ᠪᠠᠭᠰᠢ ᠮᠢᠨᠢ ᠭᠦᠡᠳᠦᠳᠡᠢ

      ᠠᠷᠤ ᠭᠡᠷ ᠠᠳᠠᠯ ᠣᠠᠳᠤᠷᠤᠯᠭ᠎ᠠ ᠪᠠᠨ ᠠᠷᠤ ᠳᠠᠭᠠᠨ ᠣᠭᠤᠷᠴᠤ᠂ ᠠᠯᠠᠭᠠᠷ ᠪᠠᠭ᠎ᠠ ᠰᠤᠷᠤᠭᠴᠢᠳ ᠤᠨ ᠶᠢᠡᠨ ᠣᠢ ᠶᠢ ᠨᠢ ᠰᠡᠭᠡᠭᠡᠷᠡᠭᠦᠯᠵᠤ ᠣᠶᠤᠨ ᠢ ᠨᠢ ᠨᠡᠭᠡᠭᠡᠭ᠍ᠳᠡᠭᠦᠯᠵᠤ᠂ ᠣᠤᠠᠬ᠎ᠠ ᠰᠤᠶᠤᠯ ᠶᠢᠡᠷ ᠡᠷᠡᠭᠦᠯ ᠴᠢᠭᠢᠷᠠᠭ ᠳᠤᠷᠨᠢᠭᠤᠯᠤᠨ ᠪᠣᠢ᠌ᠵᠢᠭᠤᠯᠬᠤ ᠭᠡᠵᠤ ᠣᠶᠤᠨ ᠶᠢᠡᠨ ᠰᠢᠪᠬᠠᠨ᠂ ᠣᠢ᠌ᠭ᠎ᠠ ᠦᠭᠡᠶ ᠡᠷᠴᠢ ᠵᠤᠷᠢᠭ ᠶᠢᠡᠷ ᠣᠢ᠌ᠯᠠᠰ ᠲᠡᠭᠡᠨ ᠮᠠᠷᠠᠢ᠌ᠵᠤ᠂ ᠠᠵᠢᠯ ᠳᠠᠭᠠᠨ ᠵᠢᠳᠭᠦᠵᠤ ᠢᠷᠡᠭ᠍ᠰᠡᠨ ᠠᠭᠤᠤ ᠶᠡᠭᠡ ᠪᠠᠷ ᠠᠯᠳᠠᠷ ᠶᠢᠡᠨ ᠪᠣᠳᠤᠭᠰᠢᠭᠤᠯᠵᠤ ᠶᠠᠪᠣᠭ᠎ᠠ ᠳᠠᠷᠠᠭᠨ ᠣᠢ᠌ᠯᠠᠰ ᠲᠡᠶ ᠪᠠᠭᠰᠢ ᠮᠢᠨᠢ ᠳᠠ ᠪᠣᠯ ᠰᠤᠷᠭᠠᠭᠤᠯᠢ ᠶᠢᠨ ᠰᠤᠷᠭᠠᠨ ᠭᠦᠮᠦᠵᠢᠯ ᠵᠢᠭᠠᠨ ᠰᠤᠷᠭᠠᠬᠤ ᠠᠵᠢᠯ ᠤᠨ ᠳᠤᠯᠭᠠᠭᠤᠷᠢ ᠭᠦᠴᠤᠨ᠂ ᠭᠤᠤᠯ ᠨᠢᠷᠤᠭᠤᠪᠴᠢ ᠮᠦᠨ᠃ ᠣᠢ᠌ᠯᠠᠰ ᠲᠡᠭᠡᠨ ᠦᠨᠡᠠᠴᠢ᠂ ᠠᠵᠢᠯ ᠳᠠᠭᠠᠨ ᠭᠠᠷᠮᠠᠭᠠᠢ᠂ ᠦᠰᠪᠦᠷᠢ ᠶᠢᠨ ᠰᠤᠷᠤᠭᠴᠢᠳ ᠲᠠᠭᠠᠨ ᠡᠩᠭᠦᠷᠡᠢ᠌ᠯᠡᠯ ᠲᠡᠶ᠂ ᠢᠷᠡᠭᠡᠳᠦᠢ ᠳᠡᠭᠡᠨ ᠢᠳᠡᠭᠡᠯ ᠲᠡᠶ᠂ ᠢᠳᠠ ᠵᠤᠯᠪᠣᠭᠠᠳᠠᠢ᠌ᠬᠠᠨ ᠶᠢᠡᠷ ᠠᠮᠵᠢᠯᠳᠠ ᠪᠦᠳᠦᠮᠵᠢ ᠪᠠᠷ ᠶᠢᠡᠨ ᠠᠵᠢᠯ ᠳᠠᠭᠠᠨ ᠭᠢᠯᠠᠷᠠᠭᠤᠯᠵᠤ ᠶᠠᠪᠣᠭ᠎ᠠ ᠰᠤᠳᠤᠨ ᠪᠠᠭᠰᠢ ᠳᠠ ᠮᠢᠨᠢ ᠪᠠᠢ᠌ᠭᠰᠠᠨ ᠡᠴᠡ ᠰᠤᠷᠭᠠᠭᠤᠯᠢ ᠶᠢᠨ ᠰᠤᠷᠭᠠᠨ ᠭᠦᠮᠦᠵᠢᠯ ᠵᠢᠭᠠᠨ ᠰᠤᠷᠭᠠᠬᠤ ᠠᠵᠢᠯ ᠰᠢᠯᠤᠭᠤᠬᠠᠨ ᠶᠠᠪᠣᠭᠳᠠᠵᠤ᠂ ᠥᠭᠡᠳᠡᠳᠡᠢ᠌ᠭᠡᠨ᠂ ᠵᠤᠯᠪᠣᠭᠠᠳᠠᠢ᠌ᠬᠠᠨ ᠶᠢᠡᠷ ᠵᠢᠯ ᠵᠢᠯ ᠳᠡᠭᠡᠨ ᠰᠢᠯᠢᠳᠡᠭ᠌ ᠪᠦᠳᠦᠮᠵᠢ ᠪᠠᠷ ᠦᠨᠳᠦᠷᠯᠠᠵᠤ᠂ ᠣᠨ ᠣᠨ ᠳᠠᠭᠠᠨ ᠣᠠᠴᠠ ᠶᠢᠨ ᠳ᠋ᠦ᠋ᠩ ᠶᠢᠡᠷ ᠴᠤᠯᠭᠤᠷᠴᠤ᠂ ᠣᠢ᠌ᠭ᠎ᠠ ᠦᠭᠡᠶ ᠴᠢᠷᠮᠠᠢ᠌ᠯᠭ᠎ᠠ᠂ ᠠᠯᠭᠠᠰᠠᠯ ᠦᠭᠡᠶ ᠮᠡᠷᠡᠢ᠌ᠯᠭᠡ ᠶᠢᠨ ᠦᠷ᠎ᠡ ᠳ᠋ᠦ᠋ᠩ ᠳᠤ ᠦᠨᠳᠦᠰᠦᠳᠠᠨ ᠤ ᠰᠤᠷᠭᠠᠨ ᠭᠦᠮᠦᠵᠢᠯ ᠤᠨ ᠣᠢ᠌ᠯᠠᠰ ᠦᠷᠨᠢᠨ ᠭᠦᠭ᠍ᠵᠢᠵᠤ᠂ ᠦᠨᠳᠦᠰᠦᠳᠠᠨ ᠤ ᠦᠷ᠎ᠡ ᠬᠣᠢ᠌ᠴᠢᠰ ᠡᠷᠡᠭᠦᠯ ᠴᠢᠭᠢᠷᠠᠭ ᠳᠤᠷᠨᠢᠨ ᠪᠣᠢ᠌ᠵᠢᠵᠤ ᠪᠠᠢ᠌ᠬᠤ ᠶᠤᠮ ᠡ ︕

     ᠰᠤᠷᠤᠭᠴᠢᠳ ᠤᠨ ᠶᠢᠡᠨ ᠰᠡᠳᠭᠢᠯ ᠳᠤ ᠨᠠᠷᠠ ᠣᠷᠭᠤᠭᠤᠯᠵᠤ᠂ ᠰᠤᠷᠤᠭᠴᠢᠳ ᠤᠨ ᠶᠢᠡᠨ ᠣᠶᠤᠨ ᠳᠤ ᠣᠬᠠᠭ᠎ᠠ ᠰᠠᠭᠤᠯᠭᠠᠵᠤ᠂ ᠰᠤᠷᠤᠭᠴᠢᠳ ᠤᠨ ᠶᠢᠡᠨ ᠪᠢᠯᠢᠭ᠌ ᠢ ᠨᠢ ᠨᠡᠭᠡᠭᠡᠭ᠍ᠳᠡᠭᠦᠯᠵᠤ᠂ ᠰᠤᠷᠭᠠᠨ ᠭᠦᠮᠦᠵᠢᠯ ᠵᠢᠭᠠᠨ ᠰᠤᠷᠭᠠᠯᠳᠠ ᠳᠠᠭᠠᠨ ᠰᠤᠳᠤᠨ ᠠᠮᠵᠢᠯᠳᠠ ᠣᠯᠵᠤ ᠪᠦᠳᠦᠭᠡᠯ ᠤᠨ ᠳᠡᠭᠡᠵᠢ ᠶᠢ ᠭᠠᠠᠵᠤᠭᠠᠯᠠᠵᠤ ᠶᠠᠪᠣᠨ᠎ᠠ ᠭᠡᠭ᠍ᠴᠢ ᠪᠠᠭᠰᠢ ᠭᠦᠮᠤᠨ ᠤ ᠬᠠᠮᠤᠭ ᠤᠨ ᠶᠡᠭᠡ ᠬᠠᠪᠣ ᠴᠩᠭᠡᠯ ᠭᠡᠵᠤ ᠳᠠᠷᠠ ᠪᠠᠢ᠌ᠭ᠎ᠠ ︕

     ᠦᠰᠪᠦᠷᠢ ᠶᠢᠨ ᠪᠠᠭ᠎ᠠ ᠰᠤᠷᠤᠭᠴᠢᠳ ᠶᠢᠡᠨ ᠡᠩᠭᠦᠷᠡᠢ᠌ᠯᠡᠨ ᠬᠠᠯᠠᠮᠵᠢᠯᠠᠵᠤ ᠣᠬᠠᠭᠠᠵᠢᠭᠤᠯᠤᠨ ᠭᠦᠮᠦᠵᠢᠭᠦᠯᠵᠤ ᠣᠶᠤᠨ ᠤ ᠰᠢᠮ᠎ᠠ ᠪᠠᠷ ᠣᠭᠵᠢᠨ ᠭᠦᠭᠦᠭᠦᠯᠵᠤ ᠣᠢ ᠳᠤ ᠨᠢ ᠣᠬᠠᠭᠠᠨ ᠰᠠᠭᠤᠯᠭᠠᠵᠤ᠂ ᠣᠶᠤᠨ ᠳᠤ ᠨᠢ ᠪᠢᠯᠢᠭ᠌ ᠤᠨ ᠭᠦᠴᠤᠨ ᠨᠠᠮᠠᠷᠢᠯᠠᠵᠤ᠂ ᠳᠡᠯᠭᠡᠷ ᠶᠡᠭᠡ ᠮᠡᠳᠡᠯᠭᠡ ᠪᠠᠷ ᠶᠢᠡᠨ ᠳᠡᠭ᠍ᠵᠢᠨ ᠰᠤᠷᠤᠭᠴᠢᠳ ᠤᠨ ᠶᠢᠡᠨ ᠪᠢᠯᠢᠭ᠌ ᠤᠨ ᠬᠠᠷᠠᠭ᠎ᠠ ᠶᠢ ᠦᠷᠭᠡᠳᠭᠡᠵᠤ᠂ ᠣᠶᠤᠨ ᠴᠢᠳᠠᠪᠣᠷᠢ ᠶᠢ ᠨᠢ ᠭᠦᠭ᠍ᠵᠢᠭᠦᠯᠵᠤ᠂ ᠳᠦᠭᠦᠷᠡᠩ ᠠᠮᠵᠢᠯᠳᠠ᠂ ᠳᠡᠯᠪᠠᠭ᠌ ᠪᠦᠳᠦᠭᠡᠯ ᠶᠢᠡᠷ ᠶᠢᠡᠨ ᠣᠯᠠᠨ ᠤ ᠪᠠᠨ ᠳᠤᠮᠳᠠ ᠣᠳᠤ ᠪᠣᠯᠤᠨ ᠭᠢᠯᠠᠯᠵᠠᠵᠤ᠂ ᠲᠦᠮᠡᠨ ᠤ ᠪᠠᠨ ᠳᠤᠮᠳᠠ ᠰᠤᠳᠤ ᠪᠣᠯᠤᠨ ᠴᠤᠯᠭᠤᠷᠴᠤ ᠶᠠᠪᠣᠬᠤ ᠳᠠᠭᠠᠨ ᠭᠦᠡᠳᠦᠳᠤ ᠪᠠᠭᠰᠢ ᠳᠠ ᠮᠢᠨᠢ ᠣᠢ᠌ᠯᠠᠰ ᠤᠨ ᠰᠠᠢ᠌ᠬᠠᠨ ᠳᠤ ᠭᠦᠭ᠍ᠰᠡᠵᠤ ᠰᠡᠳᠭᠢᠯ ᠳᠡᠨᠢᠭᠦᠨ᠂ ᠠᠵᠢᠯ ᠤᠨ ᠠᠮᠵᠢᠯᠳᠠ ᠳᠤ ᠠᠮᠳᠠᠷᠬᠠᠨ ᠠᠯᠵᠢᠶᠠᠯ ᠵᠦᠳᠡᠷᠡᠯ ᠶᠢᠡᠨ ᠮᠠᠷᠳᠠᠨ᠂ ᠠᠯᠠᠭᠬᠠᠨ ᠬᠤᠷᠸ᠎ᠠ ᠶᠢᠨ ᠠᠭᠤᠳᠠᠮᠬᠠᠨ ᠵᠠᠢ ᠳᠤ ᠰᠤᠶᠤᠯ ᠤᠨ ᠦᠷ᠎ᠡ ᠶᠢ ᠰᠠᠴᠤᠵᠤ᠂ ᠰᠢᠷᠭᠠᠭᠤ ᠭᠦᠳᠡᠯᠮᠦᠷᠢ ᠰᠢᠪᠬᠠᠭᠰᠠᠨ ᠭᠦᠯᠦᠰᠤ ᠪᠠᠷ ᠶᠢᠡᠨ ᠰᠤᠶᠤᠯ ᠤᠨ ᠭᠦᠷᠦᠰᠤᠨ ᠳᠤ ᠰᠤᠷᠤᠭᠴᠢᠳ ᠶᠢᠡᠨ ᠣᠮᠳᠠᠯᠠᠨ ᠶᠠᠪᠣᠬᠤ ᠳᠠᠭᠠᠨ 《ᠠᠷᠠᠤᠨ ᠤᠨ ᠪᠠᠭᠰᠢ》 ᠭᠡᠭᠦ ᠬᠠᠮᠤᠭ ᠤᠨ ᠬᠠᠩᠭᠢᠨᠠᠮ᠎ᠠ ᠢᠷᠠᠭᠤ ᠡᠨᠡᠭᠦ ᠠᠯᠳᠠᠷ ᠲᠠᠭᠠᠨ ᠣᠰᠤᠯᠳᠠᠵᠤ ᠶᠠᠪᠣᠭ᠎ᠠ ᠦᠭᠡᠶ ᠭᠡᠵᠤ ᠣᠮᠤᠭ ᠳᠡᠭᠦᠯᠳᠡᠷ᠂ ᠵᠢᠪᠬᠤᠭ᠎ᠠ ᠴᠤᠭ ᠲᠡᠶ ᠢᠷᠡᠭᠡᠳᠦᠢ ᠪᠠᠨ ᠲᠦᠰᠤᠪᠯᠠᠨ᠂ ᠮᠠᠷᠭᠠᠰᠢ ᠪᠠᠨ ᠵᠢᠷᠤᠭᠯᠠᠬᠤ ᠨᠢ ᠶᠠᠭᠤᠳᠠᠢ ᠶᠡᠭᠡ ᠪᠢᠰᠢᠷᠠᠯᠳᠠᠢ᠂ ᠶᠠᠭᠤᠳᠠᠢ ᠶᠡᠭᠡ ᠮᠠᠭᠳᠠᠭᠠᠯᠳᠠᠢ ᠠᠵᠠᠢ ︕

