ᠪᠣᠰᠤᠭ᠎ᠠ ᠭᠡᠢ᠌ᠮᠦᠷᠢ

ᠠᠯᠤᠰ ᠤᠨ ᠪᠠᠷ᠎ᠠ ᠳᠤ ᠰᠥᠭᠯᠡᠢ᠌ᠭᠦ

ᠠᠭᠤᠯᠠᠰ ᠤᠨ ᠣᠷᠭᠢᠯ ᠪᠣᠰᠤᠭ᠎ᠠ

ᠠᠪᠣ ᠳᠡᠭᠡᠳᠦᠰ ᠡᠴᠠ ᠳᠠᠭᠢᠳᠠᠭ

ᠣᠪᠣᠭ᠎ᠠ ᠴᠠᠴᠠ ᠪᠣᠰᠤᠭ᠎ᠠ

ᠳᠤᠭᠤᠨᠤᠨ ᠭᠤᠤᠯ ᠡᠴᠠ ᠴᠤᠷᠭᠢᠬᠤ

ᠠᠷᠭᠠᠯ ᠤᠨ ᠣᠳᠤᠭ᠎ᠠ ᠪᠣᠰᠤᠭ᠎ᠠ

ᠳᠤᠯᠭᠠᠨ ᠳᠤᠳᠤᠷ᠎ᠠ ᠳᠦᠷᠡᠯᠵᠡᠭᠦ

ᠭᠠᠯ ᠤᠨ ᠰᠤᠷ ᠪᠣᠰᠤᠭ᠎ᠠ

᠁᠁

ᠬᠡᠦᠬᠡᠳ ᠰᠤᠷᠤᠭᠴᠢᠳ ᠤᠨ ᠶᠢᠡᠨ ᠠᠶᠠᠯᠠᠭᠤᠯᠤᠨ ᠣᠩᠰᠢᠬᠤ 《ᠪᠣᠰᠤᠭ᠎ᠠ ᠭᠡᠢ᠌ᠮᠦᠷᠢ》 ᠭᠡᠮᠡᠭᠦ ᠰᠢᠯᠦᠭ᠌ ᠢ ᠰᠤᠨᠤᠰᠬᠤ ᠲᠡᠶ ᠵᠡᠷᠭᠡ ᠮᠤᠩᠭ᠋ᠤᠯ ᠨᠤᠳᠤᠭ ᠮᠢᠨᠢ ᠦᠨᠳᠦᠷ ᠰᠦᠷᠯᠢᠭ᠌ ᠠᠭᠤᠯᠠ ᠲᠡᠶ ᠪᠠᠨ᠂ ᠥᠭ᠍‍ᠭᠢᠶᠡᠮᠦᠷ ᠪᠠᠶᠠᠨ ᠣᠪᠣᠭ᠎ᠠ ᠲᠡᠶ ᠪᠠᠨ᠂ ᠠᠷᠭᠠᠯ ᠤᠨ ᠴᠡᠩᠭᠡᠷ ᠣᠳᠤᠭ᠎ᠠ ᠲᠡᠶ ᠪᠠᠨ᠂ ᠭᠠᠯ ᠤᠨ ᠭᠦᠭᠡ ᠲᠦᠯᠤ ᠲᠡᠶ ᠪᠠᠨ ᠬᠠᠷᠠᠬᠤ ᠨᠢᠳᠤᠨ ᠳᠤ᠂ ᠬᠠᠪᠳᠠᠭᠠᠢ ᠴᠡᠭᠡᠵᠢᠨ ᠳᠤ ᠳᠸᠯᠸᠢᠰ ᠵᠢᠷᠤᠭ ᠰᠢᠭ ᠳᠤᠳᠤᠷᠠᠨ ᠳᠤᠳᠤᠷᠠᠨ᠂ ᠪᠣᠰᠤᠨ ᠪᠣᠰᠤᠨ ᠢᠷᠠᠨ᠎ᠡ᠃ ᠡᠨᠡ ᠦᠶ᠎ᠡ ᠳ᠋ᠤ

