ᠪᠣᠷᠴᠠ

ᠮᠠᠨ ᠤ ᠨᠤᠳᠤᠭ ᠤᠨ ᠭᠢᠨ ᠨᠠᠮᠤᠷᠰᠢᠪᠠᠯ ᠬᠠᠳᠠᠭᠠᠮᠠᠯ ᠠᠪᠣᠨ᠎ᠠ᠃ ᠳᠡᠭᠡᠪᠦᠷ ᠳᠡᠭᠡᠷ᠎ᠡ ᠳᠡᠯᠭᠡᠵᠤ ᠬᠠᠳᠠᠭᠠᠭᠰᠠᠨ ᠠᠭᠠᠷᠤᠤᠯ ᠨᠠᠷᠠ ᠠᠮᠳᠠᠭᠳᠠᠭᠠᠤᠨ ᠰᠠᠢ᠌ᠬᠠᠨ ᠪᠠᠢ᠌ᠳᠠᠭ ᠰᠢᠭ ᠠᠷᠭᠠᠯ ᠤᠨ ᠣᠳᠤᠭᠠᠨ ᠳᠤ ᠬᠠᠳᠠᠭᠠᠭᠰᠠᠨ ᠮᠢᠬ᠎ᠠ ᠴᠤ ᠦᠪᠡᠷᠮᠢᠴᠠ ᠭᠤᠴᠤ ᠠᠮᠳᠠ ᠲᠡᠶ ᠪᠠᠢ᠌ᠳᠠᠭ᠃ ᠪᠢ ᠬᠠᠳᠠᠭᠰᠠᠨ ᠮᠢᠬᠠᠨ ᠳᠤ ᠬᠠᠴᠢᠨ ᠳᠤᠷᠠᠳᠠᠢ᠃ ᠬᠤᠨᠢᠨ ᠤ ᠪᠣᠷᠴᠠᠯᠠᠭᠰᠠᠨ ᠮᠢᠬᠠᠨ ᠡᠴᠠ ᠳᠤᠰᠤ ᠮᠤᠯᠴᠤᠭᠯᠠᠬᠤ ᠳᠤ ᠪᠢ ᠠᠪᠣ ᠡᠵᠢ ᠶᠢᠨ ᠨᠢᠳᠤ ᠶᠢ ᠬᠠᠷᠢᠭᠤᠯᠤᠨ ᠳᠤᠯᠢᠶᠠᠨ᠎ᠠ᠃ ᠡᠵᠡᠭᠦᠢ ᠪᠣᠯ ᠳᠠᠰᠤᠯᠬᠤ ᠳᠤ ᠠᠮᠠᠷᠬᠠᠨ ᠭᠡᠰᠡᠭ᠌ ᠶᠢᠡᠷ ᠨᠢ ᠳᠠᠰᠤᠳᠠᠨ ᠠᠪᠴᠤ ᠡᠪᠦᠷᠳᠦᠯᠡᠨ᠎ᠡ᠃ ᠳᠤᠰᠤ ᠳᠠᠭᠠᠭᠠᠪᠣᠷᠢᠯᠠᠭᠰᠠᠨ ᠡᠪᠦᠷ ᠢ ᠬᠠᠷᠠᠭᠠᠤᠨ ᠬᠤᠯᠠᠭᠠᠢ ᠶᠢᠨ ᠭᠡᠷᠡᠭ᠌ ᠠᠮᠠᠷᠬᠠᠨ ᠪᠠᠷᠢᠭᠳᠠᠵᠤ᠄ 《ᠬᠤᠭᠤᠯᠠ ᠪᠣᠳᠠᠭᠠᠨ ᠤ ᠵᠡᠪᠰᠡᠭ᠌ (ᠠᠮᠳᠠ) ᠬᠠᠭᠤᠷᠠᠢ᠌ᠯᠠᠯ᠎ᠠ︕》 ᠭᠡᠵᠤ ᠥᠭᠡᠯᠡᠭᠦᠯᠤᠨ ᠣᠯᠠᠭᠠᠨ ᠰᠤᠬᠠᠢ ᠪᠠᠷ ᠳᠠᠳᠠᠭᠤᠯᠵᠤ ᠴᠤ ᠪᠠᠢ᠌ᠭᠰᠠᠨ᠃

ᠡᠮᠡᠭᠡ ᠡᠵᠢ ᠶᠢᠨ ᠡᠭᠡᠴᠢ ᠨᠢ ᠠᠮ᠎ᠠ ᠭᠡᠵᠤ ᠨᠠᠰᠤᠳᠠᠨ ᠮᠠᠨ ᠤ ᠲᠡᠶ ᠦᠷᠭᠦᠯᠵᠢ ᠠᠢ᠌ᠯᠰᠠᠨ᠎ᠠ᠃ ᠵᠢᠩᠭᠢᠨᠢ ᠨᠠᠷ᠎ᠠ ᠨᠢ ᠭᠡᠨ ᠭᠡᠳᠡᠭ᠌ ᠪᠠᠢ᠌ᠭᠰᠠᠨ ᠶᠤᠮ ᠪᠣᠤ ᠮᠠᠳᠠ᠂ ᠬᠤᠯᠠ ᠤᠢ᠌ᠷ᠎ᠡ᠂ ᠭᠦᠭ᠍ᠰᠢᠨ ᠵᠠᠯᠠᠭᠤ᠂ ᠭᠦᠮᠤᠨ ᠤ ᠦᠪᠡᠷ ᠤᠨ ᠦᠭᠡᠶ ᠠᠮ᠎ᠠ ᠭᠡᠵᠡᠭᠡᠨ᠎ᠡ᠃ ᠠᠮ᠎ᠠ ᠬᠤᠶᠠᠷ ᠬᠠᠷ᠎ᠠ ᠮᠡᠩᠭᠡ ᠲᠡᠶ ᠪᠣᠯᠤᠭᠠᠤᠨ ᠨᠠᠰᠤ ᠪᠠᠷ ᠶᠢᠡᠨ ᠭᠦᠮᠤᠨ ᠲᠡᠶ ᠰᠠᠭᠤᠭᠰᠠᠨ ᠦᠭᠡᠶ ᠭᠡᠯᠴᠡᠳᠡᠭ᠌᠃ 《ᠭᠠᠭᠴᠠ ᠪᠠᠶ᠎ᠠ ᠡᠮᠡᠭ᠍ᠳᠡᠢ ᠳᠤ ᠭᠠᠳᠠᠨ᠎ᠠ ᠳᠤᠳᠤᠨ᠎ᠠ ᠶᠢᠨ ᠬᠠᠳᠠᠭᠤ ᠭᠦᠳᠡᠭᠦᠤ ᠠᠵᠢᠯ ᠭᠡᠴᠡᠭᠦᠤ ᠯᠠ ᠪᠠᠢ᠌ᠭᠰᠠᠨ ᠪᠢᠵᠠ᠃ ᠠᠯᠢ ᠶᠢᠨ ᠪᠣᠯᠭᠠᠨ ᠭᠦᠮᠤᠨ ᠤ ᠴᠢᠷᠠᠢ ᠬᠠᠷᠠᠬᠤ ᠪᠣᠢ ᠭᠡᠳ ᠬᠤᠨᠢ ᠮᠠᠯ ᠤᠨ ᠭᠤᠤᠯ ᠢ ᠨᠢ ᠳᠠᠰᠤᠳᠠᠬᠤ ᠡᠴᠠ ᠪᠣᠰᠤᠳ ᠢ ᠨᠢ ᠥᠪᠠᠷᠳᠡᠭᠡᠨ ᠭᠢᠴᠢᠭᠡᠳᠡᠭ᠌᠃ ᠮᠠᠭᠤ ᠡᠷ᠎ᠡ ᠶᠢ ᠳᠠᠭᠠᠭᠤᠯᠬᠤ ᠦᠭᠡᠶ ᠠᠵᠢᠯᠰᠠᠭ ᠴᠢᠳᠠᠮᠠᠭ ᠭᠦᠮᠤᠨ ᠪᠠᠢ᠌ᠭᠰᠠᠨ ᠁》 ᠭᠡᠵᠤ ᠡᠵᠢ ᠮᠢᠨᠢ ᠳᠤᠷᠠᠰᠳᠠᠭ᠃ ᠪᠢᠳᠠᠨ ᠢ ᠣᠬᠠᠭᠠᠵᠢᠬᠤ ᠳᠤ ᠦᠳᠡᠯᠵᠤ ᠭᠦᠯ ᠨᠢ ᠮᠠᠭᠤᠳᠠᠨ ᠭᠠᠷᠴᠤ ᠣᠷᠤᠬᠤ ᠳᠤ ᠪᠠᠨ ᠴᠤ ᠭᠦᠴᠢᠷᠳᠡᠳᠡᠭ᠌ ᠪᠣᠯᠵᠤ ᠠᠪᠣ ᠬᠤᠯᠠ ᠤᠢ᠌ᠷ᠎ᠡ ᠶᠢ ᠨᠢ ᠤᠢ᠌ᠷᠠᠳᠤᠭᠤᠯᠤᠨ ᠮᠠᠯ ᠬᠤᠢ ᠶᠢ ᠨᠢ ᠡᠷᠭᠢᠭᠦᠯᠵᠤ ᠳᠤᠭᠤᠷᠢᠭᠤᠯᠤᠨ ᠠᠯᠠᠵᠤ ᠳᠦᠭᠦᠭᠡᠷᠴᠤ ᠦᠭ‍ᠭᠦᠨ᠎ᠡ᠃

