ᠳᠡᠭᠡᠳᠤ ᠮᠤᠩᠭ᠋ᠤᠯᠴᠤᠳ 《ᠭᠠᠰ ᠤᠨ ᠴᠠᠭᠠᠨ ᠳᠠᠷᠠᠰᠤᠨ》᠊ᠢ ᠳᠤᠷᠠᠰᠤᠨ ᠳᠠᠭᠤᠯᠠᠳᠠᠭ ᠣᠴᠢᠷ

ᠳᠠᠭᠤᠳᠠᠬᠤ ᠨᠠᠷ᠎ᠠ ᠶᠢ ᠠᠪᠣ ᠡᠵᠢ ᠦᠭ‍ᠳᠡᠭ᠌

ᠲ᠋ᠤᠷᠠᠰᠬᠠᠬᠤ ᠨᠠᠷ᠎ᠠ ᠶᠢ ᠦᠪᠡᠷ ᠶᠢᠠᠨ ᠣᠯᠳᠠᠭ ᠪᠣᠶᠤ

ᠭᠡᠭᠡᠨ ᠭᠦᠦᠰᠢ ᠬᠠᠨ 1636 ᠣᠨ ᠳᠤ ᠰᠢᠠᠵᠢᠶᠠᠩ ᠤᠨ ᠦᠷᠦᠮᠴᠢ ᠣᠷᠴᠢᠮ ᠡᠴᠡ ᠬᠤᠱᠤᠳ ᠠᠢ᠌ᠮᠠᠭ ᠶᠢᠠᠨ ᠳᠠᠭᠠᠭᠤᠯᠤᠨ ᠬᠦᠬᠡ‍ᠨᠠᠭᠤᠷ ᠤᠨ ᠥᠡᠳᠦᠷᠯᠢᠭ᠌ ᠲᠤ ᠢᠷᠠᠵᠤ ᠶᠠᠷᠤ ᠪᠣᠰᠤ ᠶᠢᠨ ᠰᠤᠳᠤ ᠮᠡᠷᠭᠡᠨ ᠣᠬᠠᠭᠠᠨ ᠶᠢᠡᠷ ᠲᠦᠷᠦ ᠪᠣᠰᠬᠠᠨ ᠳᠡᠦᠭᠡ ᠪᠠᠢ᠌ᠭᠤᠯᠤᠭᠰᠠᠨ ᠪᠠᠢ᠌ᠪᠡ᠃ ᠳᠡᠭᠡᠭᠡᠤᠨ 1654 ᠡᠤᠨ ᠤ ᠠᠷᠪᠠᠨ ᠬᠤᠶᠠᠷ ᠰᠠᠷ᠎ᠠ ᠶᠢᠨ ᠰᠢᠨ᠎ᠠ ᠶᠢᠨ ᠳᠤᠯᠤᠭᠠᠨ ᠤ ᠰᠦᠨᠢ ᠳᠦᠯᠢ ᠪᠠᠷ ᠨᠢᠭᠡ ᠦᠶ᠎ᠡ ᠶᠢᠨ ᠪᠠᠭᠠᠳᠤᠷ ᠡᠵᠡᠨ᠂ ᠬᠤᠱᠤᠳ ᠮᠤᠩᠭ᠋ᠤᠯ ᠤᠨ ᠣᠯᠤᠰ ᠲᠦᠷᠦᠴᠢ᠂ ᠴᠡᠷᠢᠭ᠌ ᠳᠠᠢ᠌ᠨ ᠤ ᠪᠣᠳᠤᠯᠭᠠᠳᠠᠨ ᠪᠦᠭᠡᠤᠨ ᠲᠦᠪᠡᠳ ᠤᠨ ᠪᠣᠳ᠋ᠳ᠋ᡁᠨ ᠶᠢᠨ ᠱᠠᠰᠢᠨ ᠤ ᠰᠢᠷ᠎ᠠ ᠶᠢᠨ ᠱᠠᠰᠢᠨ ᠤ ᠪᠦᠯᠦᠭ᠍ᠳᠡᠨ ᠤ ᠠᠭᠤᠤ ᠶᠡᠭᠡ ᠬᠠᠮᠠᠭᠠᠯᠠᠭᠴᠢ ᠭᠦᠦᠰᠢ ᠬᠠᠨ ᠲ᠋ᠠᠯᠠᠨ ᠭᠤᠷᠪᠠᠨ ᠨᠠᠰᠤᠨ ᠳᠠᠭᠠᠨ ᡀᠠᠰᠠ (ᠣᠯᠠᠭᠠᠨ ᠣᠷᠳᠤᠨ) ᠳ᠋ᠤ ᠬᠠᠯᠢᠵᠠᠢ᠃ ᠭᠡᠭᠡᠨ ᠭᠦᠦᠰᠢ ᠬᠠᠨ ᠨᠠᠰᠤ ᠪᠠᠷᠠᠭᠰᠠᠨ ᠤ ᠳᠠᠷᠠᠭ᠎ᠠ᠂ ᠵᠡᠭᠦᠨ ᠪᠠᠷᠠᠭᠤᠨ ᠭᠠᠷᠤᠨ ᠤ ᠨᠠᠢ᠌ᠳᠠ ᠶᠢᠨ ᠠᠬᠠᠯᠠᠭᠴᠢ ᠳᠠᠷᠤᠢ 《ᠬᠤᠱᠤᠳ ᠤᠨ ᠨᠢ᠋ᠮᠠᠨ ᠳᠠᠢ᠌ᠵᠢ》 ᠵᠢᠨ ᠠᠬᠠᠯᠠᠭᠴᠢ ᠶᠢ 《ᠶᠡᠷᠦᠩᠭᠡᠢ ᠵᠠᠭᠢᠷᠤᠭᠴᠢ ᠸᠠᠩ》 ᠭᠡᠳᠡᠭ᠌ ᠪᠠᠢ᠌ᠭᠰᠠᠨ ᠪᠦᠭᠡᠤᠨ ᠭᠡᠭᠡᠨ ᠭᠦᠦᠰᠢ ᠬᠠᠨ ᠤ ᠵᠢᠷᠭᠤᠳᠤᠭᠠᠷ ᠭᠦᠪᠠᠭᠦᠨ ᠪᠣᠯᠬᠤ ᠲ᠋ᠤᠷᠵᠢ ᠳᠠᠯᠠᠢ ᠬᠦᠡᠭ᠌ ᠳᠠᠢ᠌ᠵᠢ 《ᠶᠡᠷᠦᠩᠭᠡᠢ ᠵᠠᠭᠢᠷᠤᠭᠴᠢ ᠸᠠᠩ》 ᠪᠠᠢ᠌ᠭᠰᠠᠨ ᠶᠢᠡᠨ 1690 ᠣᠨ ᠳᠤ ᠨᠠᠰᠤ ᠪᠠᠷᠠᠪᠠ᠃ ᠲ᠋ᠠᠷᠠ ᠦᠶ᠎ᠡ ᠳᠤ ᠭᠦᠦᠰᠢ ᠬᠠᠨ ᠤ ᠭᠦᠪᠠᠭᠦᠤᠨ ᠡᠴᠡ ᠴᠤᠷᠢ ᠶᠢᠨ ᠭᠠᠭᠴᠠ ᠦᠯᠠᠳᠠᠵᠤ ᠪᠠᠢ᠌ᠭᠰᠠᠨ ᠣᠤᠠᠬᠤᠨ ᠭᠦᠪᠠᠭᠦᠨ ᠳ᠋ᠠᠰᠢᠪᠠᠭᠠᠳᠤᠷ ᠡᠴᠢᠭᠡ ᠶᠢᠨ ᠶᠢᠠᠨ ᠡᠷᠭᠡ ᠶᠢ ᠵᠠᠯᠭᠠᠮᠵᠢᠯᠠᠵᠤ ᠴᠢᠩ ᠤᠨ ᠰᠸᠩᠽᠤ ᠬᠠᠭᠠᠨ ᠰᠢᠤᠸᠠᠨ ᠶ‍ᠧ ᠶᠢᠨ ᠡᠩᠭᠡ ᠠᠮᠤᠭᠤᠯᠠᠩ ᠤᠨ ᠭᠤᠴᠢᠨ ᠳᠤᠯᠤᠳᠤᠭᠠᠷ ᠣᠨ ᠪᠣᠯᠬᠤ 1698 ᠣᠨ (ᠰᠢᠷ᠎ᠠ ᠪᠠᠷᠰ ᠵᠢᠯ) ᠊ᠤ ᠴᠠᠭᠠᠨ ᠰᠠᠷ᠎ᠠ ᠳᠤ ᠬᠦᠬᠡ‍ᠨᠠᠭᠤᠷ ᠤᠨ ᠨᠢ᠋ᠮᠠᠨ ᠳᠠᠢ᠌ᠵᠢ ᠪᠠᠨ ᠳᠠᠭᠠᠭᠤᠯᠤᠨ ᠨᠠᠢ᠌ᠰᠯᠠᠯ ᠳᠤ ᠭᠦᠷᠴᠤ 《ᠬᠤᠱᠤᠢ ᠴᠢᠨ ᠸᠠᠩ》 ᠵᠡᠷᠭᠡ ᠣᠯᠤᠭᠰᠠᠨ ᠪᠠᠢ᠌ᠪᠡ᠃ ᠡᠩᠭᠡ ᠠᠮᠤᠭᠤᠯᠠᠩ ᠤᠨ ᠳᠠᠪᠢᠨ ᠭᠤᠷᠪᠠᠳᠤᠭᠠᠷ ᠣᠨ ᠪᠣᠯᠬᠤ 1714 ᠣᠨ ᠳᠤ ᠳ᠋ᠠᠰᠢᠪᠠᠭᠠᠳᠤᠷ ᠨᠠᠰᠤ ᠪᠠᠷᠠᠵᠤ ᠳᠡᠭᠦᠨ ᠤ ᠭᠦᠪᠠᠭᠦᠨ ᠯᠤᠪᠰᠠᠩᠳᠠᠠᠵᠢᠨ ᠬᠤᠷᠢᠨ ᠳᠦᠷᠪᠡᠨ ᠨᠠᠰᠤᠳᠠᠢ ᠡᠴᠢᠭᠡ ᠶᠢᠨ ᠶᠢᠡᠨ ᠬᠤᠱᠤᠢ ᠴᠢᠨ ᠸᠠᠩ ᠵᠡᠷᠭᠡ ᠶᠢ ᠵᠠᠯᠭᠠᠮᠵᠢᠯᠠᠪᠠ᠃ ᠡᠩᠭᠡ ᠠᠮᠤᠭᠤᠯᠠᠩ ᠬᠠᠭᠠᠨ ᠤ ᠭᠠᠳᠠᠭᠠᠳᠤ ᠮᠤᠩᠭ᠋ᠤᠯ ᠤᠨ ᠶᠠᠮᠤᠨ ᠳᠤ ᠦᠭ‍ᠭᠦᠭ᠍ᠰᠡᠨ ᠵᠠᠷᠯᠢᠭ ᠲᠤ ᠳᠡᠭᠦᠨ ᠢ ᠴᠢᠩ ᠣᠯᠤᠰ ᠤᠨ ᠵᠠᠰᠠᠭ ᠤᠨ ᠣᠷᠳᠤᠨ ᠡᠴᠡ ᠴᠢᠨ ᠸᠠᠩ ᠡᠷᠭᠦᠮᠵᠢᠯᠡᠭ᠍ᠰᠡᠨ ᠰᠢᠯᠳᠠᠭᠠᠨ ᠤ ᠳᠤᠬᠠᠢ 《ᠳᠡᠭᠦᠨ (ᠳᠠᠰᠢᠪᠠᠭᠠᠳᠤᠷ)᠊ᠤ ᠭᠦᠪᠠᠭᠦᠨ ᠯᠤᠪᠰᠠᠩᠳᠠᠠᠵᠢᠨ ᠡᠷᠳᠡᠮ ᠴᠢᠳᠠᠯ ᠭᠠᠷᠮᠠᠭᠠᠢ᠂ ᠴᠢᠨ ᠸᠠᠩ ᠡᠷᠭᠦᠮᠵᠢᠯᠡᠨ ᠲᠡᠮᠳᠡᠭᠯᠡᠪᠠᠢ》 ① ᠭᠡᠰᠡᠨ ᠪᠠᠢ᠌ᠪᠡ᠃ ᠡᠨᠡ ᠭᠦᠮᠤᠨ ᠪᠤᠯᠪᠠᠰᠤ ᠳᠡᠷᠦᠢ ᠳᠡᠭᠡᠳᠤ ᠮᠤᠩᠭ᠋ᠤᠯ ᠤᠨ ᠠᠷᠠᠤᠨ ᠤᠨ ᠳᠠᠭᠤᠤ 《ᠭᠠᠰ ᠤᠨ ᠴᠠᠭᠠᠨ ᠳᠠᠷᠠᠰᠤᠨ》 ᠳ᠋ᠤ ᠳᠤᠷᠠᠰᠬᠠᠭᠳᠠᠨ ᠳᠠᠭᠤᠯᠠᠭᠳᠠᠵᠤ ᠪᠠᠢ᠌ᠳᠠᠭ 《ᠭᠠᠭᠴᠠ ᠪᠠᠭᠠᠬᠠᠨ ᠳ᠋ᠠᠠᠵᠢᠨ》 ᠪᠠᠢ᠌ᠵᠤ ᠪᠢᠯᠡ᠃ ᠳᠡᠭᠡᠳᠤ ᠮᠤᠩᠭ᠋ᠤᠯᠴᠦᠳ ᠵᠡᠩᠰᠢᠯ ᠶᠢᠡᠷ ᠡᠨᠡᠭᠦ ᠪᠠᠭᠠᠳᠤᠷ ᠶᠢᠡᠨ《ᠳ᠋ᠠᠠᠵᠢᠨ ᠬᠦᠡᠭ᠌ ᠳᠡᠢ᠌ᠵᠢ》 ᠭᠡᠮᠡᠨ ᠨᠠᠷᠠᠯᠠᠵᠤ ᠪᠠᠢ᠌ᠳᠠᠭ ᠠᠵᠤᠭᠤ᠃

ᠲ᠋ᠡᠭᠡᠭᠡᠤᠨ ᠡᠨᠡᠭᠦ 《ᠭᠠᠰ ᠤᠨ ᠴᠠᠭᠠᠨ ᠳᠠᠷᠠᠰᠤᠨ》 ᠭᠡᠮᠡᠭᠦ ᠠᠯᠳᠠᠷᠳᠤ ᠳᠠᠭᠤᠤ ᠪᠣᠯᠪᠠᠰᠤ ᠬᠤᠱᠤᠢ ᠴᠢᠨ ᠸᠠᠩ ᠯᠤᠪᠰᠠᠩᠳᠠᠠᠵᠢᠨ ᠡᠷ᠎ᠡ ᠰᠦᠰᠦ ᠡᠨᠡ ᠪᠠᠶ᠎ᠠ ᠪᠠᠷ ᠶᠢᠡᠨ ᠵᠤᠬᠢᠶᠠᠵᠤ ᠳᠠᠭᠤᠯᠠᠭᠰᠠᠨ ᠦᠨᠢ ᠮᠥᠩᠭᠡ ᠬᠦᠬᠡ‍ᠨᠠᠭᠤᠷ ᠠᠷᠠᠤᠨ ᠤᠨ ᠳᠠᠭᠤᠤ ᠪᠠᠢ᠌ᠪᠠ᠃ ᠳᠤᠰ 《ᠳᠠᠭᠤᠤ》 ᠨᠢ ᠳᠤᠬᠠᠢ ᠶᠢᠨ ᠴᠠᠭ ᠦᠶ᠎ᠡ ᠶᠢᠨ ᠬᠦᠬᠡ‍ᠨᠠᠭᠤᠷ ᠮᠤᠩᠭ᠋ᠤᠯᠴᠤᠳ ᠤᠨ ᠪᠣᠷᠤ ᠵᠢᠷᠦᠭᠡᠨ ᠤ ᠪᠣᠳᠤᠯ ᠰᠠᠤᠠᠭᠢᠯ ᠢ ᠳᠦᠯᠦᠭᠡᠯᠡᠨ᠂ ᠦᠨᠳᠦᠰᠦᠳᠠᠨ ᠤ ᠡᠷᠭᠡ ᠳᠡᠭ᠍ᠰᠢ ᠶᠢ ᠬᠠᠮᠠᠭᠠᠯᠠᠬᠤ ᠪᠠᠷ ᠭᠦᠰᠡᠯ ᠵᠤᠷᠢᠯ ᠶᠢᠡᠨ ᠪᠣᠯᠭᠠᠭᠰᠠᠨ ᠪᠠᠢ᠌ᠳᠠᠭ ᠣᠴᠢᠷ ᠯᠤᠪᠰᠠᠩᠳᠠᠠᠵᠢᠨ ᠤ ᠨᠤᠳᠤᠭ ᠤᠨ ᠭᠢᠨᠢ ᠥᠷᠭᠡᠨ ᠣᠯᠠᠨ ᠠᠷᠠᠤᠨ ᠲᠦᠮᠡᠨ ᠦᠶ᠎ᠡ ᠶᠢᠨ ᠦᠶ᠎ᠡ ᠳ᠋ᠡᠭᠡᠨ ᠣᠯᠠᠮᠵᠢᠯᠠᠨ ᠳᠠᠭᠤᠯᠠᠭᠰᠠᠭᠠᠷ ᠪᠠᠢ᠌ᠪᠠ᠃ ᠡᠭᠦᠨ ᠳᠤ《ᠮᠠᠠᠵᠤ ᠴᠢᠩ ᠤᠨ ᠲᠦᠷᠦ ᠡᠴᠡ ᠮᠤᠩᠭ᠋ᠤᠯ ᠤᠨ ᠰᠦᠷ ᠭᠦᠴᠤᠨ ᠢ ᠨᠠᠪᠳᠠ ᠳᠠᠨᠢᠭᠠᠤᠨ ᠮᠤᠩᠭ᠋ᠤᠯᠴᠤᠳ ᠢ ᠠᠰᠢᠭᠯᠠᠵᠤ ᠪᠠᠢ᠌ᠭᠠᠤᠨ ᠶᠡᠭᠡ ᠪᠦᠰᠡᠯᠡᠯᠳᠡ ᠪᠠᠢ᠌ᠭᠤᠯᠵᠤ ᠳᠤᠷᠣᠢ᠌ᠳᠠᠨ ᠮᠥᠭᠦᠵᠤ ᠪᠠᠢ᠌ᠭ᠎ᠠ ᠮᠢᠩ ᠣᠯᠤᠰ ᠤᠨ ᠲᠦᠷᠦ ᠶᠢ ᠴᠡᠪᠠᠷᠯᠡᠭᠦ ᠠᠵᠢᠯᠯᠠᠭ᠎ᠠ ᠪᠠᠨ ᠣᠯᠠᠮ ᠡᠷᠴᠢᠮᠵᠢᠭᠦᠯᠵᠤ ᠬᠤᠵᠢᠮ ᠳᠠᠭᠠᠨ ᠮᠤᠩᠭ᠋ᠤᠯᠴᠤᠳ ᠢ ᠬᠠᠭᠠᠴᠠᠭᠤᠯᠤᠨ ᠵᠠᠯᠭᠢᠬᠤ ᠶᠢᠨ ᠳᠦᠯᠦᠭᠡ ᠮᠤᠩᠭ᠋ᠤᠯᠴᠦᠳ ᠢ 〈ᠳᠤᠳᠤᠨᠤᠴᠢᠯᠠᠬᠤ〉᠂ 〈ᠡᠯᠴᠢ ᠶᠠᠪᠣᠭᠤᠯᠬᠤ〉 ᠵᠡᠷᠭᠡ ᠬᠣᠢ᠌ᠬᠤᠷ ᠵᠠᠯᠢᠳᠤ ᠲᠦᠷᠦ ᠶᠢᠨ ᠪᠣᠳᠤᠯᠭ᠎ᠠ ᠪᠠᠨ ᠶᠠᠪᠣᠭᠤᠯᠬᠤ ᠣᠷᠠᠨ ᠠᠷᠭ᠎ᠠ ᠣᠷᠤᠯᠳᠤᠵᠤ ᠣᠷᠳᠤ ᠬᠤᠭᠤᠴᠠᠭ᠎ᠠ ᠪᠠᠷ ᠬᠦᠬᠡ‍ᠨᠠᠭᠤᠷ ᠤᠨ ᠳᠠᠢ᠌ᠵᠢ ᠨᠡᠷ ᠲᠤ ᠵᠡᠷᠭᠡ ᠭᠡᠷᠭᠡᠮ ᠱᠠᠩᠨᠠᠵᠤ ᠮᠡᠭᠡ ᠬᠠᠶᠠᠨ ᠮᠡᠭᠡᠯᠡᠨ ᠣᠢ᠌ᠷᠠᠳᠤᠭᠤᠯᠵᠤ ᠣᠷᠳᠤ ᠭᠤᠬ᠎ᠠ ᠳᠠᠯᠪᠢᠭᠰᠠᠨ》 ② ᠭᠡᠢ ᠬᠤᠭᠤᠰᠤᠨ ᠵᠡᠷᠭᠡ ᠭᠡᠷᠭᠡᠮ ᠤᠨ 《ᠱᠠᠩᠨᠠᠯ》 ᠊ᠢ 《ᠭᠠᠰ ᠤᠨ ᠴᠠᠭᠠᠨ ᠳᠠᠷᠠᠰᠤᠨ》 ③ ᠳ᠋ᠡᠭᠡᠨ᠄