ᠠᠪᠣ ᠶᠢᠨ ᠳᠤᠯᠵᠤ ᠮᠤᠷᠳᠠᠳᠠᠭ

ᠣᠷᠭ᠎ᠠ ᠶᠢᠨ ᠥᠵᠦᠭᠦᠷ ᠪᠣᠰᠤᠭ᠎ᠠ

ᠡᠵᠢ ᠶᠢᠨ ᠪᠦᠯᠢᠵᠤ ᠨᠡᠷᠡᠳᠡᠭ᠌

ᠠᠢ᠌ᠷᠠᠭ ᠤᠨ ᠭᠦᠨᠦᠭ᠌ ᠪᠣᠰᠤᠭ᠎ᠠ

ᠳᠦᠷᠤ ᠶᠢᠨ ᠰᠦᠯᠳᠡ ᠪᠠᠨ ᠪᠠᠯᠭᠡᠳᠡᠳᠡᠭ᠌

ᠳᠤᠭ ᠤᠨ ᠡᠰᠢ ᠮᠢᠨᠢ ᠪᠣᠰᠤᠭ᠎ᠠ

ᠳᠦᠷᠤᠯᠭᠢ ᠭᠡᠯᠡ ᠶᠢ ᠳᠡᠮᠳᠡᠭᠯᠡᠳᠡᠭ᠌

ᠮᠤᠩᠭ᠋ᠤᠯ ᠦᠰᠦᠭ᠌ ᠮᠢᠨᠢ ᠪᠣᠰᠤᠭ᠎ᠠ᠁ ᠭᠡᠭᠦ ᠰᠢᠯᠦᠭ᠌ ᠤᠨ ᠮᠦᠷ ᠪᠠᠳᠠᠭ ᠤᠳ ᠳᠠᠭᠢᠨ ᠳᠠᠭᠢᠨ ᠵᠢᠷᠦᠭᠡᠨ ᠣᠭ ᠲᠤ ᠣᠶᠠᠩᠭ᠋ᠠᠷᠠᠨ ᠣᠶᠠᠩᠭ᠋ᠠᠷᠠᠨ᠎ᠠ᠃