ᠠᠮ᠎ᠠ ᠬᠡᠦᠬᠡᠳ ᠲᠤ ᠶᠡᠭᠡ ᠬᠠᠢ᠌ᠷᠠᠳᠠᠢ᠃ ᠭᠠᠷ ᠳᠡᠭᠡᠷ᠎ᠡ ᠨᠢ ᠥᠰᠦᠭ᠍ᠰᠡᠨ ᠪᠣᠯᠤᠭᠠᠤᠨ ᠳᠠᠷᠠ ᠪᠢᠵᠠ᠂ ᠠᠪᠣ ᠳᠤ ᠨᠠᠩ ᠴᠤ ᠬᠠᠢ᠌ᠷᠠᠳᠠᠢ᠃ ᠶᠠᠭᠤᠮᠠᠨ ᠳᠤ ᠶᠠᠪᠣᠭᠰᠠᠨ ᠬᠣᠢ᠌ᠭᠤᠷ ᠨᠢ ᠢᠳᠡᠭᠡᠨ ᠣᠮᠳᠠᠭᠠᠨ ᠤ ᠪᠠᠨ ᠠᠯᠢ ᠠᠮᠳᠠ ᠲᠡᠶ ᠶᠢ ᠨᠢ ᠬᠠᠳᠠᠭᠠᠯᠠᠨ ᠵᠤᠭᠤᠰ ᠣᠷᠭᠢᠨ ᠣᠷᠭᠢᠨ ᠭᠦᠯᠢᠶᠡᠨ᠎ᠡ᠃ ᠠᠪᠣ ᠭᠠᠳᠠᠭᠰᠢ ᠶᠠᠪᠣᠭᠠᠤᠨ ᠢᠷᠡᠭᠦ ᠳᠤᠭᠠᠯᠠᠨ ᠳᠤ ᠪᠠᠨ ᠠᠮ᠎ᠠ ᠶᠢᠨ ᠳᠤ ᠣᠷᠤᠵᠤ ᠥᠵᠡᠭ᠍ᠰᠡᠨ ᠬᠠᠷᠠᠭᠰᠠᠨ᠂ ᠰᠤᠨᠤᠰᠤᠭᠰᠠᠨ ᠳᠤᠭᠤᠯᠤᠭᠰᠠᠨ ᠶᠢᠡᠨ ᠰᠤᠨᠤᠰᠬᠠᠵᠤ ᠢᠳᠡᠭᠡᠨ ᠤ ᠳᠡᠭᠡᠵᠢ ᠶᠢ ᠨᠢ ᠠᠮᠰᠠᠨ᠎ᠠ᠃ ᠪᠢᠳᠠᠨ ᠢ ᠥᠰᠭᠦ ᠳᠤ ᠰᠢᠭᠢᠷ ᠵᠢᠮᠢᠰ ᠤᠨ ᠵᠣᠢ᠌ᠯ ᠶᠡᠭᠡ ᠬᠤᠪᠣᠷ᠃ ᠴᠠᠭ ᠴᠠᠭ ᠨᠢᠭᠡ ᠴᠠᠳᠤᠨ᠎ᠠ ᠴᠠᠭᠠᠨ ᠰᠠᠷ᠎ᠠ ᠨᠢᠭᠡ ᠴᠠᠳᠤᠨ᠎ᠠ᠂ ᠦᠶ᠎ᠡ ᠦᠶ᠎ᠡ ᠨᠢᠭᠡ ᠴᠠᠳᠤᠨ᠎ᠠ ᠥᠭᠡᠷ ᠠᠯᠠᠬᠤ ᠳᠤ ᠨᠢᠭᠡ ᠴᠠᠳᠤᠨ᠎ᠠ ᠭᠡᠭ᠍ᠴᠢ ᠪᠠᠷ ᠠᠪᠣ ᠵᠢᠯ ᠤᠨ ᠶᠠᠭᠤᠮ᠎ᠠ ᠳᠦᠭᠦᠭᠡᠷᠭᠦ ᠪᠠᠷ ᠶᠠᠪᠣᠭᠰᠠᠨ ᠡᠳᠦᠷ ᠨᠠᠷᠠ ᠠᠷᠭᠠᠮᠵᠢᠭᠳᠠᠭᠰᠠᠨ ᠶᠤᠮ ᠰᠢᠭ ᠣᠳᠠᠭᠠᠨ ᠥᠩᠭᠡᠷᠡᠨ᠎ᠡ᠃ ᠠᠪᠣ ᠵᠢᠯ ᠤᠨ ᠶᠠᠭᠤᠮ᠎ᠠ ᠳᠦᠭᠦᠭᠡᠷᠴᠤ ᠢᠷᠡᠭᠡᠳ ᠶᠡᠭᠡ ᠪᠠᠭ᠎ᠠ ᠶᠢᠨ ᠳᠤᠮᠳᠠ ᠰᠢᠭᠢᠷ ᠪᠣᠷᠠᠮ ᠠᠳᠬᠤᠭᠤᠯᠳᠠᠭ ᠲᠤ ᠨᠢ ᠪᠣᠯᠤᠭᠰᠠᠨ ᠪᠢᠵᠠ᠃

ᠠᠪᠣ ᠵᠢᠯ ᠤᠨ ᠶᠠᠭᠤᠮ᠎ᠠ ᠳᠦᠭᠦᠭᠡᠷᠭᠦ ᠪᠠᠷ ᠶᠠᠪᠣᠭᠰᠠᠨ ᠣᠷᠤᠢ ᠨᠢ ᠪᠢ ᠬᠤᠨᠢ ᠪᠠᠨ ᠬᠤᠳᠠᠯᠠᠭᠤᠯᠴᠢᠬᠠᠭᠠᠤᠨ ᠠᠮ᠎ᠠ ᠶᠢᠨ ᠳᠤ ᠣᠴᠢᠵᠤ ᠠᠪᠣ ᠳᠤ ᠪᠠᠨ ᠮᠡᠷᠭᠡᠯᠡᠭᠦᠯᠦᠭ᠍ᠰᠡᠨ ᠳᠤ 《ᠦᠷᠯᠦᠭᠡ ᠶᠢᠨ ᠴᠢᠨ᠋ᠸ᠎ᠠ ᠴᠠᠰᠢ ᠪᠠᠨ᠂ ᠦᠳᠡᠰᠢ ᠶᠢᠨ ᠴᠢᠨ᠋ᠸ᠎ᠠ ᠨᠠᠰᠢ ᠪᠠᠨ ᠭᠡᠳᠡᠭ᠌ ᠶᠤᠮ᠂ ᠬᠠᠷ᠎ᠠ ᠴᠢᠨ᠋ᠸ᠎ᠠ ᠪᠠᠭᠤᠵᠤ ᠪᠠᠢ᠌ᠨ᠎ᠠ ᠣᠳᠤᠬᠠᠨ ᠢᠷᠡᠭᠦ ᠪᠠᠢ᠌ᠬ᠎ᠠ︕》 ᠭᠡᠪᠡ᠃ ᠥᠨᠡᠭᠡᠷ ᠰᠢᠷ᠎ᠠ ᠪᠦᠷᠦᠢ ᠶᠢᠨ ᠠᠯᠳᠠ ᠳᠤ ᠠᠪᠣ ᠬᠠᠷᠢᠵᠤ ᠢᠷᠠᠪᠠ᠃ ᠮᠢᠨᠤ ᠠᠮ᠎ᠠ ᠡᠢ᠌ᠮᠤ ᠮᠡᠷᠭᠡᠴᠢ ᠭᠦᠮᠤᠨ ᠯᠠ ᠳ᠋ᠠ᠃

