠳᠡᠭ᠌ ᠢ

ᠮᠠᠩᠨᠠᠢ ᠳ᠋ᠤᠨᠢ ᠪᠠᠭᠤᠭᠰᠠᠨ ᠭᠡᠵᠢᠭᠡ ᠶᠢ ᠴᠢᠨᠢ

ᠰᠠᠠᠴᠢᠭ ᠲᠤ ᠨᠢ ᠢᠯᠪᠢᠨ ᠠᠰᠠᠭᠤᠮᠠᠷ ᠴᠤ ᠪᠠᠢ᠌ᠨ᠎ᠠ

ᠴᠡᠮᠴᠡᠭᠡᠷ ᠬᠤᠠᠳᠤᠨ ᠣᠷᠤᠭᠤᠯ ᠢ ᠴᠢᠨᠢ

ᠥᠭᠦᠭᠡᠷᠳᠡᠨ ᠪᠠᠢ᠌ᠵᠤ ᠶᠠᠷᠢᠭᠤᠯᠤᠮᠠᠷ ᠴᠤ ᠪᠠᠢ᠌ᠨ᠎ᠠ

ᠶᠠᠩᠵᠤᠳᠤ ᠰᠠᠢ᠌ᠬᠠᠨ ᠠᠮᠢᠳᠤᠷᠠᠯ

ᠶᠠᠭᠠᠭᠢᠯ᠎ᠠ ᠭᠡᠵᠤ ᠡᠭᠡᠰᠢᠭ᠌ ᠶᠢᠡᠷ ᠳᠤᠳᠠᠨ᠎ᠠ ᠪᠣᠢ

ᠶᠠᠪᠣᠭᠤᠳᠠᠯ ᠡᠨᠡ ᠣᠷᠴᠢᠯᠠᠩ

ᠳᠠᠭᠤᠤ ᠪᠠᠷ ᠶᠠᠭᠠᠭᠢᠨ ᠬᠤᠮᠰᠠᠳᠠᠬᠤ ᠪᠣᠢ

ᠠᠯᠢᠶ᠎ᠠ ᠪᠣᠯᠪᠠᠷᠠᠢ᠌ᠬᠠᠨ ᠳᠦᠷᠢ ᠶᠢ ᠴᠢᠨᠢ

ᠠᠯᠠᠭᠠᠨ ᠳᠤ ᠪᠠᠨ ᠳᠤᠰᠴᠤ ᠶᠠᠪᠣᠶ᠎ᠠ

ᠠᠭᠢᠵᠤ ᠳᠦᠭᠡᠯᠡᠭᠦ ᠨᠠᠰᠤ ᠶᠢ ᠴᠢᠨᠢ

ᠪᠠᠶ᠎ᠠ ᠳᠤ ᠪᠠᠨ ᠠᠪᠴᠤ ᠦᠳᠡᠯᠤᠶ᠎ᠠ

ᠭᠡᠦᠭᠡᠨ ᠴᠠᠭᠠᠨ ᠮᠠᠩᠨᠠᠢ ᠳᠤ ᠴᠢᠨᠢ

ᠦᠷᠴᠢᠭᠡᠯᠡᠰᠤ ᠪᠣᠤ ᠨᠠᠮᠠ ᠭᠡᠵᠤ

ᠭᠦᠮᠪᠦᠮ ᠭᠡᠢ᠌ᠤᠨ ᠤᠨ ᠭᠡᠭᠡᠨ ᠳ᠋ᠤ

ᠵᠤᠯᠠ ᠪᠠᠨ ᠡᠷᠭᠦᠵᠤ ᠵᠠᠯᠪᠢᠷᠠᠶ᠎ᠠ

ᠭᠦᠮᠤᠨ ᠤ ᠣᠷᠴᠢᠯᠠᠩ ᠤᠨ ᠨᠠᠷᠠᠨ ᠪᠠᠢ᠌ᠭᠠᠯᠢ ᠳ᠋ᠤ

ᠰᠤᠯᠤᠩᠭ᠋ᠠᠨ ᠥᠩᠭᠡ ᠪᠠᠷ ᠨᠢ ᠮᠥᠩᠭᠡᠷᠡᠭ᠌ ᠳᠡ︕



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1450
ᠴᠠᠭ᠄ 2011 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