ᠴᠢᠨ᠋ᠸ᠎ᠠ ᠶᠢᠨ ᠳᠤᠤᠯᠢ

ᠰᠥᠯᠳᠡᠯᠡᠭ᠍ᠰᠡᠨ ᠣᠯᠢᠯᠳᠠ ᠳᠤ ᠴᠢᠨᠢ ᠰᠦᠨᠢ ᠶᠢᠨ ᠨᠠᠮ ᠭᠦᠮ ᠡᠭᠡᠰᠢᠭᠯᠡᠵᠤ

ᠰᠥᠰᠦᠭᠯᠡᠭ᠍ᠰᠡᠨ ᠭᠢᠰᠭᠢᠯᠳᠠ ᠳᠤ ᠴᠢᠨᠢ ᠳᠠᠯ᠎ᠠ ᠶᠢᠨ ᠰᠠᠯᠭᠢ ᠪᠦᠵᠢᠭᠯᠡᠨ᠎ᠡ᠂

ᠰᠦᠷᠳᠤ ᠬᠠᠷᠠᠴᠠᠨ ᠳᠤ ᠴᠢᠨᠢ ᠣᠨ ᠤ ᠭᠦᠷᠳᠤ ᠳᠠᠭᠵᠢᠰᠭᠢᠵᠤ

ᠰᠦᠮᠪᠦᠷ ᠬᠠᠢ᠌ᠷᠬᠠᠤᠨ ᠴᠢᠨᠤ ᠣᠯᠠᠨ ᠳᠤᠤᠷ᠎ᠠ ᠪᠦᠭᠦᠢᠰᠭᠢᠨ᠎ᠡ᠁

ᠳᠠᠢ᠌ᠮᠤ ᠡ᠂ ᠴᠢᠨ᠋ᠸ᠎ᠠ ᠶᠢᠨ ᠮᠦᠷ ᠳᠡᠦᠭᠡ ᠶᠢᠨ ᠳᠠᠮᠠᠭ᠎ᠠ ᠪᠣᠯᠤᠨ ᠦᠯᠠᠳᠠᠪᠠᠢ᠂

ᠳᠡᠭ᠍ᠷᠢ ᠶᠢᠨ ᠬᠠᠶᠠᠭ᠎ᠠ ᠶᠢ ᠬᠠᠷᠠᠵᠤ᠂ ᠠᠭᠤᠯᠠᠨ ᠦᠨᠳᠦᠷ ᠲᠤ ᠰᠡᠭᠦᠢᠭᠦ ᠴᠢᠨᠤ ᠰᠦᠷ

ᠳᠠᠮᠤᠷ ᠰᠤᠮᠤᠨ ᠡᠴᠡ ᠭᠢᠴᠢᠶᠠᠮᠵᠢᠯᠠᠵᠤ᠂ ᠠᠯᠬᠤᠭ᠎ᠠ ᠰᠤᠯᠠᠳᠠᠭᠰᠠᠨ ᠴᠢᠨᠤ ᠰᠤᠷᠭᠠᠭ᠂

ᠳᠡᠩᠭᠡᠯᠢᠭ᠌ ᠤᠨ ᠵᠠᠶᠠᠭᠠᠨ ᠳᠤ ᠴᠢ ᠵᠤᠷᠢᠭ ᠲᠡᠶ ᠳᠠᠭᠠᠨ ᠰᠥᠰᠦᠭᠯᠡᠵᠤ᠂ ᠵᠤᠪᠠᠯᠠᠩ ᠳᠤ ᠰᠥᠭᠦᠷᠡᠭ᠍ᠰᠡᠨ ᠥᠭᠡᠢ