ᠳᠠᠢ᠌ᠮᠤ ᠡ᠂ ᠮᠤᠩᠭ᠋ᠤᠯ ᠨᠤᠳᠤᠭ ᠲᠤ ᠮᠢᠨᠢ ᠣᠯᠠᠨ ᠣᠯᠠᠨ ᠪᠣᠰᠤᠭ᠎ᠠ ᠪᠣᠢ᠃ ᠪᠣᠰᠤᠭ᠎ᠠ ᠭᠡᠭᠦ ᠳᠤ ᠮᠠᠨ ᠤ ᠮᠤᠩᠭ᠋ᠤᠯᠴᠤᠳ ᠭᠦᠭᠡ ᠳᠡᠭ᠍ᠷᠢ ᠶᠢᠨ ᠳᠤᠤᠷ᠎ᠠ᠂ ᠭᠦᠷᠦᠰᠦᠳᠤ ᠳᠡᠯᠡᠭᠡᠢ ᠶᠢᠨ ᠳᠡᠭᠡᠷ᠎ᠡ ᠪᠣᠰᠤᠭ᠎ᠠ ᠶᠠᠪᠣᠭᠰᠠᠨ ᠮᠦᠷᠳᠡᠭᠡᠨ ᠣᠯᠠᠨ ᠵᠢᠯ ᠤᠨ ᠳᠡᠦᠭᠡᠨ ᠶᠠᠪᠣᠴᠠ ᠳᠤ ᠣᠯᠠᠨ ᠣᠯᠠᠨ ᠪᠣᠰᠤᠭ᠎ᠠ ᠶᠢ ᠪᠦᠳᠦᠭᠡᠵᠤ ᠶᠠᠪᠣᠭᠰᠠᠨ᠂ ᠡᠭᠦᠳᠴᠤ ᠶᠠᠪᠣᠭᠰᠠᠨ᠃ ᠳᠠᠩᠭᠢᠰ ᠭᠠᠳᠤᠯᠵᠤ ᠢᠷᠡᠭ᠍ᠰᠡᠨ ᠪᠦᠷᠳᠡ ᠴᠢᠨ᠋ᠸ᠎ᠠ᠂ ᠭᠤᠸ᠎ᠠ ᠮᠠᠷᠠᠯ ᠪᠣᠯ ᠪᠣᠰᠤᠭ᠎ᠠ ᠪᠠᠢ᠌ᠳᠠᠭ᠃ ᠠᠯᠤᠰ ᠤᠨ ᠪᠠᠷ᠎ᠠ ᠶᠢ ᠬᠠᠷᠠᠵᠤ ᠴᠢᠳᠠᠳᠠᠭ ᠮᠠᠩᠨᠠᠢ ᠳᠤᠮᠳᠠ ᠪᠠᠨ ᠭᠠᠭᠴᠠ ᠨᠢᠳᠤᠳᠠᠢ ᠳᠤᠧᠨ ᠰᠤᠬᠤᠷ ᠤᠨ ᠨᠢᠳᠤ ᠪᠣᠯ ᠪᠣᠰᠤᠭ᠎ᠠ ᠪᠠᠢ᠌ᠳᠠᠭ᠃ ᠬᠠᠳᠠ ᠬᠠᠢ᠌ᠯᠤᠭᠤᠯᠵᠤ ᠭᠠᠷᠤᠭᠰᠠᠨ ᠭᠢᠶᠠᠨ ᠵᠤᠷᠢᠭ ᠪᠣᠯ ᠪᠣᠰᠤᠭ᠎ᠠ ᠪᠠᠢ᠌ᠳᠠᠭ᠃ ᠬᠡᠦᠬᠡᠳ ᠶᠢᠡᠨ ᠰᠤᠷᠭᠠᠭᠰᠠᠨ ᠠᠯᠤᠩᠭ᠋ᠤᠸ᠎ᠠ ᠡᠭᠡ ᠶᠢᠨ ᠳᠠᠪᠤᠨ ᠮᠦᠰᠤ ᠪᠣᠯ ᠪᠣᠰᠤᠭ᠎ᠠ ᠪᠠᠢ᠌ᠳᠠᠭ᠃ ᠦᠨᠦᠴᠢᠨ ᠬᠡᠦᠬᠡᠳ ᠶᠢᠡᠨ ᠭᠦᠮᠤᠨ ᠪᠣᠯᠭᠠᠭᠰᠠᠨ ᠥᠭᠡᠯᠤᠨ ᠦᠵᠢᠨ ᠤ ᠰᠦᠰᠦ ᠣᠬᠠᠭᠠᠨ ᠪᠣᠰᠤᠭ᠎ᠠ ᠪᠠᠢ᠌ᠳᠠᠭ᠃ ᠳᠡᠭᠡᠭᠦ ᠳᠤ ᠮᠤᠩᠭ᠋ᠤᠯ ᠭᠦᠮᠤᠨ ᠤ ᠪᠣᠰᠤᠭ᠎ᠠ ᠶᠢᠨ ᠳᠤᠳᠤᠷ᠎ᠠ ᠠᠯᠢ ᠣᠯᠠᠨ ᠠᠭᠤᠯᠬᠤᠨ ᠲᠡᠶ ᠪᠠᠢ᠌ᠵᠤ᠂ ᠡᠨᠡᠭᠦ ᠪᠣᠰᠤᠭ᠎ᠠ ᠶᠢᠨ ᠳᠤᠳᠤᠷ᠎ᠠ ᠡᠷᠡᠰ ᠪᠠᠳᠤ᠂ ᠡᠷᠡᠯᠭᠡᠭ᠌ ᠪᠠᠭᠠᠳᠤᠷᠯᠢᠭ᠂ ᠡᠪ ᠪᠦᠯᠭᠦᠮᠳᠡᠯ᠂ ᠡᠶ᠎ᠡ ᠨᠠᠢ᠌ᠷᠠᠮᠳᠠᠯ᠁ ᠪᠦᠭᠦᠨ ᠠᠭᠤᠯᠤᠭᠳᠠᠵᠤ᠂ ᠪᠣᠰᠤᠭ᠎ᠠ ᠨᠢ ᠮᠤᠩᠭ᠋ᠤᠯ ᠭᠦᠮᠤᠨ ᠤ ᠰᠦᠯᠳᠡ ᠭᠡᠢ᠌ᠮᠦᠷᠢ ᠪᠣᠯᠤᠭᠰᠠᠨ ᠪᠠᠢ᠌ᠳᠠᠭ ᠡ᠃