     ᠡᠩᠭᠦᠷᠡᠢ ᠰᠤᠷᠤᠭᠴᠢᠳ ᠶᠢᠡᠨ ᠦᠷ᠎ᠡ ᠪᠠᠨ ᠰᠢᠭ ᠬᠠᠢ᠌ᠷᠠᠯᠠᠨ ᠬᠠᠯᠠᠮᠵᠢᠯᠠᠵᠤ᠂ ᠥᠵᠡᠭᠦ ᠨᠢᠳᠤᠨ ᠤ ᠴᠡᠴᠡᠭᠡᠢ᠂ ᠥᠨᠦᠰᠭᠦ ᠬᠠᠮᠠᠷ ᠤᠨ ᠵᠠᠭᠠᠷ ᠰᠢᠭ ᠳᠤᠳᠤᠨᠤᠴᠢᠯᠠᠨ ᠡᠩᠭᠦᠷᠡᠢ᠌ᠯᠡᠵᠤ᠂ ᠡᠭᠡ ᠭᠡᠯᠡᠨ ᠤ ᠪᠠᠨ ᠰᠢᠮ᠎ᠠ ᠳᠡᠵᠢᠭᠡᠯ ᠶᠢᠡᠷ ᠣᠬᠠᠭ᠎ᠠ ᠳᠠᠮᠢᠷ ᠢ ᠨᠢ ᠰᠡᠯᠭᠦᠵᠤ᠂ ᠣᠤᠭᠠᠯ ᠮᠤᠩᠭ᠋ᠤᠯ ᠭᠡᠯᠡᠨ ᠤ ᠣᠭᠢ ᠱᠦᠯᠲᠦ ᠪᠠᠷ ᠣᠶᠤᠨ ᠪᠢᠯᠢᠭ᠌ ᠢ ᠨᠢ ᠱᠥᠯᠵᠢᠭᠦᠯᠵᠤ ᠶᠠᠪᠣᠬᠤ ᠳᠠᠭᠠᠨ ᠡᠩᠭᠦᠷᠡᠢ ᠭᠦᠭᠡᠷᠦᠭᠦᠨ ᠰᠤᠷᠤᠭᠴᠢ ᠨᠢ ᠦᠳᠦ ᠨᠢ ᠪᠦᠷᠢᠯᠳᠦᠵᠤ᠂ ᠬᠤᠯᠠ ᠨᠢᠰᠴᠤ᠂ ᠬᠤᠷᠸ᠎ᠠ ᠶᠢᠨ ᠨᠢᠭᠤᠴᠠ ᠶᠢ ᠰᠢᠠᠵᠢᠯᠠᠵᠤ᠂ ᠬᠤᠮᠠᠭᠢ ᠶ‍ᠢᠷᠳᠢᠠᠴᠤ ᠶᠢᠨ ᠭᠠᠢ᠌ᠬᠠᠮᠰᠢᠭ ᠢ ᠰᠤᠳᠤᠯᠵᠤ᠂ ᠡᠷ᠎ᠡ ᠬᠤᠩᠭ᠋ᠤᠷ ᠳᠠᠭᠤᠨ ᠶᠢᠡᠷ ᠣᠮᠤᠭ ᠳᠡᠭᠦᠯᠳᠡᠷ ᠠᠮᠵᠢᠯᠳᠠ ᠪᠠᠨ ᠪᠠᠯᠭᠡᠯᠡᠨ ᠳᠠᠭᠤᠯᠠᠨ ᠬᠠᠩᠭᠢᠨᠠᠭᠤᠯᠬᠤ ᠳᠤ ᠦᠷᠤ ᠵᠢᠷᠦᠭᠡ ᠴᠢᠨᠢ ᠦᠨᠳᠠᠯᠵᠠᠵᠤ᠂ ᠪᠢ ᠴᠢᠨᠢ ᠬᠤᠷᠸ᠎ᠠ ᠶᠢᠨ ᠠᠭᠤᠳᠠᠮ ᠳᠤ ᠪᠣᠯᠪᠠᠰᠤᠷᠠᠬᠤ ᠨᠠᠮᠤᠷ ᠤᠨ ᠦᠷ᠎ᠡ ᠵᠢᠮᠢᠰ ᠰᠢᠭ᠌ ᠦᠢ᠌ ᠣᠯᠠᠨ ᠰᠤᠳᠤᠨ ᠰᠤᠷᠤᠭᠴᠢ ᠶᠢ ᠭᠦᠮᠦᠵᠢᠭᠦᠯᠵᠤ ᠳᠤᠷᠨᠢᠭᠤᠯᠤᠨ᠂ ᠡᠭᠡ ᠣᠷᠤᠨ ᠤ ᠪᠠᠨ ᠡᠰᠡᠨᠢᠯ ᠮᠠᠠᠳᠤᠯ ᠤᠨ ᠳᠤᠯᠭ᠎ᠠ ᠳᠤ ᠳᠤᠯᠠᠯᠵᠠᠮ᠎ᠠ ᠣᠴᠢ ᠪᠣᠯᠭᠠᠨ ᠪᠠᠳᠠᠷᠠᠭᠤᠯᠵᠤ᠂ ᠡᠭᠡ ᠨᠤᠳᠤᠭ ᠤᠨ ᠶᠢᠡᠨ ᠭᠦᠭ᠍ᠵᠢᠯ ᠴᠡᠴᠡᠭᠯᠡᠯ ᠤᠨ ᠳᠡᠭ᠍ᠷᠢ ᠳᠤ ᠭᠡᠷᠡᠯᠳᠤ ᠣᠳᠤ ᠪᠣᠯᠭᠠᠨ ᠭᠢᠯᠠᠯᠵᠠᠭᠤᠯᠤᠭᠰᠠᠨ ᠶᠤᠮ ᠡ ᠭᠡᠵᠤ ᠰᠡᠳᠭᠢᠯ ᠳᠡᠨᠢᠭᠦᠨ᠂ ᠰᠠᠨᠠᠭ᠎ᠠ ᠥᠶ‍ᠦᠭ᠌᠂ ᠣᠮᠤᠭ ᠪᠠᠬᠠᠳᠤᠯ ᠲᠡᠶ ᠪᠠᠷ ᠪᠠᠭᠰᠢ ᠮᠢᠨᠢ ᠳᠠ ᠠᠵᠢᠯ ᠳᠠᠭᠠᠨ ᠰᠢᠭᠤᠷᠬᠠᠢ᠌ᠯᠠᠵᠤ᠂ ᠣᠢ᠌ᠯᠠᠰ ᠲᠡᠭᠡᠨ ᠡᠷᠡᠮᠡᠭᠡᠢ᠌ᠯᠡᠭᠦ ᠶᠤᠮ ᠡ ︕

     ᠨᠠᠯᠠᠭᠠᠷ ᠬᠤᠷᠸ᠎ᠠ ᠳᠤ ᠨᠠᠠᠳᠢᠨ ᠪᠠᠶ᠎ᠠ ᠶᠢ ᠮᠢᠨᠢ ᠳᠦᠷᠦᠭᠦᠯᠦᠭ᠍ᠰᠡᠨ ᠡᠵᠢ ᠮᠢᠨᠢ ᠠᠴᠢᠳᠠᠢ᠂ ᠨᠠᠷᠮᠠᠢ ᠭᠡᠯᠡᠨ ᠤ ᠪᠠᠨ ᠰᠢᠮ᠎ᠠ ᠰᠢᠭᠦᠰᠤ ᠪᠠᠷ ᠪᠢᠯᠢᠭ᠌ ᠢ ᠮᠢᠨᠢ ᠴᠤᠭᠤᠷᠤᠭᠤᠯᠵᠤ᠂ ᠣᠶᠤᠨ ᠢ ᠮᠢᠨᠢ ᠬᠤᠷᠴᠠᠯᠠᠭᠰᠠᠨ ᠪᠠᠭᠰᠢ ᠮᠢᠨᠢ ᠭᠦᠡᠳᠦᠳᠡᠢ ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠬᠠᠷᠢᠶ᠎ᠠ᠄ ᠨᠠᠢᠷᠠᠭᠤᠯᠤᠯ
ᠳᠠᠷᠤᠮ᠄ 3877
ᠴᠠᠭ᠄ 2011 ᠤᠨ ᠤ 06 ᠰᠠᠷ᠎ᠠ ᠶᠢᠨ 19