《ᠰᠢᠷᠡᠭᠡ ᠣᠯᠪᠣᠭ ᠤᠨ ᠬᠤᠷᠢᠮ ᠢ ᠴᠢᠨᠢ

ᠶᠠᠮᠠᠷ ᠬᠤᠷᠢᠮ ᠭᠡᠭᠦ ᠪᠣᠢ

ᠰᠢᠪᠰᠢᠭ᠍ᠳᠤ ᠳᠠᠷᠠ ᠥᠭᠡ ᠶᠢ ᠴᠢᠨᠢ

ᠶᠠᠮᠠᠷ ᠥᠭᠡ ᠭᠡᠭᠦ ᠪᠣᠢ

ᠰᠢᠭᠢᠷ ᠶᠢᠡᠷ ᠦᠭ‍ᠭᠦᠭ᠍ᠰᠡᠨ ᠪᠠᠯᠡᠭ᠌ ᠢ ᠴᠢᠨᠢ

ᠶᠠᠮᠠᠷ ᠪᠠᠯᠡᠭ᠌ ᠭᠡᠭᠦ ᠪᠣᠢ

ᠰᠢᠪᠠᠨᠡᠭᠡᠤᠨ ᠭᠡᠯᠡᠭ᠍ᠰᠡᠨ ᠥᠭᠡ ᠶᠢ ᠴᠢᠨᠢ

ᠶᠠᠮᠠᠷ ᠥᠭᠡ ᠭᠡᠭᠦ ᠪᠣᠢ》 ᠭᠡᠮᠡᠨ ᠮᠠᠠᠵᠤ ᠴᠢᠩ ᠤᠨ ᠲᠦᠷᠦ ᠶᠢᠨ ᠣᠪ ᠮᠡᠭᠡ ᠰᠠᠨᠠᠭ᠎ᠠ ᠬᠤᠭᠤᠰᠤᠨ ᠥᠭᠡ ᠶᠢ ᠪᠦᠷ ᠯᠠ ᠨᠠᠪᠳᠠ ᠰᠢᠪᠳᠠ ᠦᠵᠡᠨ ᠭᠠᠷᠴᠤ ᠭᠦᠨ ᠬᠠᠭᠤᠷᠮᠠᠭ ᠳᠡᠯᠳᠡ ᠤᠳᠬ᠎ᠠ ᠪᠦᠭᠦᠢ ᠬᠤᠱᠦᠡᠭ᠌ ᠶ‍ᠥᠮᠦᠷᠯᠢᠭ᠌ ᠡᠨᠡᠭᠦ ᠬᠦᠬᠡ‍ᠨᠠᠭᠤᠷ ᠡᠡᠷᠡᠳ ᠤᠨ ᠳᠠᠭᠤᠤ ᠵᠢ ᠵᠤᠭᠢᠶᠠᠵᠤ ᠳᠠᠭᠤᠯᠠᠭᠰᠠᠨ ᠪᠠᠢ᠌ᠪᠠ᠃

ᠨᠠᠩ ᠴᠤ ᠮᠠᠠᠵᠤ ᠴᠢᠩ ᠤᠨ ᠲᠦᠷᠦ ᠡᠴᠡ ᠮᠤᠩᠭ᠋ᠤᠯᠴᠤᠳ ᠤᠨ ᠳᠤᠳᠤᠭᠠᠳᠤ ᠳᠤ ᠬᠠᠭᠠᠴᠠᠭᠤᠯᠤᠨ ᠪᠣᠳᠠᠷᠠᠭᠤᠯᠵᠤ ᠮᠤᠩᠭ᠋ᠤᠯᠴᠤᠳ ᠢ ᠦᠪᠡᠷ ᠵᠠᠭᠤᠷ᠎ᠠ ᠳᠤ ᠨᠢ 《ᠮᠥᠷᠭᠦᠯᠳᠦᠭᠦᠯᠭᠦ》 ᠬᠣᠢ᠌ᠬᠤᠷ ᠵᠠᠯᠢᠳᠤ ᠲᠦᠷᠦ ᠶᠢᠨ ᠪᠣᠳᠤᠯᠭ᠎ᠠ ᠶᠠᠪᠣᠭᠤᠯᠤᠭᠰᠠᠨ ᠳᠤ ᠯᠤᠪᠰᠠᠩᠳᠠᠠᠵᠢᠨ ᠤ ᠭᠢᠯᠢᠩ ᠬᠤᠷᠤᠰᠤᠯ ᠳᠡᠭ᠍ᠳᠡᠵᠤ᠄

《ᠠᠯᠪᠠᠳᠤ (ᠠᠷᠠᠤᠨ) ᠵᠢᠨ ᠭᠡᠷᠡᠭ᠌ ᠢ ᠰᠠᠨᠠᠭᠠᠤᠨ

ᠠᠮᠪᠠᠨ ᠤ ᠲᠦᠷᠦ ᠳᠤ ᠬᠠᠯᠳᠠᠯ᠎ᠠ

ᠠᠬᠠᠮᠠᠤᠨ ᠤᠨ ᠦᠰᠢᠶ᠎ᠠ ᠶᠢ ᠪᠣᠳᠤᠭᠠᠤᠨ

ᠠᠷᠠᠮ ᠰᠠᠯᠠᠮ᠎ᠠ ᠵᠢᠭᠰᠠᠭᠠᠯ᠎ᠠ

ᠬᠤᠵᠢᠮ ᠤᠨ ᠶᠠᠪᠣᠳᠠᠯ ᠢ ᠰᠡᠳᠭᠢᠭᠡᠤᠨ

ᠬᠤᠯᠠ ᠶᠢᠨ ᠳᠠᠢ᠌ᠨ ᠢ ᠭᠢᠯ᠎ᠠ

ᠬᠤᠤᠷᠯᠠᠯ ᠤᠨ ᠦᠰᠢᠶ᠎ᠠ ᠶᠢ ᠴᠡᠭᠡᠵᠢᠯᠡᠭᠡᠤᠨ

ᠭᠢᠳᠤᠭ᠎ᠠ ᠵᠢᠳᠠ ᠬᠤᠷᠴᠠᠯᠠᠯ᠎ᠠ

ᠴᠢᠳᠠᠯ ᠴᠢᠮᠦᠭᠡᠨ (ᠲ᠋ᠡᠩᠭᠡᠭᠡ) ᠭᠦᠢᠴᠡᠳ

ᠴᠢᠩ ᠤᠨ ᠲᠦᠷᠦ ᠶᠢ ᠡᠰᠡᠷᠭᠦᠴᠡᠯ᠎ᠡ

ᠴᠢᠩ ᠬᠤᠯᠠ ᠶᠢ ᠪᠣᠳᠤᠭᠠᠤᠨ

ᠴᠢᠩᠭᠢᠰ ᠤᠨ ᠣᠳᠤᠮ ᠢ ᠵᠠᠯᠭᠠᠯ᠎ᠠ》 ᠭᠡᠮᠡᠨ ᠴᠠᠭ ᠦᠶ᠎ᠡ ᠶᠢᠨ ᠠᠬᠤᠢ ᠪᠠᠢ᠌ᠳᠠᠯ ᠢ ᠵᠤᠬᠢᠶᠠᠨ ᠳᠠᠭᠤᠯᠠᠵᠤ ᠬᠤᠰᠢᠭᠤ ᠠᠷᠠᠤᠨ ᠶᠢᠡᠨ ᠳᠠᠢ᠌ᠴᠢᠯᠠᠨ ᠭᠢᠳᠤᠭ᠎ᠠ ᠰᠠᠯᠠᠮ᠎ᠠ ᠰᠠᠭᠠᠳᠠᠭ ᠨᠤᠮᠤ ᠱᠠᠭᠰᠢᠭᠤᠯᠵᠤ ᠦᠪᠡᠷ ᠤᠨ ᠡᠷᠭᠡ ᠦᠭᠡᠶ ᠴᠢᠰᠤᠳᠤ ᠪᠣᠰᠤᠯᠭ᠎ᠠ ᠭᠠᠷᠭᠠᠬᠤ ᠭᠡᠮᠵᠢᠶᠡᠨ ᠳᠤ ᠭᠦᠷᠭᠡᠭ᠍ᠰᠡᠨ ᠪᠠᠢ᠌ᠪᠡ᠃ ᠳᠡᠭᠡᠭᠡᠤᠨ ᠳᠠᠷᠠ ᠠᠷᠤ ᠭᠡᠷ᠂ ᠡᠵᠢ ᠠᠪᠣ᠂ ᠬᠠᠨᠢ ᠨᠥᠭᠦᠷ᠂ ᠦᠷ᠎ᠡ ᠵᠤᠯᠵᠠᠭ᠎ᠠ ᠭᠡᠭᠦ ᠮᠠᠳᠤ ᠶᠢᠨ ᠰᠠᠨᠠᠭ᠎ᠠ ᠰᠠᠤᠠᠭᠢᠯ ᠣᠶᠠᠷᠠᠨ ᠠᠷᠤ ᠬᠣᠢ᠌ᠨ᠎ᠠ ᠪᠠᠨ ᠡᠷᠭᠢᠵᠤ ᠳᠠᠳᠠᠭᠳᠠᠨ ᠵᠦᠪᠳᠠᠵᠤ ᠵᠦᠪᠯᠠᠮᠠᠷ ᠣᠴᠢᠷ ᠶᠠᠪᠣᠳᠠᠯ ᠴᠤ ᠲᠤᠩ ᠠᠷᠪᠢᠨ ᠪᠣᠯᠵᠤ ᠪᠠᠢ᠌ᠪᠠ᠃ ᠡᠭᠦᠨ ᠳᠤ ᠯᠤᠪᠰᠠᠩᠳᠠᠠᠵᠢᠨ ᠪᠠᠰᠠ᠄

《ᠡᠮᠡᠰ ᠭᠡᠦᠭᠡᠰ ᠬᠤᠶᠠᠷ ᠲᠠᠭᠠᠨ

ᠡᠷᠡᠰ ᠪᠣᠰᠬᠤ ᠶᠢᠨ ᠣᠴᠢᠷ ᠢ ᠵᠠᠭᠢᠯ᠎ᠠ

ᠡᠯᠡᠰᠤᠨ ᠳᠠᠪᠠᠭᠠᠨ ᠤ ᠦᠨᠳᠦᠷ ᠨᠢ

ᠡᠵᠢ ᠶᠢᠨ ᠰᠠᠤᠠᠭᠢᠯ ᠤᠨ ᠣᠶᠠᠨ ᠨᠢ

ᠡᠮᠡᠰ ᠭᠡᠦᠭᠡᠰ ᠤᠨ ᠢᠨᠠᠭ ᠨᠢ

ᠦᠪᠡᠷ ᠤᠨ ᠵᠤᠷᠢᠭ ᠤᠨ ᠬᠠᠳᠠᠭᠤ ᠨᠢ》 ᠭᠡᠭᠦᠴᠢᠯᠡᠨ ᠤᠶᠠᠷᠡᠭᠤᠨ ᠭᠦᠭᠡᠷᠦᠭᠦᠢ᠌ᠯᠡᠯᠳᠡᠢ ᠳᠠᠭᠤᠤ ᠬᠤᠭᠤᠯᠠᠢ ᠪᠠᠷ ᠳᠠᠭᠤᠯᠠᠵᠤ ᠠᠶᠠᠨ ᠳᠠᠢ᠌ᠨ ᠳᠠᠭᠠᠨ ᠡᠷ᠎ᠡ ᠭᠦᠮᠤᠨ ᠤ ᠡᠷᠴᠢ ᠵᠤᠷᠢᠭ ᠭᠦᠪᠴᠢᠯᠡᠨ ᠮᠤᠷᠳᠠᠭᠰᠠᠨ ᠪᠠᠢ᠌ᠪᠠ᠃ ᠳᠠᠷᠠ 《ᠡᠷ᠎ᠡ ᠭᠦᠮᠤᠨ ᠰᠠᠨᠠᠭᠰᠠᠨ ᠳᠠᠭᠠᠨ ᠭᠦᠷᠭᠦ ᠦᠭᠡᠶ ᠪᠣᠯ ᠵᠢᠷᠦᠭᠡ ᠥᠭᠦᠵᠤ᠂ ᠡᠷ᠎ᠡ ᠮᠤᠷᠢᠨ ᠵᠤᠷᠢᠭᠰᠠᠨ ᠳᠠᠭᠠᠨ ᠭᠦᠷᠭᠦ ᠦᠭᠡᠶ ᠪᠣᠯ ᠳᠤᠭᠤᠷᠠᠢ ᠬᠠᠳᠠᠨ᠎ᠠ》 ④ ᠭᠡᠳᠡᠭ᠍ᠴᠢᠯᠡᠨ᠄

ᠬᠤᠯᠠᠨ ᠡᠴᠢᠮ᠎ᠡ ᠱᠠᠯᠠ (ᠡᠭᠡᠷᠡᠮ᠎ᠡ ᠭᠦᠳᠡᠭᠡ) ᠵᠢ

ᠶᠠᠮᠠᠷ ᠱᠠᠯᠠ ᠭᠡᠭᠦ ᠪᠣᠢ

ᠬᠤᠨ ᠳᠦᠭᠡᠷᠢᠮ᠎ᠡ ᠪᠣᠳᠠᠩ ᠢ

ᠶᠠᠮᠠᠷ ᠪᠣᠳᠠᠩ ᠭᠡᠭᠦ ᠪᠣᠢ

᠁ ᠁ ᠁

ᠲ᠋ᠦᠷᠪᠠᠨ ᠵᠢᠯ ᠤᠨ ᠠᠶᠠᠨ ᠢ

ᠶᠠᠮᠠᠷ ᠠᠶᠠᠨ ᠭᠡᠭᠦ ᠪᠣᠢ

ᠳᠦᠷᠦᠭᠡ ᠰᠠᠳᠠᠷᠠᠮ᠎ᠠ ᠬᠤᠯᠠ ᠶᠢ

ᠶᠠᠮᠠᠷ ᠬᠤᠯᠠ ᠭᠡᠭᠦ ᠪᠣᠢ

ᠰᠠᠭᠠᠳᠠᠭ ᠱᠠᠭᠰᠢᠮ᠎ᠠ ᠰᠢᠭᠤᠷᠭ᠎ᠠ ᠶᠢ

ᠶᠠᠮᠠᠷ ᠰᠢᠭᠤᠷᠭ᠎ᠠ ᠭᠡᠭᠦ ᠪᠣᠢ

ᠰᠠᠬᠠᠯ ᠴᠠᠩᠳᠤᠮ᠎ᠠ ᠭᠦᠢᠳᠡᠨ ᠢ

ᠶᠠᠮᠠᠷ ᠭᠦᠢᠳᠡᠨ ᠭᠡᠭᠦ ᠪᠣᠢ

ᠲ᠋ᠠᠪᠠᠯ ᠳᠠᠪᠳᠤᠮ᠎ᠠ ᠬᠤᠷ᠎ᠠ ᠶᠢ

ᠶᠡᠮᠡᠷ ᠬᠤᠷ᠎ᠡ ᠭᠡᠭᠦ ᠪᠤᠢ》 ᠭᠡᠮᠡᠨ ᠳᠠᠭᠤᠯᠠᠵᠤ᠂ ᠠᠪᠤᠨ ᠥᠵᠡᠭᠦ ᠳᠤ《ᠭᠠᠵᠠᠷ ᠬᠤᠯᠠ》᠂ 《ᠮᠠᠨᠠᠨ ᠪᠣᠳᠠᠩ》᠂ 《ᠴᠠᠭ ᠣᠯᠠᠷᠢᠯ》 ᠪᠣᠶᠤ 《ᠭᠦᠢᠳᠡᠨ ᠰᠠᠯᠭᠢ》᠂ 《ᠬᠤᠷ᠎ᠠ ᠪᠣᠷᠤᠭᠠᠨ》 ᠵᠡᠷᠭᠡ ᠶᠢ ᠪᠠᠰᠤᠮᠵᠢᠯᠠᠨ ᠳᠠᠭᠤᠯᠠᠵᠤ ᠪᠠᠢ᠌ᠳᠠᠭ ᠪᠣᠯᠪᠠᠴᠤ ᠥᠨᠡᠨᠳᠡᠭᠡᠨ ᠡᠰᠡᠷᠭᠦ ᠳᠠᠯ᠎ᠠ ᠶᠢᠨ ᠭᠦᠴᠤᠨ ᠢ ᠨᠢᠭᠤᠴᠠ ᠳᠠᠯᠳᠠ ᠱᠤᠭ ᠶᠦᠮᠦᠷᠯᠢᠭ᠌ ᠶᠢᠡᠷ ᠪᠠᠰᠤᠮᠵᠢᠯᠠᠨ ᠳᠠᠭᠤᠯᠠᠵᠤ ᠣᠷᠤᠭᠰᠢ ᠳᠠᠪᠰᠢᠨ ᠣᠷᠤᠭᠰᠢᠯᠠᠨ ᠪᠠᠢ᠌ᠯᠳᠤᠭᠰᠠᠭᠠᠷ ᠪᠠᠢ᠌ᠪᠠ᠃ ᠳᠡᠭᠦᠨ ᠤ ᠪᠠᠢ᠌ᠯᠳᠤᠭᠰᠠᠨ ᠪᠠᠢ᠌ᠳᠠᠯ ᠳᠦᠷᠭᠦ ᠦᠷ᠎ᠡ ᠳ᠋ᠦ᠋ᠩ ᠨᠢ ᠶᠠᠪᠤᠨ ᠶᠠᠪᠤᠨ ᠳᠠᠭᠠᠨ᠄