ᠨᠢᠭᠡ ᠡᠳᠦᠷ ᠪᠢ ᠳᠠᠷᠤᠭᠠᠰᠤ ᠲᠡᠶ ᠳᠡᠮᠡᠭᠡᠨ ᠳᠤ ᠶᠠᠪᠣᠭᠠᠤᠨ ᠪᠦᠷᠦᠢ ᠳᠠᠰᠤᠷᠠᠬᠤ ᠳᠤ ᠳᠡᠮᠡᠭᠡ ᠪᠠᠨ ᠣᠯᠤᠭᠰᠠᠨ ᠦᠭᠡᠶ ᠭᠠᠷ ᠶᠢᠡᠨ ᠭᠠᠠᠵᠤᠭᠠᠯᠠᠨ ᠬᠠᠷᠢᠵᠤ ᠢᠷᠡᠭᠦ ᠳᠤ ᠠᠮ᠎ᠠ ᠶᠢᠨ ᠭᠡᠷ ᠡᠴᠠ ᠵᠤᠭᠤᠰ ᠣᠷᠭᠢᠬᠤ ᠴᠢᠮᠡᠭᠡ ᠳᠤᠭᠤᠯᠳᠠᠪᠠ᠃ ᠡᠵᠢ 《ᠰᠠᠶ‍ᠢᠬᠠᠨ ᠳᠠᠯᠪᠢᠭᠰᠠᠨ ᠳᠠᠷᠤᠭᠠᠰᠤ ᠲᠡᠶ ᠳᠡᠮᠡᠭᠡ ᠴᠤ ᠣᠯᠵᠤ ᠳᠡᠢ᠌ᠯᠭᠦ ᠦᠭᠡᠶ ᠣᠷᠤᠭᠰᠢ ᠨᠢ ᠳᠠᠰᠤᠷᠠᠭᠰᠠᠨ ᠠᠮᠢᠳᠠᠨ᠂ ᠳᠡᠮᠡᠭᠡ ᠪᠢᠰᠢ ᠳᠠᠪᠠᠨᠠ ᠡᠷᠢᠵᠤ ᠶᠠᠪᠣᠪᠠ ᠦᠦ︖》 ᠭᠡᠳ ᠬᠤᠭᠤᠯᠠ ᠦᠭᠡᠶ ᠬᠤᠨᠤᠭᠤᠯᠬᠤ ᠳᠤ ᠴᠤ ᠡᠨᠡᠭᠦᠭᠡᠨ ᠳᠤ ᠭᠡᠵᠤ ᠪᠣᠳᠤᠨ ᠠᠮ᠎ᠠ ᠪᠠᠷ ᠳᠦᠷᠢᠭᠡ ᠪᠠᠷᠢᠨ ᠬᠤᠭᠤᠯᠠ ᠲᠡᠶ ᠬᠤᠨᠤᠬᠤ ᠪᠠᠷ ᠠᠮ᠎ᠠ ᠶᠢᠨ ᠳᠤ ᠣᠷᠤᠬᠤ ᠳᠤ 《ᠳᠡᠮᠡᠭᠡ ᠪᠠᠨ ᠣᠯᠤᠭᠰᠠᠨ ᠦᠭᠡᠶ ᠦᠦ︖ ᠭᠦᠮᠤᠨ ᠮᠠᠯ ᠤᠨ ᠭᠦᠯ ᠵᠦᠷᠢᠭᠡᠳ ᠪᠠᠢ᠌ᠭᠰᠠᠨ ᠶᠤᠮ᠃ ᠪᠦᠷᠦᠢ ᠬᠠᠷᠠᠩᠭ᠋ᠤᠢ ᠳᠤ ᠠᠶᠤᠵᠤ ᠰᠤᠴᠢᠭᠰᠠᠨ ᠪᠠᠢ᠌ᠯᠭᠦᠢ᠂ ᠬᠤᠷᠤᠢ ︕ ᠬᠤᠷᠤᠢ ︕》 ᠭᠡᠪᠡ᠃