ᠠᠯᠳᠠᠨ ᠳᠡᠯᠡᠭᠡᠢ ᠶᠢ ᠠᠯᠠᠭᠠᠨ ᠳᠠᠭᠠᠨ ᠳᠠᠷᠤᠵᠤ ᠳᠦᠷᠦᠭ᠍ᠰᠡᠨ ᠴᠢᠩᠭᠢᠰ ᠬᠠᠭᠠᠨ ᠮᠢᠨᠢ ᠪᠣᠰᠤᠭ᠎ᠠ ᠭᠡᠢ᠌ᠮᠦᠷᠢ ᠪᠠᠨ ᠡᠷᠭᠦᠨ ᠠᠭᠳᠠ ᠮᠤᠷᠢᠨ ᠤ ᠳᠤᠭᠤᠷᠠᠢ ᠪᠠᠷ ᠠᠽᠢᠶ᠎ᠠ ᠧᠦ᠋ᠷᠦᠫᠠ ᠶᠢ ᠰᠤᠠᠳᠠᠯᠠᠬᠤ ᠳᠠᠭᠠᠨ ᠮᠤᠩᠭ᠋ᠤᠯ ᠭᠦᠮᠤᠨ ᠤ ᠡᠷ᠎ᠡ ᠵᠤᠷᠢᠭ᠂ ᠣᠶᠤᠨ ᠣᠬᠠᠭᠠᠨ ᠢ ᠭᠠᠢ᠌ᠬᠠᠭᠤᠯᠬᠤ ᠶᠢᠨ ᠳᠠᠭᠠᠤ ᠵᠠᠳᠠᠷᠠᠭᠰᠠᠨ ᠮᠤᠩᠭ᠋ᠤᠯ ᠶᠢᠡᠨ ᠵᠠᠩᠭᠢᠳᠤᠭᠰᠠᠨ ᠨᠢᠳᠤᠷᠭ᠎ᠠ ᠰᠢᠭ ᠪᠦᠯᠭᠦᠮᠳᠡᠭᠦᠯᠵᠤ᠂ ᠪᠣᠷᠬᠠᠨ ᠤ ᠱᠠᠰᠢᠨ᠂ ᠾᠧᠷᠢᠰᠲ᠋ᠦᠰ ᠤᠨ ᠱᠠᠰᠢᠨ᠂ ᠢᠰᠯᠠᠮ ᠤᠨ ᠱᠠᠰᠢᠨ ᠢ ᠵᠡᠷᠭᠡᠪᠠᠷ ᠭᠦᠭ᠍ᠵᠢᠭᠦᠯᠵᠤ ᠳᠤᠷᠤᠨ᠎ᠠ ᠦᠷᠤᠨ᠎ᠡ ᠶᠢᠨ ᠰᠤᠶᠤᠯ ᠤᠨ ᠰᠤᠯᠢᠯᠴᠠᠭ᠎ᠠ ᠶᠢ ᠠᠭᠢᠭᠤᠯᠵᠤ ᠪᠦᠯᠭᠦᠮᠳᠡᠯ᠂ ᠡᠶ᠎ᠡ ᠨᠠᠢ᠌ᠷᠠᠮᠳᠠᠯ ᠤᠨ ᠵᠤᠷᠢᠭ ᠰᠠᠨᠠᠭ᠎ᠠ ᠶᠢ ᠳᠠᠷᠠ ᠦᠶ᠎ᠡ ᠳᠤ ᠳᠤᠷᠠᠳᠤᠨ ᠭᠠᠷᠭᠠᠭᠰᠠᠨ ᠪᠢᠯᠠ᠃