ᠳᠡᠦᠭᠡ ᠶᠢᠨ ᠣᠷᠪᠠᠭᠠᠨ ᠳᠤ ᠴᠢ ᠰᠢᠷᠬᠠᠳᠤᠵᠤ ᠨᠢᠭᠡ ᠣᠨᠠᠯ᠎ᠠ᠂ ᠰᠢᠭᠤᠳᠴᠤ ᠪᠠᠰᠠ ᠭᠠᠷᠤᠯ᠎ᠠ᠁

ᠳᠠᠢ᠌ᠮᠤ ᠡ᠂ ᠴᠢᠨ᠋ᠸ᠎ᠠ ᠶᠢᠨ ᠳᠡᠭ᠍ᠷᠢ ᠬᠠᠳᠠᠭᠤ ᠴᠤ ᠵᠠᠶᠠᠭᠠᠨ ᠳᠠᠭᠠᠨ ᠦᠨᠡᠠᠴᠢ᠂

ᠬᠤᠨᠢᠳ ᠤᠨ ᠭᠡᠳᠦᠯᠦᠭ᠍ᠰᠡᠨ ᠣᠰᠤ ᠳᠤᠯᠢᠶᠠᠭᠰᠠᠨ ᠴᠤ᠂ ᠬᠤᠭᠢᠮᠠᠯ ᠳᠤᠯᠤᠭᠠᠢ᠌ᠳᠠᠨ ᠢ ᠰᠢᠳᠦᠭᠡ ᠥᠭᠡᠢ

ᠦᠪᠡᠷ ᠤᠨ ᠭᠠᠷ ᠶᠢᠡᠨ ᠵᠠᠵᠠᠯᠵᠤ ᠠᠮᠢ ᠭᠠᠷᠤᠭᠰᠠᠨ ᠴᠤ᠂ ᠥᠭᠦᠯ ᠤᠨ ᠮᠥᠩᠭᠡᠷᠡᠯ ᠭᠦᠰᠡᠭᠡ ᠥᠭᠡᠢ

ᠦᠨᠦᠴᠢᠨ ᠵᠤᠪᠠᠯᠠᠩ᠂ ᠥᠯᠦᠰᠭᠦᠯᠡᠩ ᠭᠠᠴᠢᠭᠳᠠᠯ ᠶᠢᠡᠷ ᠲᠤᠢ᠌ᠯᠳᠠᠭᠰᠠᠨ ᠴᠤ ᠬᠠᠨ ᠳᠡᠭ᠍ᠷᠢ ᠶᠢᠨ ᠡᠯᠴᠢᠨ

ᠬᠠᠷᠭᠢᠰ ᠭᠡᠷᠴᠡᠭᠡᠢ ᠬᠠᠷ᠎ᠠ ᠨᠠᠷ᠎ᠠ ᠵᠡᠭᠦᠭ᠍ᠰᠡᠨ ᠴᠤ᠂ ᠬᠠᠳᠠᠭᠤ ᠵᠤᠷᠢᠭ ᠤᠨ ᠣᠮᠤᠭᠰᠢᠯ ᠁

ᠳᠠᠢ᠌ᠮᠤ ᠡ᠂ ᠴᠢᠨ᠋ᠸ᠎ᠠ ᠶᠢᠨ ᠳᠦᠷᠪᠠᠨ ᠮᠦᠴᠡ᠂ ᠲ᠋ᠠᠮᠤᠷ ᠭᠦᠷᠳᠤ ᠶᠢ ᠳᠡᠢ᠌ᠯᠡᠭᠦᠶ᠎ᠡ ᠪᠠᠷᠭᠡ᠂

ᠬᠠᠷᠠᠩᠭ᠋ᠤᠢ ᠶᠢ ᠰᠢᠪᠳᠤᠯᠤᠭᠰᠠᠨ ᠭᠢᠯᠪᠠᠭᠡᠨ ᠭᠡᠷᠡᠯ᠂ ᠰᠦᠷ ᠶᠢᠡᠷ ᠴᠢᠨᠢ ᠪᠣᠰᠤᠭᠰᠠᠨ ᠳᠤᠭᠤᠰᠤ ᠪᠣᠯᠤᠨ ᠪᠣᠳᠠᠷᠠᠬᠤ ᠳ᠋ᠤ

ᠬᠠᠷᠠᠮᠰᠠᠯ ᠤᠨ ᠰᠡᠭᠦᠷᠡᠰᠤ ᠲᠡᠶ ᠣᠯᠢᠯᠳᠠ ᠴᠤ ᠳᠠᠮᠤᠷ ᠳᠤᠤᠷ ᠤᠨ ᠳᠤᠳᠤᠷ᠎ᠠ ᠡᠴᠠ ᠨᠢᠯᠪᠣᠰᠤ ᠪᠣᠯᠤᠨ ᠠᠯᠳᠠᠷᠠᠨ᠎ᠠ

ᠴᠢᠯᠡᠭ᠍ᠰᠡᠨ ᠭᠦᠯ ᠤᠨ ᠠᠯᠬᠤᠭ᠎ᠠ ᠶᠢ ᠠᠷᠭᠠᠴᠠᠵᠤ᠂ ᠴᠢᠨᠦᠷᠡᠭ᠍ᠰᠡᠨ ᠳᠠᠯ᠎ᠠ ᠪᠠᠷ ᠠᠮᠢᠳᠤ ᠶᠢᠨ ᠡᠷᠢᠯ ᠶᠢᠡᠷ ᠡᠷᠭᠢᠴᠡᠭᠦ ᠳ᠋ᠤ

ᠴᠢᠨ᠋ᠸ᠎ᠠ ᠶᠢᠨ ᠳᠡᠭ᠍ᠷᠢ ᠳᠠᠩᠴᠤ ᠭᠡᠴᠡᠭᠦᠤ ᠶᠤᠮ ᠦᠦ᠂ ᠴᠢᠨ᠋ᠸ᠎ᠠ ᠶᠢ ᠰᠢᠳᠦᠭ᠍ᠰᠡᠨ ᠮᠢᠨᠤ ᠰᠡᠳᠭᠢᠯ ᠳᠠᠩᠴᠤ ᠵᠡᠷᠯᠢᠭ᠌ ᠶᠤᠮ ᠦᠦ᠁


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠭᠤᠤᠯᠮᠤᠳ ᠬᠤᠳᠠ

ᠵᠤᠬᠢᠶᠠᠭᠴᠢ᠄ ᠪᠣᠷᠵᠢᠭᠢᠨ ᠨᠠᠴᠢᠨ
ᠬᠠᠷᠢᠶ᠎ᠠ᠄ ᠰᠢᠯᠦᠭ
ᠳᠠᠷᠤᠮ᠄ 1910
ᠴᠠᠭ᠄ 2012 ᠤᠨ ᠤ 03 ᠰᠠᠷ᠎ᠠ ᠶᠢᠨ 16