ᠦᠷᠯᠦᠭᠡ ᠨᠢ ᠠᠮ᠎ᠠ ᠶ‍ᠢᠰᠤᠨ ᠵᠤᠭᠤᠰ ᠣᠷᠭᠢᠭᠠᠤᠨ 《ᠠᠭᠤᠯᠠ ᠣᠩᠭ᠋ᠤᠴᠠ ᠪᠠᠭᠤᠵᠤ ᠪᠠᠢ᠌ᠨ᠎ᠠ᠂ ᠠᠭᠤᠯᠠ ᠣᠰᠤ ᠲᠡᠶ ᠭᠠᠵᠠᠷ ᠪᠠᠢ᠌ᠮᠠᠷ ᠶᠤᠮ᠃ ᠪᠠᠯᠭᠠᠨ ᠤ ᠭᠤᠤᠯ ᠳᠤ ᠣᠴᠢᠵᠤ ᠦᠵᠡ︕ ᠶᠠᠭᠤᠮ᠎ᠠ ᠶᠢ ᠶᠠᠭᠠᠭᠢᠵᠤ ᠮᠡᠳᠡᠭᠦ ᠪᠣᠢ᠂ ᠮᠦᠷ ᠢ ᠨᠢ ᠳᠠᠭᠠᠭᠠᠷᠠᠢ︕》 ᠭᠡᠪᠡ᠃ ᠶᠡᠭᠡᠴᠦᠦᠯ ᠶᠠᠭᠤᠮᠠᠨ ᠤ ᠳᠦᠷᠦᠭᠦᠨ ᠳᠤ 《ᠮᠦᠷ᠂ ᠮᠦᠷ︕》 ᠭᠡᠵᠤ ᠪᠠᠢ᠌ᠬᠤ ᠶᠤᠮ᠃ ᠮᠦᠷ ᠮᠦᠷᠳᠡᠭᠦ ᠰᠢᠭ᠌ ᠵᠠᠯᠬᠠᠭᠤ ᠲᠡᠶ ᠶᠠᠭᠤᠮ᠎ᠠ ᠪᠠᠢ᠌ᠬᠤ ᠦᠭᠡᠶ᠃ ᠭᠠᠵᠠᠷ ᠱᠠᠭᠠᠢ᠌ᠭᠠᠤᠨ ᠨᠢᠳᠤ ᠭᠦᠭᠡᠷᠡᠴᠢᠭᠡᠨ᠎ᠡ᠃ ᠬᠠᠳᠠᠭᠤ ᠭᠠᠵᠠᠷ ᠨᠠᠩ ᠴᠤ ᠶᠠᠷᠢᠯᠭ᠎ᠠ ᠦᠭᠡᠶ᠃ ᠡᠰᠢ ᠳᠠᠰᠢ ᠣᠷᠤᠢ ᠳᠤᠯᠤᠭᠠᠢ ᠳᠡᠭᠡᠷ᠎ᠡ ᠭᠠᠷᠴᠤ ᠪᠠᠷ᠎ᠠ ᠬᠠᠷᠠᠮᠠᠷ ᠰᠠᠨᠠᠭᠳᠠᠭᠠᠤᠨ ᠪᠣᠯᠬᠤ ᠪᠢᠰᠢ᠃ ᠳᠡᠭᠡᠭᠡᠳ ᠯᠠ ᠡᠨᠡ ᠣᠷᠤᠢ ᠳᠡᠭᠡᠷ᠎ᠡ ᠭᠠᠷᠪᠠᠯ ᠪᠠᠷ᠎ᠠ ᠨᠢ ᠬᠠᠷᠠᠭᠳᠠᠨ᠎ᠠ ᠦᠦ ︖ ᠳᠠᠷᠠ ᠳᠤᠯᠤᠭᠠᠢ ᠳᠡᠭᠡᠷ᠎ᠡ ᠭᠠᠷᠪᠠᠯ ᠪᠠᠷ᠎ᠠ ᠨᠢ ᠥᠵᠡᠭ᠍ᠳᠡᠨ᠎ᠡ ᠦᠦ︖ ᠭᠡᠵᠤ ᠭᠤᠷᠢᠳᠠᠨ ᠴᠠᠰᠢ ᠴᠠᠰᠢ ᠣᠷᠤᠢ ᠳᠤᠯᠤᠭᠠᠢ ᠳᠠᠮᠵᠢᠨ ᠭᠦᠶ‍ᠦᠭ᠍ᠰᠡᠭᠡᠷ ᠪᠠᠢ᠌ᠵᠤ ᠶᠠᠭᠤ ᠴᠤ ᠣᠯᠤᠯ ᠦᠭᠡᠶ ᠡᠷᠭᠢᠵᠤ ᠮᠦᠷᠳᠠᠨ᠎ᠡ᠃ ᠮᠦᠷ ᠶᠢᠡᠨ ᠡᠭᠦᠷᠦᠭᠡᠳ ᠶᠠᠪᠣᠬᠤ ᠠᠮᠢᠳᠠᠨ ᠪᠠᠢ᠌ᠬᠤ ᠪᠢᠰᠢ ᠮᠦᠷ ᠤᠨ ᠶᠢᠡᠨ ᠥᠵᠦᠭᠦᠷ ᠲᠤ ᠵᠤᠭᠰᠤᠵᠤ ᠪᠠᠢ᠌ᠨ᠎ᠠ᠃ ᠭᠡᠰᠡᠨ ᠴᠤ ᠬᠠᠰᠢᠷᠠᠬᠤ ᠦᠭᠡᠶ ᠶᠡᠭᠡᠴᠦᠦᠯ ᠤᠨ ᠥᠭᠡ ᠶᠢ ᠬᠤᠶᠠᠷ ᠴᠢᠭᠢᠨ ᠤ ᠪᠠᠨ ᠠᠷᠤ ᠪᠠᠷ ᠳᠠᠭᠤᠯᠠᠭᠤᠯᠤᠨ ᠬᠠᠯᠠᠭᠠᠢ᠌ᠳᠠᠭᠰᠠᠨ ᠳᠡᠮᠡᠭᠡ ᠰᠢᠭ᠌ ᠣᠷᠤᠢ ᠳᠤᠯᠤᠭᠠᠢ ᠪᠠᠷᠢᠨ ᠭᠦᠶ‍ᠦᠵᠤ ᠭᠦᠶ‍ᠦᠵᠤ ᠭᠤᠶ᠎ᠠ ᠪᠠᠨ ᠴᠢᠷᠦᠭᠡᠳ ᠢᠷᠡᠳᠡᠭ᠌ ᠯᠠ ᠪᠠᠢ᠌ᠭᠰᠠᠨ᠂ ᠦᠪᠡᠷ ᠶᠢᠡᠨ ᠤᠢ᠌ᠴᠢᠭᠰᠠᠨ ᠬᠡᠦᠬᠡᠳ ᠣᠢ᠌ᠯᠠᠳᠠᠭ ᠦᠭᠡᠶ ᠭᠡᠳᠡᠭ᠌ ᠪᠢᠵᠠ ᠳ᠋ᠠ᠂ ᠶᠠᠭᠠᠭᠢᠶ᠎ᠠ ᠭᠡᠭᠦᠪ ⁉

ᠪᠢ ᠬᠤᠳᠠᠨ ᠤ ᠵᠠᠬ᠎ᠠ ᠳᠤ ᠳᠠᠷᠤᠵᠤ ᠳᠠᠯᠪᠢᠭᠰᠠᠨ ᠭᠠᠵᠠᠷ ᠡᠴᠠ ᠨᠢ ᠳᠡᠮᠡᠭᠡᠨ ᠤ ᠪᠠᠨ ᠮᠦᠷ ᠢ ᠡᠯᠭᠦᠨ ᠮᠦᠷᠳᠠᠵᠤ ᠭᠡᠰᠡᠭ᠌ ᠶᠠᠪᠣᠭᠰᠠᠨ ᠶᠢᠡᠨ 《ᠠᠮ᠎ᠠ ᠶᠢᠨ ᠮᠡᠷᠭᠡ ᠰᠦᠷᠡᠭᠡᠢ ᠣᠨᠤᠳᠠᠭ ᠶᠤᠮ᠃ ᠮᠦᠷ ᠮᠦᠷᠳᠠᠵᠤ ᠡᠨᠡ ᠳᠠᠷᠠ ᠪᠣᠳᠠ ᠪᠣᠳᠠᠷᠭᠠᠨ᠎ᠠ ᠭᠡᠰᠦᠵᠤ ᠪᠠᠢ᠌ᠬᠤ ᠶᠢᠨ ᠣᠷᠤᠨ ᠳᠤ ᠪᠠᠯᠭᠠᠨ ᠤ ᠭᠤᠤᠯ ᠳᠤ ᠣᠴᠢᠵᠤ ᠦᠵᠡᠶ᠎ᠠ》 ᠭᠡᠳ ᠮᠦᠷ ᠢ ᠨᠢ ᠣᠷᠭᠢᠨ ᠪᠠᠯᠭᠠᠨ ᠤ ᠭᠤᠤᠯ ᠣᠷᠤᠭᠤ ᠭᠦᠶ‍ᠦᠪᠡ᠃ ᠦᠴᠦᠭᠡᠳᠦᠷ ᠨᠠᠳᠠ ᠶᠢ ᠬᠠᠭᠠᠰ ᠡᠳᠦᠷ ᠡᠷᠢᠯ ᠳᠤ ᠬᠠᠳᠠᠭᠠᠭᠰᠠᠨ ᠮᠠᠭᠤ ᠪᠣᠷᠤ ᠳᠠᠢ᠌ᠯᠤᠭ ᠪᠠᠯᠭᠠᠨ ᠤ ᠭᠤᠤᠯ ᠤᠨ ᠪᠠᠷᠠᠭᠤᠨ ᠰᠠᠷᠭᠢᠶᠠᠨ ᠳᠤ ᠬᠠᠷᠭᠠᠨ᠎ᠠ ᠶᠢᠨ ᠣᠷᠤᠢ ᠬᠠᠳᠤᠷᠴᠤ ᠪᠠᠢ᠌ᠯ᠎ᠠ᠃ ᠠᠮ᠎ᠠ ᠮᠢᠨᠢ ᠡᠢ᠌ᠮᠤ ᠯᠠ ᠮᠡᠷᠭᠡᠴᠢ ᠭᠦᠮᠤᠨ ᠳ᠋ᠠ︕ ᠭᠡᠰᠡᠨ ᠴᠤ ᠠᠪᠤᠨ ᠰᠠᠭᠤᠨ ᠵᠤᠭᠤᠰ ᠣᠷᠭᠢᠳᠠᠭ ᠦᠭᠡᠶ᠃ ᠴᠢᠳᠤᠷ ᠲᠡᠶ ᠮᠤᠷᠢ᠂ ᠳᠠᠰᠤᠷᠠᠭᠰᠠᠨ ᠮᠠᠯ ᠁ ᠤᠢ᠌ᠷ᠎ᠡ ᠵᠠᠭᠤᠷ᠎ᠠ ᠶᠢᠨ ᠡᠷᠢᠯ ᠳᠤ ᠮᠡᠷᠭᠡᠯᠡᠭᠦᠯᠭᠦ ᠭᠡᠭᠦ ᠪᠠᠷ 《ᠭᠡᠨ ᠮᠠᠯ ᠶᠢᠡᠨ ᠮᠡᠷᠭᠡ ᠪᠠᠷ ᠬᠠᠷᠢᠭᠤᠯᠵᠤ ᠪᠠᠢ᠌ᠭᠰᠠᠨ ᠶᠤᠮ᠂ ᠮᠦᠷ ᠢ ᠨᠢ ᠮᠦᠷᠳᠡᠭᠡᠳ ᠭᠦᠶᠤ︕》 ᠭᠡᠨ᠎ᠡ᠃ ᠡᠨᠡ ᠦᠷᠯᠦᠭᠡ ᠴᠤ ᠦᠴᠦᠭᠡᠳᠦᠷ ᠳᠠᠪᠠᠭ ᠶᠢᠡᠨ ᠡᠷᠭᠢᠳᠡᠯ᠎ᠡ ᠭᠦᠶ‍ᠦᠵᠤ ᠬᠠᠷᠠᠩᠭ᠋ᠤᠢ ᠪᠦᠷᠦᠩᠭᠦᠢ ᠳᠤ ᠠᠶᠤᠵᠤ ᠰᠤᠴᠢᠭᠰᠠᠨ ᠳᠤ ᠮᠢᠨᠢ ᠨᠢᠭᠤᠷ ᠬᠠᠢ᠌ᠷᠠᠯᠠᠭᠰᠠᠨ ᠭᠡᠷᠡᠭ᠌᠃