ᠮᠤᠩᠭ᠋ᠤᠯᠴᠤᠳ ᠵᠥᠪᠭᠡᠨ ᠠᠷᠪᠠᠨ ᠭᠤᠷᠪᠠᠳᠤᠭᠠᠷ ᠵᠠᠭᠤᠨ ᠳᠤ ᠪᠣᠰᠤᠭ᠎ᠠ ᠶᠠᠪᠣᠭᠰᠠᠨ ᠪᠢᠰᠢ᠂ ᠬᠠᠷᠢᠨ ᠦᠶ᠎ᠡ ᠶᠢᠨ ᠦᠶ᠎ᠡ ᠠᠴᠢ ᠶᠢᠨ ᠠᠴᠢ ᠪᠣᠰᠤᠭ᠎ᠠ ᠶᠠᠪᠣᠵᠤ ᠢᠷᠡᠭ᠍ᠰᠡᠨ ᠪᠢᠯᠠ᠃ ᠠᠷᠤ ᠮᠤᠩᠭ᠋ᠤᠯ ᠶᠢᠡᠨ ᠭᠦᠭ᠍ᠵᠢᠭᠦᠯᠵᠤ ᠪᠠᠢ᠌ᠭᠰᠠᠨ ᠠᠯᠳᠠᠨ ᠬᠠᠭᠠᠨ ᠤ ᠣᠬᠠᠭᠠᠨ ᠪᠣᠰᠤᠭ᠎ᠠ᠂ ᠠᠷᠠᠤᠨ ᠶᠢᠡᠨ ᠳᠠᠭᠠᠭᠤᠯᠵᠤ ᠳᠤᠷᠤᠨᠠᠰᠢ ᠪᠣᠴᠠᠭᠰᠠᠨ ᠣᠪᠠᠰᠢ ᠬᠠᠨ ᠤ ᠵᠤᠷᠢᠭ ᠪᠣᠰᠤᠭ᠎ᠠ᠂ ᠠᠩᠭ᠍ᠯᠢ ᠹᠷᠠᠠᠼᠢ ᠶᠢ ᠭᠢᠶᠠᠷᠠᠳᠠᠯ᠎ᠠ ᠴᠤᠭᠢᠭᠰᠠᠨ ᠪᠣᠳᠤᠯᠭᠠᠳᠤ ᠴᠢᠨ ᠸᠠᠩ ᠤᠨ ᠣᠮᠤᠭ ᠪᠣᠰᠤᠭ᠎ᠠ᠂ ᠠᠳᠠᠷ ᠬᠠᠭᠠᠯᠪᠣᠷᠢᠯᠠᠬᠤ ᠶᠢ ᠡᠰᠡᠷᠭᠦᠴᠡᠵᠤ ᠪᠠᠢ᠌ᠭᠰᠠᠨ ᠭᠠᠳᠠ ᠮᠠᠢ᠌ᠷᠠᠨ ᠤ ᠰᠠᠯᠠᠮ᠎ᠠ ᠪᠣᠰᠤᠭ᠎ᠠ᠁

