ᠳᠤᠤᠯᠠ ᠭᠤᠤᠯ

ᠲ᠋ᠤᠨᠤᠯᠵᠠᠨ ᠣᠷᠤᠰᠬᠤ ᠳᠤᠤᠯᠠ ᠭᠤᠤᠯ

ᠳᠤᠮᠤᠭ ᠳᠡᠦᠭᠡ ᠲᠡᠶ ᠪᠠᠨ ᠴᠠᠯᠠᠯᠵᠠᠨ᠎ᠡ

ᠳᠤᠷᠠᠰᠤᠭᠠᠤᠨ ᠪᠠᠢ᠌ᠳᠠᠭ ᠣᠨᠠᠭᠠᠨ ᠨᠤᠳᠤᠭ

ᠳᠠᠭᠤᠤ ᠦᠯᠢᠭᠡᠷ ᠲᠡᠶ ᠪᠠᠨ ᠰᠦᠮᠠᠯᠵᠠᠨ᠎ᠡ


ᠲ᠋ᠤᠩᠭ᠋ᠠᠯᠠᠭ ᠰᠠᠢ᠌ᠬᠠᠨ ᠳᠤᠤᠯᠠ ᠭᠤᠤᠯ

ᠳᠤᠨᠢᠷᠬᠠᠨ ᠮᠤᠰᠭᠢᠷᠤᠨ ᠰᠤᠨᠤᠯᠵᠠᠨ᠎ᠠ

ᠥᠭᠡᠢ᠌ᠯᠡᠭᠡᠳ ᠪᠠᠢ᠌ᠳᠠᠭ ᠪᠠᠭ᠎ᠠ ᠶᠢᠨ ᠨᠤᠳᠤᠭ

ᠦᠷᠤᠴᠠ ᠴᠡᠭᠡᠵᠢᠨ ᠳᠤ ᠣᠶᠠᠩᠭ᠋ᠠᠷᠠᠨ᠎ᠠ


ᠣᠭᠠᠯᠵᠠᠯᠠᠨ ᠮᠡᠯᠮᠡᠷᠡᠭᠦ ᠳᠤᠤᠯᠠ ᠭᠤᠤᠯ

ᠥᠩᠭᠡᠳᠤ ᠣᠷᠴᠢᠯᠠᠩ ᠳᠠᠭᠠᠨ ᠮᠥᠩᠭᠡᠷᠡᠨ᠎ᠡ

ᠦᠰᠪᠣᠷᠢ ᠶᠢᠨ ᠳᠦᠰᠢᠯᠭᠡ ᠨᠤᠳᠤᠭ ᠮᠢᠨᠢ

ᠦᠨᠢᠳᠠ ᠰᠡᠳᠭᠢᠯ ᠳᠤ ᠳᠡᠷᠭᠡᠯᠰᠢᠨ᠎ᠡ


ᠲ᠋ᠦᠯᠭᠢᠶᠡᠯᠡᠨ ᠬᠠᠯᠭᠢᠯᠠᠬᠤ ᠳᠤᠤᠯᠠ ᠭᠤᠤᠯ

ᠳᠤᠷᠤᠨ᠎ᠠ ᠵᠥᠭ᠌ ᠲᠡᠭᠡᠨ ᠮᠢᠷᠠᠯᠵᠠᠨ᠎ᠠ

ᠳᠤᠷ᠎ᠠ ᠶᠢ ᠳᠠᠳᠠᠭᠰᠠᠨ ᠪᠦᠪᠠᠢ ᠨᠤᠳᠤᠭ

ᠳᠠᠭᠤᠯᠠᠮᠠᠷ ᠣᠶᠠᠷᠠᠮᠠᠷ ᠪᠣᠳᠤᠯ ᠢ ᠴᠢᠪᠬᠠᠳᠠᠨ᠎ᠠ


ᠪᠢᠯᠬᠠᠷᠠᠨ ᠱᠤᠤᠭᠢᠬᠤ ᠳᠤᠤᠯᠠ ᠭᠤᠤᠯ

ᠪᠣᠴᠠᠰᠢ ᠦᠭᠡᠶ ᠰᠢᠷᠭᠢᠰᠢ ᠦᠭᠡᠶ ᠣᠷᠤᠰᠤᠨ᠎ᠠ

ᠪᠠᠯᠴᠢᠷ ᠨᠠᠰᠤᠨ ᠤ ᠭᠦᠭᠡᠷᠦᠭᠦᠢ ᠨᠤᠳᠤᠭ

ᠪᠣᠷᠤᠬᠠᠨ ᠵᠢᠷᠦᠭᠡᠨ ᠳᠤ ᠰᠠᠯᠤᠰᠢ ᠦᠭᠡᠶ ᠣᠶᠠᠭᠳᠠᠨ᠎ᠠ


ᠲ᠋ᠤᠠᠳᠠᠷᠠᠰᠢ ᠦᠭᠡᠶ ᠳᠤᠤᠯᠠ ᠭᠤᠤᠯ

ᠮᠤᠬᠤᠰᠢ ᠦᠭᠡᠶ ᠣᠠᠳᠤᠷᠤᠨ ᠴᠠᠯᠭᠢᠯᠠᠨ᠎ᠠ

ᠳᠤᠷᠠᠰᠤᠯ ᠪᠣᠯᠤᠭᠰᠠᠨ ᠨᠤᠳᠤᠭ ᠤᠨ ᠭᠤᠤᠯ ᠤᠳ

ᠮᠢᠨᠤ ᠵᠡᠭᠦᠳᠤᠨ ᠳᠤ ᠬᠤᠷᠴᠢᠭᠢᠨᠠᠨ ᠣᠢ᠌ᠯᠤᠨ᠎ᠠ


          2013 ᠣᠨ ᠤ 6 ᠰᠠᠷ᠎ᠠ ᠶᠢᠨ 10 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1648
ᠴᠠᠭ᠄ 2013 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