ᠠᠮ᠎ᠠ ᠵᠠᠢ᠌ᠴᠠ ᠪᠠᠨ ᠢᠷᠠᠨ ᠬᠠᠶᠠᠭ᠎ᠠ ᠪᠠᠨ ᠰᠢᠭᠤᠵᠤ ᠮᠢᠬ᠎ᠠ ᠶᠢ ᠨᠠᠷᠢᠬᠠᠨ ᠣᠷᠳᠤ ᠪᠣᠷᠴᠠᠯᠠᠭᠠᠤᠨ ᠠᠷᠭᠠᠯ ᠣᠭᠤᠭᠢᠭᠤᠯᠤᠨ ᠣᠳᠤᠵᠤ ᠬᠠᠳᠠᠭᠠᠨ᠎ᠠ᠃ ᠬᠠᠳᠠᠭᠰᠠᠨ ᠮᠢᠬᠠᠨ ᠳᠤ ᠨᠢᠳᠤ ᠪᠠᠨ ᠦᠭ‍ᠭᠦ ᠰᠢᠬᠠᠭᠰᠠᠨ ᠪᠢ ᠠᠮ᠎ᠠ ᠶᠢᠨ ᠡᠯᠭᠦᠭᠡ ᠲᠡᠶ ᠪᠣᠷᠴᠠᠨ ᠤ ᠡ᠊ᠨᠳᠡ ᠳᠠᠠᠳᠠ ᠡᠴᠠ ᠨᠢ ᠳᠠᠰᠤᠳᠠᠨ᠎ᠠ᠃ ᠠᠮ᠎ᠠ ᠪᠣᠷᠴᠠ ᠪᠠᠨ ᠣᠳᠠᠭᠠᠨ ᠡᠯᠭᠦᠭᠦ ᠦᠭᠡᠶ᠃ ᠪᠦᠷᠢᠨ ᠡᠪᠠᠷᠢᠵᠤ ᠬᠠᠳᠠᠬᠤ ᠶᠢᠨ ᠳᠤᠯᠤᠭᠠᠢ ᠳᠡᠭᠡᠷ᠎ᠡ ᠪᠦᠰ ᠭᠤᠳᠡᠢ ᠳᠤ ᠰᠠᠪᠠᠯᠠᠨ ᠬᠠᠨ᠎ᠠ ᠶᠢᠨ ᠳᠤᠯᠤᠭᠠᠢ ᠡᠴᠠ ᠡᠯᠭᠦᠨ᠎ᠡ᠃ ᠠᠢ᠌ᠯ ᠳᠤ ᠣᠷᠤᠭᠠᠤᠨ ᠭᠤᠳᠡᠢ᠌ᠨ ᠤ ᠠᠮᠠ ᠳᠠᠢ᠌ᠯᠵᠤ ᠰᠠᠭᠤᠬᠤ ᠳᠠᠢ᠌ᠮᠤ ᠠᠢ᠌ᠪᠣᠭᠤ ᠳᠠᠢ᠌ᠪᠣᠭᠤ ᠴᠢᠯᠦᠭᠡ ᠬᠠᠮᠢᠭ᠎ᠠ ᠪᠠᠢ᠌ᠬᠤ ᠪᠣᠢ᠃ ᠬᠠᠳᠠᠭᠰᠠᠨ ᠮᠢᠬ᠎ᠠ ᠳᠠᠰᠤᠳᠠᠬᠤ ᠭᠦᠭ᠌ ᠳᠡᠭᠡᠰᠭᠢᠭᠡᠳ ᠥᠩᠭᠡᠷᠡᠨ᠎ᠡ᠃

ᠨᠠᠮᠤᠷ ᠪᠣᠯᠵᠤ ᠠᠮ᠎ᠠ ᠶᠠᠭ ᠬᠠᠳᠠᠭᠠᠮᠠᠯ ᠠᠪᠴᠤ ᠪᠠᠢ᠌ᠭᠰᠠᠨ ᠦᠶ᠎ᠡ ᠪᠢᠯᠠ᠃ ᠪᠢ ᠠᠮ᠎ᠠ ᠶᠢᠨ ᠳᠤ ᠣᠷᠤᠬᠤ ᠳᠤ ᠴᠢᠭᠡ (ᠡᠷᠭᠢᠨᠡᠭ᠌) ᠵᠢᠨ ᠶᠢᠡᠨ ᠡᠮᠤᠨ᠎ᠡ ᠵᠤᠭᠤᠰ ᠣᠷᠭᠢᠵᠤ ᠰᠠᠭᠤᠪᠠ᠃ 《ᠳᠠ ᠶᠠᠭᠤᠨ ᠳᠤ ᠮᠡᠷᠭᠡᠯᠡᠵᠤ ᠰᠠᠭᠤᠭ᠎ᠠ ᠶᠤᠮ︖》 ᠭᠡᠰᠡᠨ ᠳᠤ 《ᠣᠷᠴᠢᠮ ᠡᠴᠠ ᠡᠯᠭᠦᠭᠡ ᠲᠡᠶ ᠪᠣᠷᠴᠠ ᠡ᠊ᠨᠳᠡ ᠳᠠᠠᠳᠠ ᠡᠴᠠ ᠪᠠᠨ ᠳᠠᠰᠤᠷᠠᠵᠤ ᠠᠯᠠᠭ᠎ᠠ ᠪᠣᠯᠤᠭᠠᠤᠨ ᠪᠠᠢ᠌ᠨ᠎ᠠ︕ ᠰᠢᠷ᠎ᠠ ᠮᠤᠤᠷ ᠳᠠᠰᠤᠳᠠᠵᠤ ᠪᠠᠢ᠌ᠭ᠎ᠠ ᠶᠤᠮ ᠪᠣᠯ ᠦᠦ ︖ ᠭᠡᠵᠤ ᠲᠦᠯᠭᠡᠳᠡᠭ᠍ᠰᠡᠨ ᠴᠢᠨᠢ 〈ᠰᠠᠯᠠᠭ᠎ᠠ ᠭᠡᠵᠢᠭᠡ ᠲᠡᠶ ᠰᠢᠷ᠎ᠠ ᠦᠬᠢᠨ ᠳᠠᠰᠤᠳᠠᠵᠤ ᠪᠠᠢ᠌ᠨ᠎ᠠ〉 ᠭᠡᠰᠡᠨ ᠲᠦᠯᠭᠡ ᠪᠠᠭᠤᠯ᠎ᠠ︕》 ᠭᠡᠪᠡ᠃