ᠳᠤᠮᠳᠠᠳᠤ ᠣᠯᠤᠰ ᠲᠤ ᠳᠠᠪᠤᠨ ᠶᠡᠭᠡ ᠮᠠᠯᠵᠢᠬᠤ ᠣᠷᠤᠨ ᠪᠠᠢ᠌ᠳᠠᠭ ᠴᠤ 《ᠢᠯᠢ》᠂ 《ᠮᠸᠩ ᠨᠢᠥ》 ᠮᠠᠳᠤ ᠶᠢᠨ ᠣᠯᠤᠰ ᠠᠯᠤᠰᠯᠠᠭᠰᠠᠨ ᠶᠡᠭᠡ ᠺᠤᠮᠫᠠᠨᠢ ᠨᠢ ᠪᠣᠰᠤᠳ ᠮᠠᠯᠵᠢᠬᠤ ᠣᠷᠤᠨ ᠳᠤ ᠪᠠᠢ᠌ᠭᠤᠯᠤᠭᠳᠠᠭᠰᠠᠨ ᠪᠢᠰᠢ᠂ ᠬᠠᠷᠢᠨ ᠦᠪᠣᠷ ᠮᠤᠩᠭ᠋ᠤᠯ ᠤᠨ ᠳᠠᠯ᠎ᠠ ᠨᠤᠳᠤᠭ ᠡᠴᠠ ᠪᠣᠰᠤᠨ ᠭᠠᠷᠤᠭᠰᠠᠨ ᠪᠠᠢ᠌ᠨ᠎ᠠ᠃ ᠵᠠᠷᠢᠮ ᠡᠷᠳᠡᠮᠳᠡᠳ ᠤᠨ ᠭᠡᠯᠡᠭᠦ ᠪᠠᠷ ᠭᠠᠭᠴᠠ ᠯᠠ ᠮᠤᠩᠭ᠋ᠤᠯ ᠭᠦᠮᠤᠨ ᠯᠠ ᠡᠨᠡ ᠭᠦ ᠡᠭᠦᠷᠭᠡ ᠶᠢ ᠭᠦᠢᠴᠡᠳᠭᠡᠵᠤ᠂ ᠮᠤᠩᠭ᠋ᠤᠯ ᠰᠤᠶᠤᠯ ᠤᠨ ᠭᠦᠷᠦᠰᠤᠨ ᠡᠴᠠ ᠯᠠ ᠡᠢ᠌ᠮᠤ ᠨᠠᠷᠠᠳᠤ ᠳᠡᠮᠳᠡᠭ᠌ ᠴᠤᠯᠭᠤᠷᠠᠨ ᠭᠠᠷᠴᠤ ᠳᠠᠢ᠌ᠯᠤᠨ᠎ᠡ ᠭᠡᠨ᠎ᠡ᠃ ᠡᠨᠡ ᠨᠢ ᠮᠤᠩᠭ᠋ᠤᠯ ᠰᠤᠶᠤᠯ ᠤᠨ ᠭᠦᠷᠦᠰᠤᠨ ᠡᠴᠠ ᠥᠡᠳᠦᠰᠦᠯᠡᠭ᠍ᠰᠡᠨ ᠪᠣᠰᠤᠭ᠎ᠠ ᠣᠢ᠌ᠯᠠᠰ᠂ ᠮᠤᠩᠭ᠋ᠤᠯ ᠭᠡᠭᠦ ᠪᠣᠰᠤᠭ᠎ᠠ ᠭᠡᠢ᠌ᠮᠦᠷᠢ ᠶᠢ ᠲᠦᠰᠢᠨ ᠪᠣᠰᠤᠭᠰᠠᠨ ᠠᠭᠤᠤ ᠪᠦᠳᠦᠭᠡᠯ ᠪᠠᠢ᠌ᠭ᠎ᠠ᠃