《ᠰᠠᠯᠠᠩ ᠤᠨ ᠡᠭᠦᠳᠡ ᠶᠢ

ᠰᠠᠯᠠᠮ᠎ᠠ ᠪᠠᠷ ᠶᠢᠡᠨ ᠰᠠᠳᠠᠯᠠᠯ᠎ᠠ

ᠰᠡᠳᠦᠭᠡᠤᠨ ᠭᠢᠭ᠍ᠰᠡᠨ ᠭᠡᠷᠡᠭ᠌

ᠠᠷᠠᠢ ᠳᠡᠭᠡᠳᠤ ᠪᠣᠯᠤᠯ᠎ᠠ

ᠲ᠋ᠠᠷᠰ ᠴᠡᠷᠢᠭ᠌ ᠤᠨ ᠳᠤᠯᠤᠭᠠᠢ ᠶᠢ

ᠲ᠋ᠠᠷᠠ ᠡᠨᠡ ᠦᠭᠡᠶ ᠴᠠᠪᠴᠢᠯ᠎ᠠ

ᠲ᠋ᠡᠮᠡᠭᠡᠨ ᠬᠤᠷᠭᠤᠰᠤ ᠰᠢᠩᠭᠢ

ᠲ᠋ᠠᠠᠳᠠ ᠡ᠊ᠨᠳᠡ ᠪᠦᠮᠪᠦᠷᠢᠯ᠎ᠡ

ᠰᠠᠯᠠᠩ ᠬᠤᠳᠠ ᠶᠢᠨ ᠭᠦᠷᠢᠶ᠎ᠡ ᠶᠢ

ᠰᠡᠭ᠌ ᠶᠢᠡᠷ ᠳᠦᠭᠦᠷᠭᠡᠭᠡᠤᠨ ᠭᠠᠷᠤᠯ᠎ᠠ

ᠰᠠᠯᠠᠮ᠎ᠠ ᠨᠤᠮᠤ ᠬᠤᠶᠠᠷ ᠢ

ᠴᠢᠰᠤ ᠪᠠᠷ ᠣᠭᠢᠶᠠᠭᠠᠤᠨ ᠭᠠᠷᠤᠯ᠎ᠠ

ᠰᠠᠷᠠ ᠨᠠᠷᠠᠨ ᠤ ᠭᠡᠷᠡᠯ ᠳᠤ

ᠰᠠᠯᠠᠮ᠎ᠠ ᠣᠯᠠᠢ᠌ᠳᠠᠯ᠎ᠠ ᠪᠠᠢ᠌ᠯᠳᠤᠯ᠎ᠠ

ᠰᠠᠮᠠᠭᠤᠨ ᠳᠠᠢ᠌ᠰᠤᠨ ᠤ ᠴᠢᠰᠤ ᠶᠢ

ᠱᠠᠯᠴᠢᠭ ᠪᠣᠯᠳᠠᠯ᠎ᠠ ᠣᠷᠤᠰᠬᠠᠯ᠎ᠠ᠁》 ᠭᠡᠮᠡᠨ ᠳᠠᠭᠤᠯᠠᠵᠤ ᠪᠣᠰᠤᠯᠭ᠎ᠠ ᠶᠢᠨ ᠪᠠᠭᠠᠳᠤᠷ ᠯᠤᠪᠰᠠᠩᠳᠠᠠᠵᠢᠨ ᠡᠴᠡ ᠵᠡᠪᠰᠡᠭ᠍ᠳᠤ ᠪᠣᠰᠤᠯᠭ᠎ᠠ ᠶᠢᠨ ᠶᠢᠡᠨ ᠬᠠᠠᠳᠤᠭᠰᠠᠨ ᠵᠥᠭ᠌ ᠪᠦᠭᠦᠨ ᠳᠤ ᠢᠯᠠᠨ ᠢᠯᠠᠨ ᠨᠢᠭᠡ ᠦᠶ᠎ᠡ ᠰᠠᠯᠠᠩ (ᠰᠢᠨᠢᠩ) ᠬᠤᠳᠠ ᠶᠢ ᠴᠢᠰᠤᠨ ᠳᠠᠯᠠᠢ ᠰᠡᠭ᠌ ᠣᠪᠣᠭ᠎ᠠ ᠪᠣᠯᠳᠠᠯ᠎ᠠ ᠳᠠᠢ᠌ᠳᠤᠨ ᠪᠠᠢ᠌ᠯᠳᠤᠭᠰᠠᠨ ᠪᠠᠢ᠌ᠪᠠ᠃ ᠭᠡᠪᠠᠴᠤ ᠪᠣᠰᠤᠯᠭ᠎ᠠ ᠶᠢᠨ ᠡᠴᠦᠰ ᠲᠤ ᠯᠤᠪᠰᠠᠩᠳᠠᠠᠵᠢᠨ ᠡᠭᠡᠯ ᠠᠷᠠᠤᠨ ᠶᠢᠡᠨ ᠳᠠᠢ᠌ᠴᠢᠯᠠᠨ ᠢᠯᠠᠯᠳᠠ ᠣᠯᠤᠭᠰᠠᠨ ᠪᠣᠰᠤ᠃ ᠬᠠᠷᠢᠨ 《ᠡᠷ᠎ᠡ ᠭᠦᠮᠤᠨ ᠤ ᠳᠤᠯᠤᠭᠠᠢ ᠳᠤ ᠡᠷᠭᠢᠳᠡᠭ᠌ ᠥᠢᠯᠡ᠂ ᠡᠷᠪᠠᠯᠡᠩ ᠤᠨ ᠳᠤᠯᠤᠭᠠᠢ ᠳᠤ ᠪᠠᠭᠤᠳᠠᠭ ᠪᠣᠳᠠᠩ》 ⑤ ᠭᠡᠳᠡᠭ᠍ᠴᠢᠯᠡᠨ ᠯᠤᠪᠰᠠᠩᠳᠠᠠᠵᠢᠨ ᠦᠪᠡᠷ ᠪᠠᠶ᠎ᠠ ᠦᠨᠳᠦᠰᠦᠳᠠᠨ ᠪᠣᠶᠤ ᠠᠷᠠᠤᠨ ᠲᠠᠭᠠᠨ ᠨᠠᠰᠤᠨ ᠳᠤᠷᠰᠢ ᠲᠦᠯᠦᠵᠤ ᠳᠡᠢ᠌ᠯᠦᠰᠢ ᠥᠭᠡᠢ ᠨᠢᠭᠡᠨ ᠥᠶ᠎ᠡ ᠶᠢᠨ ᠳᠡᠦᠭᠡᠨ ᠭᠤᠨᠢᠭᠳᠤ ᠵᠥᠴᠦᠭᠡ ᠶᠢ ᠲᠤᠭᠯᠠᠵᠤ ᠳᠠᠭᠤᠯᠠᠵᠤ ᠥᠯᠡᠳᠡᠭᠡᠪᠡ᠃ ᠳᠡᠷᠡ ᠶᠡᠪᠦᠨ ᠶᠠᠪᠣᠭᠰᠠᠭᠠᠷ ᠪᠠᠢ᠌ᠯᠳᠤᠨ ᠪᠠᠢ᠌ᠯᠳᠤᠭᠰᠠᠭᠠᠷ ᠴᠤᠬᠤᠮ ᠶᠠᠮᠠᠷ ᠰᠢᠤ ᠪᠠᠢ᠌ᠳᠠᠯ ᠲᠡᠶ ᠪᠣᠯᠪᠠ ᠭᠡᠭᠦᠯᠡᠷ᠄