ᠮᠢᠨᠤ ᠡᠪᠦᠳᠦᠭ᠌ ᠶᠢᠡᠷ ᠴᠠᠴᠠᠷᠠᠨ ᠴᠢᠷᠠᠢ ᠨᠢᠯᠴᠢᠭᠢᠨᠠᠵᠤ ᠪᠣᠷᠤ ᠮᠦᠷ ᠶᠢᠡᠷ ᠶᠢᠡᠨ ᠪᠣᠴᠠᠪᠠ᠃ 《ᠬᠤᠯᠠᠭᠠᠢ》 ᠪᠠᠷᠢᠭᠳᠠᠬᠤ ᠬᠠᠴᠢᠨ ᠡᠪ ᠦᠭᠡᠶ ᠶᠠᠭᠤᠮ᠎ᠠ ᠪᠠᠢ᠌ᠳᠠᠭ ᠰᠢᠤ ︕ ᠪᠢ ᠠᠮ᠎ᠠ ᠶᠢᠨ ᠪᠣᠷᠴᠠ ᠶᠢ ᠭᠦᠯ ᠳᠤ ᠣᠷᠤᠬᠤ ᠡᠴᠠ ᠪᠠᠨ ᠳᠠᠰᠤᠳᠠᠯ᠎ᠠ ᠭᠡᠭᠦ ᠳᠤ ᠭᠡᠳᠦᠷᠡᠭᠦ ᠦᠭᠡᠶ᠃ ᠠᠮ᠎ᠠ ᠵᠤᠭᠤᠰ ᠣᠷᠭᠢᠭᠠᠤᠨ ᠯᠠ ᠮᠡᠳᠡᠳᠡᠭ᠌ ᠪᠠᠢ᠌ᠵᠤ 《ᠨᠠᠳᠠ ᠶᠢ ᠣᠷᠤᠬᠤ ᠳᠤᠬᠠᠢ ᠪᠣᠷᠴᠠ ᠳᠠᠰᠤᠳᠠᠬᠤ ᠭᠡᠵᠤ ᠶᠠᠪᠣᠭ᠎ᠠ ᠪᠢᠵᠠ ᠭᠡᠮᠡᠨ ᠪᠣᠳᠤᠳᠠᠭ ᠪᠠᠢ᠌ᠭᠰᠠᠨ ᠪᠠᠢ᠌ᠬ᠎ᠠ》 ᠭᠡᠵᠤ ᠪᠣᠳᠤᠬᠤ ᠡᠴᠠ ᠢᠴᠢᠨ ᠨᠢᠭᠤᠷ ᠭᠢᠭᠦ ᠭᠠᠵᠠᠷ ᠡᠰᠡ ᠣᠯᠳᠠᠨ᠎ᠠ᠃ ᠠᠮ᠎ᠠ ᠶᠢᠨ ᠴᠢᠷᠠᠢ ᠶᠢ ᠠᠰ ᠬᠠᠷᠠᠵᠤ ᠴᠢᠳᠠᠬᠤ ᠦᠭᠡᠶ ᠣᠯᠠᠨ ᠬᠤᠨᠤᠭᠰᠠᠨ ᠳ᠋ᠠ᠃ ᠠᠮ᠎ᠠ ᠡᠩ ᠤᠨ ᠪᠠᠢ᠌ᠳᠠᠭ ᠶᠢᠡᠷ ᠶᠢᠡᠨ ᠯᠠ ᠪᠠᠢ᠌ᠨ᠎ᠠ᠃ ᠪᠣᠷᠴᠠᠨ ᠤ ᠳᠤᠬᠠᠢ ᠴᠤᠬᠣᠢ᠌ᠯᠭᠠᠬᠤ ᠦᠭᠡᠶ ᠪᠠᠢ᠌ᠭᠰᠠᠭᠠᠷ ᠥᠭᠡᠳᠡ ᠪᠣᠯᠤᠭᠰᠠᠨ ᠳ᠋ᠠ᠃ ᠬᠠᠶᠠ ᠣᠷᠤᠬᠤ ᠳᠤ ᠭᠤᠳᠤᠭᠤᠷ ᠪᠣᠷᠴᠠ ᠪᠠᠷᠢᠭᠤᠯᠵᠤ ᠪᠠᠢ᠌ᠬᠤ ᠪᠠᠨ ᠶᠠᠳᠠᠬᠤ ᠦᠭᠡᠶ᠃ ᠪᠢ ᠦᠭ‍ᠭᠦᠭ᠍ᠰᠡᠨ ᠢ ᠨᠢ ᠢᠳᠡᠭᠦ ᠡᠴᠠ ᠪᠢᠰᠢ ᠨᠢᠭᠤᠵᠤ ᠬᠠᠪᠴᠢᠨ ᠳᠠᠰᠤᠳᠠᠬᠤ ᠪᠠᠨ ᠪᠣᠯᠢᠭᠰᠠᠨ᠃ ᠠᠮ᠎ᠠ ᠶᠢᠨ ᠪᠣᠷᠴᠠ ᠶᠢ ᠪᠢᠳᠡᠭᠡᠢ ᠭᠡᠯᠡ᠂ ᠭᠡᠷ ᠤᠨ ᠶᠢᠡᠨ ᠪᠣᠷᠴᠠ ᠶᠢ ᠴᠤ ᠳᠠᠰᠤᠳᠠᠬᠤ ᠪᠠᠨ ᠪᠣᠯᠢᠵᠤ ᠪᠢᠯᠠ᠃ ᠡᠢ᠌ᠡᠭᠦ ᠪᠣᠷᠴᠠ 《ᠬᠤᠯᠠᠭᠠᠢ᠌ᠯᠠᠳᠠᠭ》 ᠮᠠᠭᠤᠬᠠᠢ ᠵᠠᠩ ᠶᠢᠡᠨ ᠡᠭᠦᠷᠢᠳᠡ ᠣᠷᠭᠢᠭᠰᠠᠨ ᠳ᠋ᠠ᠃ ᠪᠢ ᠪᠣᠷᠴᠠ ᠡᠴᠠ ᠥᠭᠡᠷ᠎ᠡ ᠪᠣᠰᠤᠳ ᠤᠨ ᠶᠠᠭᠤᠮᠠᠨ ᠳᠤ ᠭᠠᠷ ᠭᠦᠷᠴᠤ ᠪᠠᠢ᠌ᠭ᠎ᠠ ᠦᠭᠡᠶ᠃ ᠶᠠᠷᠤ ᠨᠢ ᠮᠠᠨ ᠤ ᠣᠳᠤᠮ ᠣᠭᠰᠠᠭ᠎ᠠ ᠶᠢᠨ ᠭᠢᠨ ᠬᠤᠯᠠᠭᠠᠢ ᠬᠤᠳᠠᠯ ᠢ ᠣᠠᠴᠠᠭᠠᠢ ᠵᠢᠭ᠍ᠰᠢᠳᠡᠭ᠌᠃ ᠭᠦᠮᠤᠨ ᠤ ᠮᠠᠭᠤ ᠮᠠᠭᠤᠬᠠᠢ ᠶᠠᠭᠠᠭᠢᠬᠤ ᠪᠣᠢ᠂ ᠬᠤᠯᠠᠭᠠᠢ ᠬᠤᠳᠠᠯ ᠦᠭᠡᠶ ᠪᠣᠯ ᠪᠣᠯᠬᠤ ᠨᠢ ᠳᠠᠷᠠ ᠭᠡᠨ᠎ᠡ᠃ ᠳᠠᠢ᠌ᠮᠤ ᠡᠴᠠ ᠪᠠᠨ ᠮᠠᠨ ᠤ ᠣᠳᠤᠮ ᠳᠤ ᠬᠤᠯᠠᠭᠠᠢ᠌ᠴᠢ ᠬᠤᠳᠠᠯᠴᠢ ᠭᠠᠷᠴᠤ ᠪᠠᠢ᠌ᠭ᠎ᠠ ᠦᠭᠡᠶ᠃ ᠬᠠᠭᠤᠷᠠᠭᠰᠠᠭᠠᠷ ᠬᠠᠭᠤᠷᠠᠭᠰᠠᠭᠠᠷ ᠬᠤᠳᠠᠯᠴᠢ ᠪᠣᠯᠤᠨ᠎ᠠ᠂ ᠭᠢᠮᠤᠰᠤᠯᠠᠭᠰᠠᠭᠠᠷ ᠭᠢᠮᠤᠰᠤᠯᠠᠭᠰᠠᠭᠠᠷ ᠬᠤᠯᠠᠭᠠᠢ᠌ᠴᠢ ᠪᠣᠯᠤᠨ᠎ᠠ ᠭᠡᠮᠡᠨ ᠭᠦᠮᠤᠨ ᠬᠠᠭᠤᠷᠬᠤ ᠶᠢ ᠴᠤ ᠶᠡᠭᠡ ᠵᠢᠭ᠍ᠰᠢᠨ᠎ᠡ᠃ ᠰᠤᠷᠭᠠᠭᠤᠯᠢ ᠳᠤ ᠪᠠᠢ᠌ᠬᠤ ᠳᠤ 《ᠠᠪᠣ ᠴᠢᠨᠢ ᠢᠷᠠᠯ᠎ᠠ᠂ ᠡᠵᠢ ᠴᠢᠨᠢ ᠢᠷᠠᠯ᠎ᠠ》 ᠭᠡᠵᠤ ᠨᠢᠭᠡ ᠨᠢᠭᠡᠨ ᠶᠢᠡᠨ ᠬᠠᠭᠤᠷᠤᠨ ᠭᠡᠢ ᠪᠠᠶᠠᠷᠯᠠᠭᠤᠯᠬᠤ ᠶᠠᠪᠣᠳᠠᠯ ᠦᠷᠭᠦᠯᠵᠢ ᠭᠠᠷᠤᠨ᠎ᠠ᠃ ᠭᠡᠳᠡᠯ᠎ᠡ ᠪᠢ ᠳᠡᠭᠡᠵᠤ ᠴᠤ ᠪᠠᠢ᠌ᠭ᠎ᠠ ᠦᠭᠡᠶ᠃