ᠳᠡᠯᠡᠭᠡᠢ ᠶᠢᠨ ᠳᠡᠦᠭᠡᠨ ᠰᠤᠳᠤᠯᠤᠯ ᠳᠤ ᠮᠤᠩᠭ᠋ᠤᠯ ᠭᠡᠭᠦ ᠨᠠᠷ᠎ᠠ ᠥᠭᠡ ᠳᠤᠳᠠᠪᠠᠯ᠂ ᠳᠡᠯᠡᠭᠡᠢ ᠶᠢᠨ ᠳᠡᠦᠭᠡ ᠶᠢ ᠴᠢᠨᠠᠭᠰᠢ ᠰᠤᠳᠤᠯᠬᠤ ᠶᠢᠨ ᠠᠷᠭ᠎ᠠ ᠦᠭᠡᠶ ᠪᠣᠯᠵᠤ᠂ ᠳᠡᠯᠡᠭᠡᠢ ᠶᠢᠨ ᠣᠯᠠᠨ ᠶᠠᠰᠤᠳᠠᠨ ᠤ ᠳᠤᠮᠳᠠ ᠮᠤᠩᠭ᠋ᠤᠯ ᠭᠦᠮᠤᠨ ᠪᠠᠢ᠌ᠭᠰᠠᠨ ᠦᠭᠡᠶ ᠪᠣᠯ ᠠᠷᠪᠠᠨ ᠭᠤᠷᠪᠠᠳᠤᠭᠠᠷ ᠵᠠᠭᠤᠨ ᠡᠴᠠ ᠨᠠᠰᠢᠭᠢ ᠳᠡᠯᠡᠭᠡᠢ ᠣᠠᠳᠤᠤ ᠶᠠᠩᠵᠤ ᠪᠠᠷ ᠬᠤᠪᠢᠷᠠᠵᠤ᠂ ᠳᠡᠯᠡᠭᠡᠢ ᠶᠢᠨ ᠣᠯᠠᠨ ᠭᠡᠯᠡᠨ ᠤ ᠳᠤᠮᠳᠠ ᠪᠣᠰᠤᠭ᠎ᠠ ᠮᠤᠩᠭ᠋ᠤᠯ ᠦᠰᠦᠭ᠌ ᠳᠤᠳᠠᠪᠠᠯ ᠭᠡᠴᠢᠨᠡᠨ ᠠᠷᠪᠢᠨ ᠰᠤᠶᠤᠯ ᠰᠤᠳᠤᠯᠤᠯ ᠴᠢᠨᠠᠭᠰᠢ ᠦᠷᠭᠦᠯᠵᠢᠯᠡᠭᠦ ᠶᠢᠨ ᠠᠷᠭ᠎ᠠ ᠦᠭᠡᠶ ᠪᠣᠯᠤᠨ᠎ᠠ ᠭᠡᠵᠤ ᠡᠷᠳᠡᠮᠳᠡᠳ ᠰᠤᠳᠤᠯᠭᠠᠳᠠᠤᠨ ᠥᠵᠡᠭ᠍ᠰᠡᠨ ᠪᠠᠢ᠌ᠨ᠎ᠠ᠃ ᠪᠣᠳᠠᠳᠠᠢ ᠵᠢᠱᠢᠶᠠᠯᠠᠪᠠᠯ ᠄ ᠮᠤᠩᠭ᠋ᠤᠯᠴᠤᠳ ᠣᠷᠤᠰ ᠣᠯᠤᠰ ᠢ ᠴᠤ ᠬᠤᠶᠠᠷ ᠵᠠᠭᠤ ᠭᠠᠷᠤᠢ ᠵᠢᠯ ᠨᠤᠶᠠᠷᠬᠠᠵᠤ ᠣᠷᠤᠰ ᠤᠨ ᠰᠤᠶᠤᠯ ᠤᠨ ᠳᠤᠮᠳᠠ ᠮᠠᠰᠢ ᠣᠯᠠᠨ ᠮᠤᠩᠭ᠋ᠤᠯ ᠰᠤᠶᠤᠯ ᠤᠨ ᠳᠤᠨᠤᠳᠠᠰᠤ ᠠᠭᠤᠰᠤᠭᠰᠠᠨ ᠪᠦᠭᠡᠳ ᠵᠠᠷᠢᠮ ᠡᠷᠳᠡᠮᠳᠡᠨ ᠤ ᠰᠤᠳᠤᠯᠤᠨ ᠢᠯᠡᠷᠡᠭᠦᠯᠦᠭ᠍ᠰᠡᠨ ᠶᠢᠡᠷ 《ᠮᠤᠰᠺᠧᠨ》 ᠭᠡᠳᠡᠭ᠌ ᠣᠷᠤᠰ ᠤᠨ ᠨᠠᠢ᠌ᠰᠯᠠᠯ ᠤᠨ ᠨᠠᠷ᠎ᠠ ᠨᠢ ᠴᠤ 《ᠮᠤᠰᠢᠭᠠᠢ》 ᠭᠡᠳᠡᠭ᠌ ᠮᠤᠩᠭ᠋ᠤᠯ ᠥᠭᠡ ᠡᠴᠠ ᠢᠷᠡᠭ᠍ᠰᠡᠨ ᠭᠡᠯᠡᠳᠡᠢ᠃ ᠡᠢ᠌ᠮᠤ ᠡᠴᠠ ᠮᠤᠩᠭ᠋ᠤᠯ ᠰᠤᠶᠤᠯ ᠮᠢᠨᠢ ᠣᠰᠠᠳᠪᠠᠯ ᠣᠷᠤᠰ ᠤᠨ ᠳᠡᠦᠭᠡ ᠶᠢ ᠴᠤ ᠰᠤᠳᠤᠯᠬᠤ ᠠᠷᠭ᠎ᠠ ᠦᠭᠡᠶ ᠪᠣᠯᠤᠨ᠎ᠠ ᠳ᠋ᠠ᠃