《ᠭᠠᠰ ᠤᠨ ᠴᠠᠭᠠᠨ ᠳᠠᠷᠠᠰᠤ ᠨᠢ

ᠲ᠋ᠠᠠᠵᠢᠨ ᠳᠡᠭᠡᠷ᠎ᠡ ᠪᠠᠨ ᠬᠠᠯᠢᠭᠤᠷᠠᠨ᠎ᠠ

ᠭᠠᠭᠴᠠ ᠪᠠᠭᠠᠬᠠᠨ ᠳ᠋ᠠᠠᠵᠢᠨ ᠨᠢ

ᠬᠣᠢ᠌ᠳᠤ ᠭᠠᠵᠠᠷ ᠶᠢᠡᠨ ᠵᠤᠷᠢᠯ᠎ᠠ᠁

ᠵᠢᠭᠦᠷ ᠰᠠᠢ᠌ᠳᠤ ᠭᠡᠭᠡᠷ ᠨᠢ

ᠵᠡᠭᠦᠨ ᠭᠠᠷᠤᠨ ᠤ ᠠᠳᠤᠭᠤᠨ ᠳᠤ

ᠵᠢᠷᠦᠭᠡᠨ ᠪᠣᠯᠤᠭᠰᠠᠨ ᠳ᠋ᠠᠠᠵᠢᠨ ᠨᠢ

ᠵᠡᠭᠦᠨ ᠭᠠᠷᠤᠨ ᠤ ᠵᠠᠬ᠎ᠠ ᠳᠤ᠁

ᠲ᠋ᠠᠯᠠᠭᠠᠷ ᠭᠢᠯᠤᠭᠠᠨ ᠭᠠᠩᠭ᠋ᠠᠷ ᠶᠢᠡᠨ

ᠲ᠋ᠠᠯᠠᠨ ᠭᠦᠮᠦᠰ ᠶᠢᠡᠷ ᠳᠠᠮᠵᠢᠭᠤᠯᠤᠭᠠᠤᠨ

ᠲ᠋ᠠᠭᠢᠵᠤ ᠨᠢᠭᠡᠨ ᠰᠡᠷᠭᠦᠭ᠍ᠰᠡᠨ ᠨᠢ

ᠮᠠᠨ ᠤ ᠪᠠᠯᠡᠭ᠌ ᠪᠣᠯᠳᠤᠭᠠᠢ》 ⑥ ᠭᠡᠮᠡᠨ ᠭᠤᠨᠢᠭ ᠣᠶᠠᠷᠠᠯᠳᠤ ᠭᠦᠭ᠌ ᠠᠶᠠᠯᠠᠭᠤ ᠪᠠᠷ ᠶᠢᠠᠨ ᠭᠦᠮᠦᠰ ᠤᠨ ᠰᠠᠤᠠᠭᠢᠯ ᠵᠢᠷᠦᠬᠡ ᠶᠢ ᠡᠮᠳᠡᠷᠡᠵᠤ ᠬᠠᠢ᠌ᠯᠤᠳᠠᠯ᠎ᠠ ᠳᠠᠭᠤᠯᠠᠨ ᠳᠠᠭᠤᠯᠠᠵᠤ ᠥᠯᠡᠳᠡᠭᠡᠪᠡ᠃

ᠮᠠᠨ ᠤ ᠮᠤᠩᠭ᠋ᠤᠯᠴᠤᠳ ᠤᠨ 《ᠠᠭᠳᠠ ᠪᠦᠳᠦᠷᠢᠭᠦ ᠦᠭᠡᠶ ᠪᠣᠯᠪᠠᠰᠤ ᠵᠠᠭᠠᠨ ᠪᠣᠯᠤᠮᠤᠢ᠂ ᠡᠷ᠎ᠡ ᠡ᠊ᠨᠳᠡᠭᠦ ᠦᠭᠡᠶ ᠪᠣᠯᠪᠠᠰᠤ ᠬᠠᠭᠠᠨ ᠰᠠᠭᠤᠮᠤᠢ》 ᠭᠡᠮᠡᠭᠦ ᠬᠠᠭᠤᠴᠢ ᠥᠭᠡ ᠴᠤ ᠣᠴᠢᠷ ᠲᠡᠶ ᠯᠠ ᠥᠭᠡ ᠪᠠᠢ᠌ᠭᠰᠠᠨ ᠠᠵᠤᠭᠤ᠃

ᠭᠡᠷᠪᠡ ᠵᠢᠭᠦᠷ ᠰᠠᠢ᠌ᠳᠤ ᠭᠡᠭᠡᠷ ᠨᠢ ᠨᠢᠭᠡ ᠪᠦᠳᠦᠷᠢᠭ᠍ᠰᠡᠨ ᠦᠭᠡᠶ ᠪᠣᠯ ᠦᠨᠡᠨ ᠵᠠᠭᠠᠨ ᠴᠤ ᠪᠣᠯᠬᠤ ᠪᠠᠢ᠌ᠭᠰᠠᠨ ᠪᠣᠶᠤ᠃

ᠭᠡᠷᠪᠡ ᠵᠢᠷᠦᠭᠡᠨ ᠪᠣᠯᠤᠭᠰᠠᠨ ᠳ᠋ᠠᠠᠵᠢᠨ ᠨᠢ ᠨᠢᠭᠡ ᠡ᠊ᠨᠳᠡᠭ᠍ᠰᠡᠨ ᠦᠭᠡᠶ ᠪᠣᠯ ᠦᠨᠡᠨ ᠬᠠᠭᠠᠨ ᠴᠤ ᠰᠠᠭᠤᠬᠤ ᠪᠠᠢ᠌ᠭᠰᠠᠨ ᠪᠣᠶᠤ᠃ ᠳᠡᠭᠡᠪᠠᠯ ᠦᠨᠦᠳᠤᠷ ᠤᠨ ᠭᠦᠭᠡ ᠨᠠᠭᠤᠷ ᠪᠣᠶᠤ ᠬᠦᠬᠡ‍ᠨᠠᠭᠤᠷ ᠮᠤᠩᠭ᠋ᠤᠯᠴᠤᠳ ᠴᠤᠬᠤᠮ ᠶᠠᠮᠠᠷ ᠰᠢᠤ ᠪᠠᠢ᠌ᠬᠤ ᠶᠢ ᠭᠡᠨ ᠲ᠋ᠠᠭᠠᠭᠠᠵᠤ ᠮᠠᠳᠠᠨᠠᠮ ᠡ᠁

ᠶᠠᠭᠤ ᠴᠤ ᠪᠣᠯᠤᠭᠰᠠᠨ ᠯᠤᠪᠰᠠᠩᠳᠠᠠᠵᠢᠨ ᠤ 《ᠭᠠᠰ ᠤᠨ ᠴᠠᠭᠠᠨ ᠳᠠᠷᠠᠰᠤᠨ》 ᠨᠢ ᠦᠨᠳᠦᠰᠦ ᠪᠠᠷᠢᠮᠳᠠ ᠦᠭᠡᠶ ᠠᠯᠪᠠ ᠪᠠᠷ ᠵᠤᠭᠢᠶᠠᠭᠳᠠᠵᠤ ᠳᠠᠭᠤᠯᠠᠭᠰᠠᠨ 《ᠳᠠᠭᠤᠤ》 ᠣᠭᠳᠤ ᠪᠢᠰᠢ᠃ ᠬᠠᠷᠢᠨ ᠴᠠᠭ ᠦᠶ᠎ᠡ ᠶᠢᠨ ᠳᠡᠦᠭᠡᠨ ᠡᠴᠡ ᠴᠠᠭᠢᠯᠵᠤ ᠨᠤᠲ᠋ᠯᠠᠭᠳᠠᠭᠰᠠᠨ ᠠᠷᠠᠤᠨ ᠤᠨ ᠵᠢᠷᠦᠭᠡᠨ ᠤ ᠳᠠᠭᠤᠤ ᠬᠤᠭᠤᠯᠠᠢ ᠪᠠᠢ᠌ᠵᠤ ᠳᠠᠭᠠᠷᠠᠨ᠎ᠠ᠃ ᠡᠢ᠌ᠮᠤ ᠴᠤ ᠣᠴᠢᠷ ᠡᠴᠡ ᠳᠡᠭᠡᠳᠤ ᠮᠤᠩᠭ᠋ᠤᠯᠴᠤᠳ ᠳᠡᠭᠦᠨ ᠢ ᠨᠠᠩ ᠭᠦᠰᠡᠵᠤ ᠨᠠᠩ ᠳᠤᠷᠠᠰᠤᠨ ᠨᠠᠩ ᠦᠶ᠎ᠡ ᠶᠢᠨ ᠦᠶ᠎ᠡ ᠳᠤ ᠳᠠᠭᠤᠯᠠᠵᠤ ᠶᠠᠪᠣᠬᠤ ᠳᠤᠷᠠᠳᠠᠢ ᠪᠠᠢ᠌ᠪᠠ᠃


******

ᠵᠡᠭᠦᠯᠳᠡ᠄

① ᠮᠠᠢ ᠶ‍ᠢ ᡁᠢ ᠡᠷᠭᠢᠯᠡᠨ ᠨᠠᠢ᠌ᠷᠠᠭᠤᠯᠵᠤ ᠴᠢ᠊·ᠪᠦᠷᠢᠡᠪᠠᠶᠡᠷ ᠨᠡᠷ ᠣᠷᠴᠢᠭᠤᠯᠠᠭᠰᠠᠨ 《ᠬᠦᠬᠡ‍ᠨᠠᠭᠤᠷ ᠮᠤᠩᠭ᠋ᠤᠯᠴᠤᠳ ᠤᠨ ᠳᠤᠪᠴᠢ ᠲ᠋ᠡᠦᠭᠡ》 ᠵᠢᠨ 269—270 ᠳ᠋ᠤᠭᠠᠷ ᠨᠢᠭᠤᠷ ᠲᠤ᠃

② ᠸᠠᠩ ᠼᠠᠢ ᠬᠤᠧᠨ ᠶᠢᠨ ᠨᠠᠢ᠌ᠷᠠᠭᠤᠯᠤᠭᠰᠠᠨ 《ᠬᠦᠬᠡ‍ᠨᠠᠭᠤᠷ ᠮᠤᠩᠭ᠋ᠤᠯᠴᠤᠳ ᠤᠨ ᠢᠷᠡᠯ ᠭᠠᠷᠤᠯ ᠪᠣᠯᠤᠨ ᠳᠡᠦᠭᠡᠨ ᠳᠣᠢ᠌ᠮᠤ》 ᠵᠢᠨ 161 ᠳ᠋ᠤᠭᠡᠷ ᠨᠢᠭᠤᠷ ᠲᠤ᠃

③ ᠴᠡᠪᠰᠢᠭ᠌᠂ ᠰᠡᠷᠡᠡᠭᠡᠷᠡᠯ ᠨᠡᠷ ᠤᠨ ᠡᠮᠭᠢᠦᠡᠭᠡᠭ᠍ᠰᠡᠨ 《ᠳᠡᠭᠡᠳᠤ ᠮᠤᠩᠭ᠋ᠤᠯ ᠤᠨ ᠥᠯᠢᠭᠡᠷ ᠳᠤᠮᠤᠭ》 ᠭᠡᠮᠡᠭᠦ ᠨᠤᠮ ᠤᠨ 《ᠭᠠᠰ ᠤᠨ ᠴᠠᠭᠠᠨ ᠳᠠᠷᠠᠰᠤᠨ》 ᠡᠴᠡ ᠰᠤᠩᠭ᠋ᠤᠪᠠ᠃

④ ⑤ ⑥ ᠴᠢ᠊· ᠪᠦᠷᠢᠡᠪᠠᠶᠡᠷ ᠨᠡᠷ ᠤᠨ ᠨᠠᠢ᠌ᠷᠠᠭᠤᠯᠤᠭᠰᠠᠨ 《ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ ᠤᠨ ᠳᠡᠭᠡᠵᠢ ᠪᠢᠴᠢᠭ᠌》 ᠡᠴᠡ ᠰᠤᠩᠭ᠋ᠤᠪᠠ᠃

⑦ ᠳᠡᠭᠡᠷᠡᠭᠢ ᠨᠤᠮ ᠪᠢᠴᠢᠭ᠌ ᠡᠴᠡ ᠭᠠᠳᠠᠨ᠎ᠠ᠂ 《ᠴᠡᠴᠡᠭ᠍ᠳᠤ ᠴᠠᠢ᠌ᠳᠠᠮ》 ᠰᠡᠳᠭᠦᠯ ᠤᠨ 1980 ᠣᠨ ᠤ 1—2 ᠳ᠋ᠤᠭᠠᠷ ᠬᠤᠭᠤᠴᠠᠭ᠎ᠠ ᠳᠤ ᠨᠡᠢ᠌ᠳᠡᠯᠡᠭ᠍ᠰᠡᠨ ᠪᠠ᠊·ᠤᠶ‍ᠦᠡᠪᠠᠯᠢᠭ᠍ᠳᠤ ᠶᠢᠨ 《ᠯᠤᠪᠰᠠᠩᠳᠠᠠᠵᠢᠨ ᠤ ᠪᠣᠰᠤᠯᠭ᠎ᠠ ᠶᠢᠨ ᠳᠤᠬᠠᠢ ᠳᠤᠷᠰᠢᠨ ᠥᠭᠦᠯᠡᠭᠦ ᠨᠢ》 ᠭᠡᠮᠡᠭᠦ ᠥᠭᠦᠯᠡᠯ ᠡᠴᠡ ᠵᠠᠷᠢᠮ ᠳᠡᠦᠭᠡᠨ ᠣᠢ᠌ᠯᠠ ᠭᠡᠷᠡᠭ᠌ ᠢ ᠯᠠᠪᠯᠠᠪᠠ᠃



(《ᠠᠯᠳᠠᠨ ᠳᠦᠯᠭᠢᠭᠦᠷ》 ᠰᠡᠳᠭᠦᠯ ᠤᠨ 2001 ᠣᠨ ᠤ ᠳ᠋ᠤᠭᠡᠷ ᠬᠤᠭᠤᠴᠠᠭ᠎ᠠ ᠳᠤ ᠨᠡᠢ᠌ᠳᠡᠯᠡᠭ᠍ᠳᠡᠪᠡ)

ᠵᠤᠬᠢᠶᠠᠭᠴᠢ᠄ ᠯ·ᠥᠰᠦᠷᠦᠩᠭᠦᠢ
ᠢᠷᠡᠯᠲᠡ᠄ ᠨᠡᠷᠡᠡᠴᠡᠴᠡᠭ᠌
ᠳᠠᠷᠤᠮ᠄ 2823
ᠴᠠᠭ᠄ 2006 ᠤᠨ ᠤ 07 ᠰᠠᠷ᠎ᠠ ᠶᠢᠨ 20
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠤᠶᠤᠯ ᠣᠷᠠᠯᠢᠭ - ᠳᠡᠭᠡᠳᠤ ᠮᠤᠩᠭ᠋ᠤᠯᠴᠤᠳ 《ᠭᠠᠰ ᠤᠨ ᠴᠠᠭᠠᠨ ᠳᠠᠷᠠᠰᠤᠨ》᠊ᠢ ᠳᠤᠷᠠᠰᠤᠨ ᠳᠠᠭᠤᠯᠠᠳᠠᠭ ᠣᠴᠢᠷ