ᠬᠠᠳᠠᠭᠰᠠᠨ ᠪᠣᠷᠴᠠ ᠬᠡᠦᠬᠡᠳ ᠤᠨ ᠬᠤᠷᠤᠬᠠᠢ ᠶᠢ ᠪᠣᠯᠬᠤ ᠦᠭᠡᠶ ᠭᠦᠳᠡᠯᠭᠡᠭᠡᠳ ᠪᠠᠢ᠌ᠳᠠᠭ ᠢᠳᠡᠭᠡᠨ ᠪᠣᠯᠤᠯᠳᠠᠢ᠃ ᠪᠢ ᠭᠠᠭᠴᠠ ᠦᠬᠢᠨ ᠲᠡᠶ ᠠᠯᠢ ᠠᠮᠳᠠᠳᠠᠢ ᠪᠠᠨ ᠳᠡᠭᠦᠨ ᠳᠤ ᠢᠳᠡᠭᠦᠯᠵᠤ ᠠᠯᠢ ᠥᠩᠭᠡ ᠲᠡᠶ ᠪᠠᠨ ᠳᠡᠭᠦᠨ ᠳᠤ ᠡᠮᠦᠰᠭᠡᠨ᠎ᠡ᠃ ᠶᠡᠷᠡᠭᠡᠳ ᠣᠨ ᠤ ᠦᠶ᠎ᠡ ᠳᠤ ᠴᠠᠯᠢᠩ ᠮᠦᠩᠭᠦ ᠳᠤᠤᠷ᠎ᠠ ᠮᠠᠨ ᠤ ᠠᠮᠢᠳᠤᠷᠠᠯ ᠳᠠᠳᠠᠭᠤ ᠪᠠᠢ᠌ᠯ᠎ᠠ᠃ ᠭᠡᠰᠡᠨ ᠴᠤ ᠪᠠᠭ᠎ᠠ ᠰᠠᠭ᠎ᠠ ᠵᠤᠭᠤᠰ ᠵᠤᠭ᠎ᠠ ᠪᠠᠨ ᠨᠢᠭᠤᠵᠤ ᠳᠠᠯᠳᠠᠯᠠᠵᠤ ᠪᠣᠭᠤᠵᠤ ᠪᠣᠭᠴᠤᠯᠠᠨ᠎ᠠ ᠭᠡᠵᠤ ᠪᠠᠢ᠌ᠬᠤ ᠪᠢᠰᠢ᠂ ᠳᠠᠯ ᠰᠤᠯᠠ ᠳᠠᠯᠪᠢᠨ᠎ᠠ᠃ ᠮᠢᠨᠤ ᠭᠡᠦᠭᠡᠨ ᠶᠠᠷᠤ ᠨᠢ ᠭᠦᠳᠡᠯᠭᠡᠳᠡᠭ᠌ ᠦᠭᠡᠶ᠃ ᠵᠤᠭᠤᠰ ᠵᠠᠷᠤᠶ᠎ᠠ ᠭᠡᠪᠠᠯ ᠪᠢᠳᠠ ᠬᠤᠶᠠᠷ ᠤᠨ ᠭᠡᠨ ᠨᠢᠭᠡᠨ ᠳᠤ ᠨᠢ ᠭᠡᠯᠡᠵᠤ ᠵᠦᠪᠰᠢᠶᠠᠷᠠᠯ ᠣᠯᠤᠭᠠᠤᠨ ᠦᠭ‍ᠭᠦᠭ᠍ᠰᠡᠨ ᠢ ᠮᠢᠨᠢ ᠠᠪᠣᠭᠠᠤᠨ ᠬᠤᠷᠰᠢᠶ᠎ᠠ ᠣᠷᠤᠭᠤ ᠭᠦᠶᠤᠨ᠎ᠡ᠃

ᠮᠠᠨ ᠤ ᠪᠠᠷᠠᠭᠠᠨ ᠤ ᠪᠠᠢ᠌ᠰᠢᠩ ᠳᠤ ᠪᠠᠨ ᠮᠢᠬ᠎ᠠ ᠬᠠᠳᠠᠭᠠᠭᠰᠠᠨ ᠪᠠᠢ᠌ᠭᠰᠠᠨ ᠶᠤᠮ᠃ ᠭᠡᠦᠭᠡᠨ ᠮᠢᠨᠢ ᠣᠷᠤᠨ ᠭᠠᠷᠤᠨ ᠳᠠᠰᠤᠳᠠᠭᠠᠤᠨ ᠪᠠᠢ᠌ᠬᠤ ᠪᠠᠷ ᠨᠢ 《ᠭᠡᠦᠭᠡᠨ ᠮᠢᠨᠢ᠂ ᠪᠢᠳᠡᠭᠡᠢ ᠬᠠᠳᠠᠭᠰᠠᠨ ᠮᠢᠬ᠎ᠠ ᠳᠠᠰᠤᠳᠠᠭᠠᠤᠨ ᠪᠠᠢ᠌ᠭᠠᠷᠠᠢ︕》 ᠭᠡᠰᠡᠨ ᠶᠢᠡᠷ ᠭᠠᠷᠤᠨ ᠣᠷᠤᠨ ᠬᠠᠳᠠᠭᠰᠠᠨ ᠮᠢᠬ᠎ᠠ ᠵᠤᠯᠭᠠᠬᠤ ᠨᠢ ᠬᠠᠷᠠᠭᠳᠠᠬᠤ ᠪᠠᠨ ᠪᠣᠯᠢᠭᠰᠠᠨ ᠴᠤ ᠮᠢᠬ᠎ᠠ ᠳᠠᠰᠤᠯᠠᠭᠳᠠᠳᠠᠭ ᠶᠢᠡᠷ ᠶᠢᠡᠨ ᠳᠠᠰᠤᠯᠠᠭᠳᠠᠨ ᠭᠡᠦᠭᠡᠨ ᠤ ᠢᠳᠠᠰᠢ ᠨᠢ ᠪᠠᠭᠠᠳᠠᠨ᠎ᠠ᠃