ᠡᠭᠦᠨ ᠡᠴᠠ ᠦᠵᠡᠪᠠᠯ ᠮᠤᠩᠭ᠋ᠤᠯ ᠭᠦᠮᠤᠨ ᠤ ᠪᠣᠰᠤᠭ᠎ᠠ ᠭᠡᠢ᠌ᠮᠦᠷᠢ ᠮᠢᠨᠢ ᠮᠤᠩᠭ᠋ᠤᠯ ᠦᠨᠳᠦᠰᠦᠳᠠᠨ ᠤ ᠭᠡᠳᠤᠨ ᠮᠢᠩᠭ᠋ᠠᠨ ᠵᠢᠯ ᠤᠨ ᠳᠡᠦᠭᠡ ᠰᠤᠶᠤᠯ ᠢ ᠢᠪᠠᠭᠡᠨ ᠲᠡᠳᠬᠦᠵᠤ ᠢᠷᠡᠭ᠍ᠰᠡᠨ ᠶᠢᠡᠷ ᠦᠯᠦ ᠪᠠᠷᠠᠨ᠂ ᠳᠡᠯᠡᠭᠡᠢ ᠶᠢᠨ ᠮᠢᠩᠭ᠋ᠠᠨ ᠣᠨ ᠤ ᠭᠠᠵᠠᠷ ᠤᠨ ᠵᠢᠷᠤᠭ ᠢ ᠵᠢᠷᠤᠭᠯᠠᠵᠤ᠂ ᠲᠦᠮᠡᠨ ᠣᠨ ᠤ ᠰᠤᠶᠤᠯ ᠰᠤᠳᠤᠯᠤᠯ ᠢ ᠴᠤ ᠨᠥᠯᠦᠭᠡᠯᠡᠵᠤ ᠶᠠᠪᠣᠭᠰᠠᠨ ᠳ᠋ᠠ᠃

ᠠᠭᠤᠳᠠᠮ ᠭᠦᠭᠡ ᠳᠡᠭ᠍ᠷᠢ ᠶᠢᠨ ᠮᠢᠨᠢ

ᠡᠭᠦᠯᠡ ᠨᠢ ᠭᠦᠷᠳᠡᠯ᠎ᠡ ᠪᠣᠰᠤᠭ᠎ᠠ

ᠡᠩ ᠦᠭᠡᠶ ᠨᠤᠭᠤᠭᠠᠨ ᠳᠠᠯ᠎ᠠ ᠶᠢᠨ ᠮᠢᠨᠢ

ᠡᠪᠠᠰᠤ ᠨᠢ ᠭᠦᠷᠳᠡᠯ᠎ᠡ ᠪᠣᠰᠤᠭ᠎ᠠ

ᠠᠭᠤᠤ ᠮᠤᠩᠭ᠋ᠤᠯ ᠰᠤᠶᠤᠯ ᠤᠨ ᠮᠢᠨᠢ

ᠦᠰᠦᠭ᠌ ᠨᠢ ᠭᠦᠷᠳᠡᠯ᠎ᠡ ᠪᠣᠰᠤᠭ᠎ᠠ

ᠠᠯᠳᠠᠨ ᠶᠠᠰᠤᠳᠤ ᠮᠤᠩᠭ᠋ᠤᠯᠴᠤᠳ ᠤᠨ

ᠠᠰᠢᠳᠠ ᠭᠡᠢ᠌ᠮᠦᠷᠢ ᠨᠢ ᠪᠣᠰᠤᠭ᠎ᠠ ︕


                                 ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ

ᠵᠤᠬᠢᠶᠠᠭᠴᠢ᠄ ᠭᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 4005
ᠴᠠᠭ᠄ 2014 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