ᠨᠢᠭᠡ ᠭᠠᠷᠠᠭ ᠤᠨ ᠡᠳᠦᠷ ᠬᠤᠪᠴᠠᠰᠤ ᠣᠭᠢᠶᠠᠬᠤ ᠪᠣᠯᠵᠤ ᠭᠡᠦᠭᠡᠨ ᠤ ᠪᠠᠨ ᠦᠮᠦᠳᠦᠨ ᠤ ᠬᠠᠷᠮᠠᠨ ᠢ ᠠᠭᠤᠳᠠᠯᠤᠭᠰᠠᠨ ᠳᠤ ᠰᠥᠭᠦᠮ ᠭᠢᠷᠢᠳᠠᠢ ᠪᠣᠷᠴᠠ ᠭᠠᠷᠴᠤ ᠢᠷᠠᠯ᠎ᠠ᠃ ᠪᠢ ᠠᠪᠣᠭᠠᠤᠨ ᠭᠡᠦᠭᠡᠨ ᠤ ᠪᠠᠨ ᠭᠡᠷ ᠤᠨ ᠪᠢᠴᠢᠭ᠌ ᠤᠨ ᠰᠢᠷᠡᠭᠡᠨ ᠳᠡᠭᠡᠷ᠎ᠡ ᠳᠠᠯᠪᠢᠪᠠ᠃ 《ᠡᠨᠡ ᠪᠣᠷᠴᠠ ᠶᠢ ᠳᠠ ᠬᠠᠮᠢᠭ᠎ᠠ ᠡᠴᠠ ᠣᠯᠤᠭᠰᠠᠨ ᠶᠤᠮ ︖》 ᠭᠡᠴᠢᠭᠡᠭ᠍ᠰᠡᠨ ᠢᠷᠡᠭᠦ ᠳᠤ ᠨᠢ 《ᠨᠢᠳᠤᠨ ᠡᠴᠠ ᠳᠠᠯᠳᠠ ᠪᠣᠷᠴᠠ ᠳᠠᠰᠤᠳᠠᠭᠠᠤᠨ ᠪᠠᠢ᠌ᠳᠠᠭ ᠶᠤᠮ ᠦᠦ ᠳ᠋ᠠ︖ ᠨᠢᠭᠤᠵᠤ ᠬᠠᠪᠴᠢᠵᠤ ᠶᠠᠭᠤᠮ᠎ᠠ ᠠᠪᠬᠤ ᠰᠢᠭ ᠠᠳᠠᠭ ᠤᠨ ᠶᠠᠭᠤᠮ᠎ᠠ ᠪᠠᠢ᠌ᠬᠤ ᠦᠭᠡᠶ︕》 ᠭᠡᠰᠡᠨ ᠳᠤ ᠴᠢᠷᠠᠢ ᠨᠢ ᠭᠦᠨ ᠣᠯᠠᠢ᠌ᠨ ᠴᠠᠰᠢ ᠡᠷᠭᠢᠪᠡ᠃ 《ᠬᠠᠳᠠᠭᠰᠠᠨ ᠮᠢᠬ᠎ᠠ ᠳᠠᠰᠤᠳᠠᠯ᠎ᠠ᠂ ᠶᠠᠭᠠᠭᠢᠯ᠎ᠠ ᠡᠢ᠌ᠯ᠎ᠡ︕》 ᠭᠡᠳ ᠭᠡᠷᠡᠭᠦᠯ ᠣᠷᠤᠭᠤᠯ ᠪᠣᠯᠵᠤ ᠪᠠᠢ᠌ᠭᠰᠠᠨ ᠡᠴᠠ ᠬᠤᠪᠢ ᠳᠠᠭᠢᠨ ᠰᠤᠷᠭᠠᠮᠵᠢ ᠪᠣᠯᠤᠭᠰᠠᠨ ᠪᠢᠵᠠ᠃

ᠣᠳᠤ ᠡᠷᠭᠢᠵᠤ ᠰᠠᠨᠠᠬᠤ ᠳᠤ ᠠᠮ᠎ᠠ ᠳᠠᠷᠠ ᠡᠳᠦᠷ ᠬᠠᠳᠠᠭᠰᠠᠨ ᠪᠣᠷᠴᠠᠨ ᠳᠤ ᠪᠠᠨ ᠪᠢᠰᠢ ᠬᠠᠷᠢᠨ ᠶᠠᠭᠤ ᠨᠢᠭᠡᠨ ᠵᠣᠢ᠌ᠯ ᠳᠤ ᠮᠡᠷᠭᠡᠯᠡᠵᠤ ᠰᠠᠭᠤᠭᠰᠠᠨ ᠨᠢ ᠮᠡᠳᠡᠭᠡᠵᠢ᠃ ᠵᠥᠪᠭᠡᠨ ᠨᠠᠳᠠ ᠲᠡᠶ ᠳᠤᠭᠯᠠᠭᠠᠮ ᠭᠢᠭ᠍ᠰᠡᠨ ᠳᠠᠳᠤᠢ᠃ ᠭᠡᠰᠡᠨ ᠴᠤ ᠨᠠᠳᠠ ᠶᠢ ᠣᠯᠠᠭᠠᠨ ᠰᠤᠬᠠᠢ ᠪᠠᠷ ᠣᠷᠢᠶᠠᠯᠭᠠᠭᠰᠠᠨ ᠡᠴᠠ ᠢᠯᠡᠭᠦᠤ ᠣᠬᠠᠭᠠᠷᠠᠭᠤᠯᠵᠤ ᠴᠢᠳᠠᠭᠰᠠᠨ ᠳ᠋ᠠ᠃

ᠪᠣᠷᠴᠠ ᠭᠡᠵᠤ ᠬᠡᠦᠬᠡᠳ ᠤᠨ ᠬᠤᠷᠤᠬᠠᠢ ᠶᠢ ᠪᠣᠵᠠᠭᠠᠢ ᠳᠠᠳᠠᠳᠠᠭ ᠢᠳᠡᠭᠡᠨ ᠪᠠᠢ᠌ᠭ᠎ᠠ ᠶᠤᠮ᠃ ᠣᠳᠤ ᠠᠰᠠᠷ ᠲᠤ ᠰᠠᠭᠤᠵᠤ ᠮᠢᠬ᠎ᠠ ᠬᠠᠳᠠᠭᠠᠬᠤ ᠪᠠᠨ ᠪᠣᠯᠢᠨ ᠪᠣᠷᠴᠠᠨ ᠤ 《ᠬᠤᠯᠠᠭᠠᠢ》 ᠴᠤ ᠳᠠᠷᠤᠭᠳᠠᠪᠠ᠃ ᠭᠤᠪᠢ ᠨᠤᠳᠤᠭ ᠤᠨ ᠪᠣᠷᠴᠠ ᠲᠡᠶ ᠣᠮᠳᠠ ᠭᠡᠴᠢᠨᠡᠨ ᠡᠷᠢᠭ᠍ᠳᠡᠭᠦ ᠰᠠᠨ ᠪᠣᠯ ⁉



ᠵᠤᠬᠢᠶᠠᠭᠴᠢ ᠶᠢᠨ ᠬᠠᠶ‍ᠢᠭ᠄ ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠪᠠ᠊·ᠠᠯᠲᠠᠨ‍ᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1396
ᠴᠠᠭ᠄ 2010 ᠤᠨ ᠤ 08 ᠰᠠᠷ᠎ᠠ ᠶᠢᠨ 04
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠪᠣᠷᠴᠠ