ᠳᠠᠭᠠᠵᠢᠩᠨᠠᠯ

ᠰᠤᠷᠭᠤᠭ ᠵᠢᠷᠮᠦᠰᠦᠯᠡᠭ᠍ᠰᠡᠨ ᠪᠠᠢ᠌ᠴᠠᠭᠠᠯᠳᠠ ᠪᠠᠨ ᠠᠪᠣᠭᠰᠠᠨ ᠊ᠭ᠍ᠱᠡᠨ ᠳᠤ 《ᠡᠪᠦᠭᠡᠨ ᠮᠢᠨᠢ ᠰᠤᠨᠤᠰᠪᠠᠯ ᠶᠠᠭᠠᠭᠢᠵᠤ ᠪᠠᠶᠠᠷᠯᠠᠬᠤ ᠪᠣᠯ ᠳ᠋ᠠ》 ᠭᠡᠵᠤ ᠪᠣᠳᠤᠬᠤ ᠡᠴᠠ ᠵᠢᠷᠦᠭᠡ ᠰᠡᠳᠭᠢᠯ ᠨᠢ ᠣᠪᠣᠯᠵᠠᠨ᠎ᠠ᠃

ᠳᠠᠷᠠ ᠭᠡᠷ ᠲᠡᠭᠡᠨ ᠬᠠᠷᠢᠵᠤ ᠪᠠᠢ᠌ᠴᠠᠭᠠᠯᠳᠠ ᠶᠢᠨ ᠬᠠᠭᠤᠳᠠᠰᠤ ᠪᠠᠨ ᠰᠢᠷᠡᠭᠡᠨ ᠳᠡᠭᠡᠷ᠎ᠡ ᠳᠠᠯᠪᠢᠮᠠᠭᠴᠠ ᠳᠠᠭᠤᠤ ᠠᠶᠠᠯᠠᠭᠤᠯᠤᠨ ᠳᠡᠭ᠍ᠳᠡᠵᠤ ᠳᠡᠷᠪᠠᠭ᠍ᠰᠡᠭᠡᠷ ᠵᠡᠭᠡᠯᠢ ᠭᠡᠰᠦᠵᠤ ᠭᠠᠷᠪᠠ᠃ ᠪᠦᠭᠦᠯᠢ ᠡᠳᠦᠷ ᠭᠦᠭ᠍ᠰᠡᠯ ᠪᠠᠶᠠᠷ ᠲᠤ ᠰᠤᠭᠳᠤᠭᠤᠷᠤᠭᠠᠤᠨ ᠣᠷᠣᠢ᠌ᠬᠠᠨ ᠰᠠ‍‌ᠶᠢ ᠭᠡᠷ ᠲᠡᠭᠡᠨ ᠣᠷᠤᠬᠤ ᠳᠤ ᠰᠢᠷᠡᠭᠡᠨ ᠳᠡᠭᠡᠷ᠎ᠡ ᠳᠠᠯᠪᠢᠭᠰᠠᠨ ᠪᠠᠢ᠌ᠴᠠᠭᠠᠯᠳᠠ ᠶᠢᠨ ᠬᠠᠭᠤᠳᠠᠰᠤ ᠨᠢ ᠠᠯᠠᠭ᠎ᠠ ᠪᠣᠯᠴᠢᠬᠠᠭᠰᠠᠨ ᠪᠠᠢ᠌ᠯ᠎ᠠ᠃ ᠡᠪᠦᠭᠡᠨ ᠮᠢᠨᠢ ᠠᠪᠴᠢᠬᠠᠭᠰᠠᠨ ᠪᠠᠢ᠌ᠬᠤ ᠳ᠋ᠠ ᠭᠡᠵᠤ ᠪᠣᠳᠤᠬᠤ ᠡᠴᠠ ᠰᠤᠷᠭᠤᠭ ᠤᠨ ᠳᠤᠳᠤᠷ᠎ᠠ ᠬᠠᠴᠢᠨ ᠵᠢᠷᠭᠠᠯᠳᠠᠢ ᠰᠠᠨᠠᠭᠳᠠᠬᠤ ᠠᠵᠢ ︕

ᠡᠪᠦᠭᠡᠨ ᠨᠢ ᠣᠳᠠᠰᠤ ᠢᠷᠠᠪᠠ᠃ ᠰᠤᠷᠭᠤᠭ ᠰᠠᠠᠳᠤᠷᠤᠩᠬᠠᠨ ᠳᠤᠰᠴᠤ 《ᠪᠣᠶᠠᠨ ᠡ᠂ ᠰᠢᠷᠡᠭᠡᠨ ᠳᠡᠭᠡᠷᠡᠭᠢ ᠪᠠᠢ᠌ᠴᠠᠭᠠᠯᠳᠠ ᠶᠢ ᠬᠠᠷᠠᠭᠰᠠᠨ ᠪᠢᠵᠠ᠁》 ᠭᠡᠵᠤ ᠡᠷᠭᠡᠯᠡᠩᠭᠡᠨ ᠳᠤᠨᠢᠷᠬᠠᠬᠤ ᠳᠤ᠂ ᠴᠠᠭᠠᠨ᠎ᠠ ᠡᠴᠠ ᠨᠢ 《ᠪᠢᠳᠠ ᠰᠠᠯᠪᠣᠷᠢ ᠶᠢᠨ ᠭᠢ ᠪᠠᠢ᠌ᠨ᠎ᠠ》 ᠭᠡᠭᠦ ᠲᠥᠪ ᠴᠢᠩᠭ᠎ᠠ ᠳᠠᠭᠤᠨ ᠳᠡᠭᠦᠨ ᠤ ᠭᠡᠢ ᠭᠦᠰᠡᠯ ᠪᠠᠶᠠᠷ ᠵᠢᠷᠭᠠᠯ ᠢ ᠨᠢ ᠪᠦᠷᠢᠮᠦᠰᠤᠨ ᠵᠠᠮᠬᠠᠷᠠᠭᠤᠯᠪᠠ᠃

ᠪᠣᠶᠠᠨ ᠣᠭᠢᠶᠠᠯᠭ᠎ᠠ ᠶᠢᠨ ᠭᠠᠵᠠᠷ ᠣᠴᠢᠵᠤ ᠰᠠᠮᠠᠭᠤᠷᠠᠭᠰᠠᠨ ᠪᠦᠭᠡᠳ ᠳᠠᠠᠳᠠᠭᠢ ᠥᠢᠯᠡᠴᠢᠯᠡᠭ᠍ᠴᠢ ᠲᠡᠶ ᠭᠡᠷᠡᠭᠦᠯ ᠵᠤᠳᠤᠭᠠᠨ ᠭᠢᠭ᠍ᠰᠡᠨ ᠭᠡᠨ᠎ᠡ᠃

ᠰᠤᠷᠭᠤᠭ ᠳᠠᠷᠣᠢ᠌ᠬᠠᠨ ᠰᠠᠯᠪᠣᠷᠢ ᠳᠤ ᠣᠴᠢᠨ ᠳᠤᠷᠭᠠᠭᠤᠯᠢ ᠶᠢᠨ ᠮᠦᠩᠭᠦ ᠳᠤᠰᠢᠶᠠᠵᠤ᠂ ᠪᠣᠷᠤᠭᠤ ᠮᠡᠳᠡᠭ᠍ᠰᠡᠨ ᠳᠡᠭᠡᠷ᠎ᠡ ᠨᠢ ᠣᠰᠤᠯ ᠭᠦᠯᠢᠶᠡᠵᠤ᠂ ᠪᠣᠶᠠᠨ ᠶᠢᠡᠨ ᠪᠠᠳᠤᠯᠠᠨ ᠭᠠᠷᠭᠠᠬᠤ ᠭᠦᠢᠴᠡᠳᠭᠡᠯ ᠭᠢᠵᠤ ᠪᠠᠷᠠᠬᠤ ᠳᠤ ᠪᠣᠶᠠᠨ ᠨᠢᠭᠡᠨᠲᠡ ᠳᠡᠭᠦᠨ ᠢ ᠣᠷᠭᠢᠭᠠᠤᠨ ᠶᠠᠪᠣᠴᠢᠬᠠᠭᠰᠠᠨ ᠪᠠᠢ᠌ᠪᠠ᠃

ᠪᠣᠶᠠᠨ ᠬᠠᠮᠢᠭᠠᠰᠢ ᠶᠠᠪᠣᠭᠰᠠᠨ ᠢ ᠮᠡᠳᠡᠭᠦ ᠦᠭᠡᠶ᠃ ᠰᠤᠷᠭᠤᠭ ᠣᠳᠠᠰᠤᠳᠠᠬᠤ ᠳᠤ ᠪᠦᠷ ᠳᠤᠰᠬᠤ ᠦᠭᠡᠶ᠂ ᠰᠡᠭᠦᠯ ᠳᠡᠭᠡᠨ ᠨᠡᠪᠳᠡᠷᠡᠭᠦ ᠪᠠᠨ ᠪᠣᠯᠢᠴᠢᠬᠠᠭᠰᠠᠨ ᠪᠣᠯᠪᠠ᠁

ᠦᠷ ᠭᠡᠭᠡᠷᠡᠭᠦ ᠭᠢᠷᠢ ᠪᠠᠷ ᠰᠠ‍‌ᠶᠢ ᠪᠣᠶᠠᠨ ᠱᠠᠯ ᠰᠤᠭᠳᠤᠭᠤ ᠶᠠᠭᠤᠮ᠎ᠠ ᠬᠠᠷᠢᠵᠤ ᠢᠷᠠᠪᠠ᠃ ᠳᠠᠷᠠ ᠱᠠᠹᠠ᠎ ᠳᠡᠭᠡᠷ᠎ᠡ ᠭᠦᠯᠢᠷᠡᠨ ᠭᠦᠯᠢᠶᠡᠭᠡ ᠰᠤᠷᠭᠤᠭ ᠢ ᠬᠠᠷᠠᠭᠰᠠᠨ ᠴᠤ ᠦᠭᠡᠶ᠂ ᠱᠠᠬᠠᠢ ᠭᠤᠳᠤᠯ ᠲᠡᠶ ᠪᠠᠨ ᠣᠷᠤᠨ ᠳᠡᠭᠡᠷ᠎ᠡ ᠣᠨᠠᠵᠤ ᠬᠠᠮᠠᠷ ᠳᠠᠳᠠᠴᠢᠬᠠᠪᠠ᠃ 《ᠪᠣᠶᠠᠨ ᠡ᠂ ᠴᠢ ᠪᠣᠰ》 ᠭᠡᠵᠤ ᠭᠢᠯᠢᠰᠳᠠᠵᠤ ᠭᠤᠮᠤᠷᠬᠠᠭᠰᠠᠨ ᠰᠤᠷᠭᠤᠭ ᠭᠠᠷ ᠡᠴᠠ ᠨᠢ ᠳᠠᠳᠠᠬᠤ ᠳᠤ᠂ ᠪᠣᠶᠠᠨ 《ᠵᠠᠢ᠌ᠯᠠ᠂ ᠨᠠᠳᠠ ᠡᠴᠠ ᠬᠤᠯᠠ ᠪᠠᠢ》 ᠭᠡᠵᠤ ᠭᠠᠯᠵᠠᠭᠤ ᠬᠠᠰᠭᠢᠷᠤᠨ ᠳᠡᠭᠦᠨ ᠢ ᠭᠦᠴᠦᠳᠡᠢ ᠲᠦᠯᠭᠢᠨ ᠵᠠᠢ᠌ᠯᠠᠭᠤᠯᠤᠭᠰᠠᠨ ᠶᠢᠡᠨ ᠣᠷᠪᠠᠵᠤ ᠬᠠᠠᠳᠤᠭᠠᠤᠨ ᠣᠠᠳᠠᠴᠢᠬᠠᠪᠠ᠃ ᠪᠠᠶ᠎ᠠ ᠭᠦᠡᠳᠤ ᠵᠢᠷᠮᠤᠰᠤᠨ ᠪᠦᠰᠡᠭᠦᠢ ᠨᠢ ᠭᠡᠵᠤ ᠡᠷᠡᠭᠡᠯᠵᠡᠵᠤ ᠳᠠᠳᠠᠭᠠᠯᠵᠠᠭᠰᠠᠨ ᠪᠠᠢ᠌ᠳᠠᠯ ᠠᠯᠠᠭ᠎ᠠ᠃

ᠰᠤᠷᠭᠤᠭ ᠤᠨ ᠨᠢᠯᠪᠣᠰᠤ ᠪᠦᠮᠪᠦᠷᠢᠨ ᠵᠢᠷᠦᠭᠡ ᠨᠢ ᠴᠠᠴᠠᠷᠭᠢᠯᠠᠨ᠎ᠡ᠃ ᠶᠠᠭᠤ ᠪᠣᠯᠴᠢᠬᠠᠪᠠ ︖ ᠡᠨᠡ ᠴᠢᠨᠢ ᠰᠤᠯᠢᠶᠠᠷᠠᠴᠢᠬᠠᠯ᠎ᠠ᠁

ᠡᠮᠡᠭ᠍ᠳᠡᠢ ᠭᠦᠮᠤᠨ ᠥᠭᠡᠷ᠎ᠡ ᠶᠠᠮᠠᠷ ᠴᠢᠳᠠᠯ ᠪᠠᠢ᠌ᠨ᠎ᠠ᠂ ᠰᠤᠷᠭᠤᠭ ᠪᠣᠭᠴᠤ ᠪᠠᠨ ᠠᠪᠣᠮᠠᠭᠴᠠ ᠨᠢᠯᠪᠣᠰᠤ ᠪᠠᠨ ᠠᠷᠴᠢᠨ ᠭᠠᠷᠴᠤ ᠶᠠᠪᠣᠪᠠ᠃ ᠪᠣᠶᠠᠨ ᠭᠦᠳᠡᠯᠦᠭ᠍ᠰᠡᠨ ᠦᠭᠡᠶ᠂ ᠨᠢᠳᠤ ᠪᠠᠨ ᠴᠤ ᠨᠡᠭᠡᠭᠡᠭ᠍ᠰᠡᠨ ᠦᠭᠡᠶ᠂ ᠭᠡᠪᠠᠴᠤ ᠭᠠᠳᠠᠭ᠎ᠠ ᠡᠭᠦᠳᠡ ᠬᠠᠭᠠᠭᠳᠠᠬᠤ ᠳᠠᠭᠤᠨ ᠳᠤ ᠳᠡᠭᠦᠨ ᠤ ᠨᠢᠳᠤᠨ ᠳᠤ ᠨᠢᠯᠪᠣᠰᠤ ᠪᠦᠷᠭᠦᠭ᠍ᠰᠡᠨ ᠪᠠᠢ᠌ᠯ᠎ᠠ᠃

ᠰᠤᠷᠭᠤᠭ ᠭᠡᠷ ᠡᠴᠠ ᠪᠠᠨ ᠰᠢᠭᠤᠳᠮᠠᠭ ᠭᠠᠷᠴᠤ ᠢᠷᠡᠭ᠍ᠰᠡᠨ ᠪᠣᠯᠪᠠᠴᠤ ᠣᠴᠢᠬᠤ ᠭᠠᠵᠠᠷ ᠪᠠᠢ᠌ᠬᠤ ᠦᠭᠡᠶ᠂ ᠡᠵᠡᠭᠦᠢ ᠵᠡᠭᠡᠯᠢ ᠳᠡᠭᠡᠷ᠎ᠡ ᠰᠦᠨᠢ ᠲᠦᠯᠢ ᠪᠠᠷ ᠡᠰᠢ ᠳᠠᠰᠢ ᠬᠤᠯᠭᠢᠨ᠎ᠠ᠃ ᠳᠠᠷᠠ ᠭᠤᠨᠢᠬᠤ ᠶᠢᠨ ᠡᠷᠭᠡᠨ ᠳᠤ ᠨᠢᠭᠡᠨ ᠭᠦᠮᠤᠨ ᠢ ᠰᠠᠨᠠᠭᠠᠨ ᠳᠤ ᠣᠷᠤᠪᠠ᠃ ᠳᠠᠷᠠ ᠨᠢ ᠪᠠᠢ᠌ᠭᠤᠯᠤᠯᠭ᠎ᠠ ᠶᠢᠨ ᠭᠢᠨᠢ ᠡᠷᠭᠢᠯᠡᠭ᠍ᠴᠢ ᠡᠷᠳᠡᠨᠢ ᠪᠠᠢ᠌ᠯ᠎ᠠ᠂ ᠡᠷᠳᠡᠨᠢ ᠡᠷᠭᠢᠯᠡᠭ᠍ᠴᠢ ᠭᠡᠵᠤ ᠰᠤᠷᠭᠤᠭ ᠡᠴᠠ ᠬᠤᠷᠢᠨ ᠨᠠᠰᠤ ᠠᠬ᠎ᠠ ᠠᠢ᠌ᠯ ᠪᠦᠯᠢ ᠲᠡᠶ ᠬᠠᠷ᠎ᠠ ᠭᠦᠮᠤᠨ᠂ ᠳᠡᠭᠦᠨ ᠢ ᠬᠠᠷᠠᠭᠠᠯᠵᠠᠵᠤ ᠬᠠᠯᠠᠮᠵᠢᠯᠠᠳᠠᠭ ᠬᠠᠮᠳᠤ ᠠᠵᠢᠯᠯᠠᠭᠴᠢ ᠶᠢᠨ ᠨᠢᠭᠡᠨ᠃ ᠦᠨᠡᠨᠳᠡᠭᠡᠨ ᠡᠷ᠎ᠡ ᠨᠥᠭᠦᠷ ᠡᠴᠠ ᠪᠠᠨ ᠪᠣᠰᠤᠳ ᠢᠳᠡᠭᠡᠵᠤ ᠶᠠᠪᠣᠳᠠᠭ ᠴᠤᠷ ᠤᠨ ᠭᠠᠭᠴᠠ ᠣᠠᠳᠤᠤ ᠭᠦᠢᠰᠦᠳᠡᠨ ᠨᠢ ᠡᠨᠡ ᠡᠷᠳᠡᠨᠢ ᠶᠤᠮ᠃

ᠡᠷᠳᠡᠨᠢ ᠭᠦᠷᠴᠤ ᠢᠷᠡᠭᠦ ᠳᠤ ᠰᠤᠷᠭᠤᠭ ᠦᠨᠦᠴᠢᠨ ᠪᠣᠯᠵᠤᠮᠤᠷ ᠭᠡᠮᠡᠷ ᠳᠡᠭᠦᠨ ᠤ ᠡᠩᠭᠡᠷ ᠲᠤ ᠰᠢᠷᠭᠤᠨ ᠳᠠᠪᠳᠠᠳᠤᠯ᠎ᠠ ᠣᠭᠢᠯᠠᠨ᠎ᠠ᠃

ᠡᠷᠳᠡᠨᠢ ᠳᠡᠭᠦᠨ ᠢ ᠰᠤᠭᠤᠳᠠᠨ ᠪᠠᠭᠤᠳᠠᠯ ᠳᠤ ᠣᠷᠤᠪᠠ᠃ ᠳᠠᠷᠠ ᠰᠤᠷᠭᠤᠭ ᠢ ᠴᠢᠩᠭ᠋ᠠᠬᠠᠨ ᠳᠠᠪᠠᠷᠢᠨ ᠪᠠᠢ᠌ᠵᠤ᠂ ᠣᠯᠠᠨ ᠠᠷᠪᠢᠨ ᠣᠴᠢᠷ ᠶᠤᠰᠤ ᠶᠠᠷᠢᠵᠤ ᠳᠠᠢ᠌ᠤᠠᠬᠤᠷᠠᠭᠤᠯᠤᠨ᠎ᠠ᠃ ᠰᠤᠷᠭᠤᠭ ᠠᠶᠤᠵᠤ ᠡᠮᠢᠶᠡᠭ᠍ᠰᠡᠨ ᠤ ᠶᠤᠮ ᠦᠦ᠂ ᠭᠢᠯᠢᠰᠳᠠᠵᠤ ᠭᠤᠮᠤᠷᠬᠠᠭᠰᠠᠨ ᠤ ᠶᠤᠮ ᠦᠦ᠂ ᠪᠣᠤ ᠮᠠᠳᠠ᠃ ᠡᠷᠳᠡᠨᠢ ᠶᠢᠨ ᠭᠠᠷ ᠡᠴᠠ ᠵᠢᠭᠤᠷᠠᠨ ᠳᠠᠩᠴᠢ ᠦᠷᠤ ᠡᠪᠠᠳᠦᠯᠳᠡᠢ ᠪᠠᠷ 《ᠪᠢᠳᠠ ᠶᠠᠭᠤ ᠴᠤ ᠭᠢᠭᠦ ᠦᠭᠡᠶ᠂ ᠳᠠ ᠨᠠᠳᠠ ᠳᠤ ᠬᠠᠨᠢ ᠪᠣᠯᠤᠭᠠᠤᠨ ᠦᠭ‍ᠭᠦᠨ᠎ᠡ ᠦᠦ》 ᠭᠡᠵᠤ ᠭᠦᠭᠡᠷᠦᠭᠦᠢ ᠭᠤᠶᠤᠨ᠎ᠠ᠁

ᠳᠡᠭᠡᠭᠡᠳ ᠯᠠ ᠰᠤᠷᠭᠤᠭ ᠳᠠᠷᠠ ᠪᠠᠭᠤᠳᠠᠯ ᠳᠤ ᠰᠠᠭᠤᠪᠠ᠃ ᠡᠷᠳᠡᠨᠢ ᠴᠤ ᠪᠠᠭᠤᠳᠠᠯ ᠤᠨ ᠰᠥᠢᠳᠭᠡᠯ ᠢ ᠨᠢ ᠳᠤᠰᠢᠶᠠᠵᠤ ᠥᠭ᠍ᠪᠡ᠃

ᠰᠤᠷᠭᠤᠭ ᠢᠳᠡᠭᠡᠭᠦ ᠦᠭᠡᠶ᠂ ᠡᠨᠡᠭᠦ ᠵᠡᠭᠦᠳᠤ ᠵᠡᠷᠭᠡᠯᠭᠡᠨ ᠰᠢᠭ᠌ ᠣᠴᠠᠷᠠᠯ ᠶᠠᠪᠣᠳᠠᠯ ᠢ ᠶᠠᠭᠠᠭᠢᠭᠰᠠᠨ ᠴᠤ ᠢᠳᠡᠭᠡᠭᠦ ᠦᠭᠡᠶ᠃ ᠪᠣᠶᠠᠨ ᠳᠡᠭᠦᠨ ᠳᠤ ᠭᠢᠵᠠᠭᠠᠯᠠᠰᠢ ᠦᠭᠡᠶ ᠬᠠᠢ᠌ᠷᠠᠳᠠᠢ᠂ ᠳᠡᠭᠦᠨ ᠤ ᠠᠮᠢᠨ ᠤ ᠭᠢᠨᠢ ᠣᠷᠤᠨ ᠳᠤ ᠴᠤ ᠣᠷᠤᠵᠤ ᠥᠩᠭᠡᠷᠡᠭ᠍ᠰᠡᠨ᠃ ᠦᠴᠦᠭᠡᠳᠦᠷᠭᠡᠨ ᠰᠠ‍‌ᠶᠢ ᠳᠤᠯᠠᠭᠠᠨ ᠪᠦᠯᠢ ᠳᠡᠭᠡᠨ ᠡᠯᠢᠭᠡ ᠪᠦᠳᠤᠨ ᠵᠢᠷᠭᠠᠯᠳᠠᠢ ᠠᠮᠢᠳᠤᠷᠠᠵᠤ᠂ ᠬᠠᠯᠠᠭᠤᠨ ᠭᠦᠡᠵᠢᠯᠡ ᠳᠡᠭᠡᠨ᠁ ᠨᠢᠭᠡ ᠯᠠ ᠡᠳᠦᠷ ᠤᠨ ᠬᠤᠭᠤᠷᠤᠠᠳᠤ ᠡᠷ᠎ᠡ ᠨᠥᠭᠦᠷ ᠨᠢ ᠣᠠᠳᠤᠤ ᠨᠢᠭᠡᠨ ᠭᠦᠮᠤᠨ ᠪᠣᠯᠴᠢᠬᠠᠭᠰᠠᠨ ᠨᠢ ᠶᠠᠭᠤ ᠪᠣᠯᠪᠠ ︖ ᠶᠠᠷᠤᠨᠢ ᠮᠠᠭᠤ ᠶᠠᠭᠤᠮ᠎ᠠ ᠨᠠᠭᠠᠯᠳᠤᠴᠢᠬᠠᠭᠰᠠᠨ ᠦᠭᠡᠶ ᠪᠢᠵᠠ ᠳ᠋ᠠ ︖

ᠰᠤᠷᠭᠤᠭ ᠡᠳᠦᠷᠵᠢᠨ ᠪᠠᠭᠤᠳᠠᠯ ᠤᠨ ᠴᠤᠩᠬᠤᠨ ᠳᠤᠰᠢᠶ᠎ᠠ ᠭᠦᠯᠢᠷᠡᠨ ᠵᠤᠭᠰᠤᠨ᠂ ᠭᠡᠷ ᠵᠥᠭ᠌ ᠶᠢᠡᠨ ᠬᠠᠷᠠᠨ᠎ᠠ᠂ ᠬᠠᠷᠠᠬᠤ ᠪᠦᠷᠢ ᠭᠤᠷᠢ ᠳᠠᠰᠤᠷᠠᠨ ᠰᠡᠳᠭᠢᠯ ᠴᠥᠭᠦᠷᠡᠨ᠎ᠡ᠃ ᠪᠣᠶᠠᠨ ᠳᠡᠭᠦᠨ ᠢ ᠡᠷᠢᠨ ᠢᠷᠠᠵᠤ ᠳᠤᠰᠤᠨ ᠠᠪᠠᠴᠢᠬᠤ ᠶᠢ ᠭᠡᠴᠢᠨᠡᠨ ᠭᠦᠰᠡᠭᠦ ᠠᠵᠢ᠃

ᠨᠢᠭᠡ ᠭᠠᠷᠠᠭ ᠥᠩᠭᠡᠷᠡᠴᠢᠭᠡᠯ᠎ᠡ᠃ ᠪᠣᠶᠠᠨ ᠤ ᠪᠠᠷ᠎ᠠ ᠠᠯᠠᠭ᠎ᠠ᠂ ᠠᠳᠠᠭ ᠲᠠᠭᠠᠨ ᠣᠳᠠᠰᠤ ᠴᠤ ᠪᠠᠢ᠌ᠬᠤ ᠦᠭᠡᠶ᠃

ᠰᠤᠷᠭᠤᠭ ᠳᠤᠳᠤᠨᠤ ᠨᠠᠢ᠌ᠵᠠ ᠰᠠᠷᠠᠨ ᠶᠢᠡᠨ ᠳᠠᠭᠤᠳᠠᠨ ᠦᠪᠡᠷ ᠤᠨ ᠭᠤᠨᠢᠭ ᠭᠤᠮᠤᠷᠬᠠᠯ ᠪᠦᠭᠦᠨ ᠶᠢᠡᠨ ᠳᠤᠭᠠᠴᠠᠪᠠ᠃ ᠶᠠᠷᠤᠨᠢ ᠰᠠᠷᠠᠨ ᠤ ᠡᠷᠡᠭ᠍ᠳᠡᠢ ᠬᠠᠳᠠ ᠨᠢ ᠴᠤ ᠪᠣᠶᠠᠨ ᠤ ᠬᠠᠮᠳᠤ ᠠᠵᠢᠯᠯᠠᠭᠴᠢ ᠪᠦᠭᠡᠳ ᠬᠠᠮᠤᠭ ᠰᠠᠢ᠌ᠨ ᠨᠠᠢ᠌ᠵᠠ ᠶᠤᠮ᠃ ᠰᠠᠷᠠᠨ ᠳᠠᠷᠠ ᠳᠤᠤᠷ᠎ᠠ ᠪᠠᠨ ᠡᠷᠡᠭ᠍ᠳᠡᠢ ᠳᠠᠭᠠᠨ ᠣᠳᠠᠰᠤ ᠠᠪᠴᠤ 《ᠪᠣᠶᠠᠨ ᠶᠠᠭᠠᠭᠢᠭᠰᠠᠨ ᠪᠣᠢ ︖ ᠴᠢᠮ᠎ᠠ ᠲᠡᠶ ᠬᠠᠮᠳᠤ ᠪᠠᠢ᠌ᠨ᠎ᠠ ᠦᠦ》 ᠭᠡᠪᠠᠯ᠂ ᠬᠠᠳᠠ 《ᠪᠢ ᠶᠠᠭ ᠪᠣᠶᠠᠨ ᠲᠡᠶ ᠶᠠᠷᠢᠯᠴᠠᠵᠤ ᠪᠠᠢ᠌ᠨ᠎ᠠ》 ᠭᠡᠨ᠎ᠡ᠃

ᠬᠠᠳᠠ ᠬᠠᠵᠠᠭᠤᠳᠠᠭᠢ ᠨᠠᠢ᠌ᠵᠠ ᠪᠣᠶᠠᠨ ᠤ ᠪᠠᠨ ᠣᠷᠮ᠎ᠠ ᠮᠠᠭᠤᠳᠠᠢ ᠪᠠᠢ᠌ᠳᠠᠯ ᠢ ᠬᠠᠷᠠᠵᠤ 《ᠪᠣᠶᠠᠨ ᠡ᠂ ᠠᠵᠢᠯ ᠴᠢᠨᠢ ᠣᠷᠤᠭᠰᠢ ᠦᠭᠡᠶ ᠪᠠᠢ᠌ᠨ᠎ᠠ ᠦᠦ》 ᠭᠡᠨ᠎ᠡ᠃

ᠪᠣᠶᠠᠨ ᠳᠤᠯᠤᠭᠠᠢ ᠰᠠᠵᠢᠨ᠎ᠠ᠃

《ᠰᠤᠷᠭᠤᠭ ᠲᠡᠶ ᠮᠠᠭᠤᠳᠠᠴᠢᠬᠠᠪᠠ ᠦᠦ ︖》

ᠪᠣᠶᠠᠨ ᠪᠠᠰᠠᠯᠠ ᠳᠤᠯᠤᠭᠠᠢ ᠰᠠᠵᠢᠨ᠎ᠠ᠃

《ᠳᠡᠭᠡᠪᠠᠯ ᠪᠣᠯᠴᠢᠬᠠᠯ᠎ᠠ ᠰᠢᠳᠠ᠂ ᠥᠭᠡᠷ᠎ᠡ ᠶᠠᠮᠠᠷ ᠶᠡᠭᠡ ᠣᠴᠢᠷ ᠪᠠᠢ᠌ᠨ᠎ᠠ ᠭᠡᠵᠤ ᠳ᠋ᠠ ︕ ᠰᠤᠷᠭᠤᠭ ᠳᠠᠨ ᠤ ᠬᠤᠶᠠᠭᠤᠯᠠ ᠬᠠᠯᠠᠭᠤᠨ ᠪᠦᠯᠢ ᠳᠤᠯᠠᠭᠠᠨ ᠠᠮᠢᠳᠤᠷᠠᠯ ᠲᠡᠶ ᠳᠡᠭᠡᠷ᠎ᠡ ᠣᠳᠤ ᠬᠡᠦᠬᠡᠳ ᠲᠡᠶ ᠪᠣᠯᠴᠢᠬᠠᠯ᠎ᠠ᠂ ᠶᠠᠮᠠᠷ ᠶᠡᠭᠡ ᠵᠢᠷᠭᠠᠯ ᠲᠡᠶ ᠪᠣᠢ ︖ ᠵᠢᠷᠮᠤᠰᠤᠨ ᠪᠦᠰᠡᠭᠦᠢ ᠪᠠᠨ ᠰᠠᠢ᠌ᠨ ᠠᠰᠠᠷᠠᠬᠤ ᠶᠤᠮ ᠰᠢᠤ ᠁》

《ᠬᠨ ᠬᠨ ᠁》

ᠪᠣᠶᠠᠨ ᠬᠠᠳᠠᠭᠠᠨᠠᠳᠠᠯ᠎ᠠ ᠢᠨᠢᠶᠡᠭᠦ ᠳᠤ ᠨᠢᠯᠪᠣᠰᠤ ᠨᠢ ᠪᠦᠷ ᠣᠷᠤᠰᠴᠢᠬᠠᠯ᠎ᠠ᠃

ᠡᠳᠦᠷ ᠬᠤᠨᠤᠭ ᠢᠩᠭᠢᠵᠤ ᠴᠢᠮᠡᠭᠡ ᠠᠨᠢᠷ ᠦᠭᠡᠶ ᠥᠩᠭᠡᠷᠡᠭ᠍ᠰᠡᠭᠡᠷ ᠯᠠ ᠁

ᠨᠢᠭᠡᠨ ᠡᠳᠦᠷ᠂ ᠨᠢᠭᠡᠨ ᠨᠠᠢ᠌ᠵᠠ ᠶᠢᠨ ᠴᠠᠢ᠌ᠯᠠᠯᠭ᠎ᠠ ᠳᠤ ᠪᠣᠶᠠᠨ ᠰᠤᠷᠭᠤᠭ ᠬᠤᠶᠠᠷ ᠠᠰ ᠮᠦᠷᠭᠦᠪᠡ᠃ ᠪᠣᠶᠠᠨ ᠳᠠᠨᠢᠬᠤ ᠦᠭᠡᠶ ᠭᠦᠮᠤᠨ ᠰᠢᠭ᠌ ᠰᠤᠷᠭᠤᠭ ᠤᠨ ᠬᠠᠵᠠᠭᠤ ᠪᠠᠷ ᠥᠭᠡ ᠳᠠᠭᠤᠨ ᠦᠭᠡᠶ ᠥᠩᠭᠡᠷᠡᠭᠡᠳ ᠭᠠᠷᠴᠢᠬᠠᠭᠰᠠᠨ᠁ ᠰᠤᠷᠭᠤᠭ ᠭᠤᠷᠢ ᠳᠠᠰᠤᠷᠠᠬᠤ ᠭᠡᠮᠵᠢᠶᠡᠨ ᠳᠤ ᠭᠦᠷᠴᠤ᠂ ᠵᠢᠷᠦᠭᠡ ᠨᠢ ᠡᠪᠠᠳᠤᠨ᠎ᠡ᠃ ᠡᠨᠡ ᠦᠶ᠎ᠡ ᠳᠤ ᠳᠡᠭᠦᠨ ᠤ ᠳᠠᠪᠬᠤᠷ ᠭᠡᠳᠡᠰᠤ ᠨᠢ ᠨᠢᠭᠡᠨᠲᠡ ᠴᠦᠷᠳᠠᠢ᠌ᠵᠤ ᠨᠠᠩ ᠢᠯᠡᠭᠡᠨ ᠪᠣᠯᠤᠭᠰᠠᠨ ᠶᠤᠮ᠃ ᠳᠠᠷᠠ ᠭᠡᠳᠡᠰᠤᠨ ᠳ᠋ᠠᠭᠢ ᠬᠡᠦᠬᠡᠳ ᠤᠨ ᠶᠢᠡᠨ ᠲᠦᠯᠦᠭᠡ᠂ ᠪᠣᠶᠠᠨ ᠢ ᠡᠷᠢᠵᠤ ᠶᠠᠷᠢᠯᠴᠠᠬᠤ ᠪᠠᠷ ᠪᠣᠯᠵᠠᠢ᠃

ᠰᠤᠷᠭᠤᠭ ᠭᠡᠷ ᠲᠡᠭᠡᠨ ᠣᠴᠢᠬᠤ ᠳᠤ᠂ ᠪᠣᠶᠠᠨ ᠪᠠᠢ᠌ᠭᠰᠠᠨ ᠦᠭᠡᠶ᠃ ᠭᠡᠷ ᠳᠤᠳᠤᠷ᠎ᠠ ᠨᠢ ᠡᠷᠦᠢ ᠬᠤᠷᠤᠢ ᠦᠭᠡᠶ᠃ ᠢᠳᠠᠵᠤ ᠣᠤᠭᠤᠭᠰᠠᠨ ᠵᠣᠢ᠌ᠯᠠᠰ᠂ ᠣᠭᠢᠶᠠᠭ᠎ᠠ ᠦᠭᠡᠶ ᠠᠶᠠᠭ᠎ᠠ ᠰᠠᠪᠬ᠎ᠠ᠂ ᠬᠤᠭᠤᠰᠤᠨ ᠠᠷᠢᠭᠢᠨ ᠯᠤᠩᠬᠤ᠂ ᠳᠠᠮᠠᠭᠢᠨ ᠶᠤᠵᠤᠭᠤᠷ᠂ ᠳᠤᠭᠤᠰᠤ ᠰᠢᠷᠤᠢ᠁ ᠰᠤᠷᠭᠤᠭ ᠦᠵᠡᠵᠠᠤ ᠳᠦᠪᠳᠡᠭ᠍ᠰᠡᠨ ᠦᠭᠡᠶ ᠣᠤᠯ ᠤᠨ ᠭᠢ ᠪᠠᠨ ᠠᠳᠠᠯᠢ ᠴᠡᠪᠠᠷᠯᠡᠭᠦ ᠨᠢ ᠶᠠᠷᠢᠶᠠᠨ ᠦᠭᠡᠶ᠃

ᠳᠠᠷᠠ ᠭᠡᠨᠡᠳᠲᠡ ᠮᠤᠳᠤᠨ ᠭᠦᠮᠤᠨ ᠰᠢᠭ᠌ ᠭᠦᠳᠡᠯᠭᠦ ᠪᠠᠨ ᠪᠠᠢ᠌ᠴᠢᠬᠠᠪᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠢᠷᠡᠭᠡᠨ ᠳᠡᠭᠡᠷ᠎ᠡ ᠳᠡᠭᠦᠨ ᠤ ᠪᠠᠢ᠌ᠴᠠᠭᠠᠯᠳᠠ ᠶᠢᠨ ᠬᠠᠭᠤᠳᠠᠰᠤ ᠳᠤᠭᠤᠢ ᠭᠡᠪᠳᠡᠨ᠎ᠡ᠂ ᠬᠠᠵᠠᠭᠤ ᠳ᠋ᠤᠨᠢ ᠪᠠᠰᠠ ᠨᠢᠭᠡᠨ ᠬᠠᠭᠤᠳᠠᠰᠤ ᠨᠡᠮᠡᠭ᠍ᠳᠡᠭ᠍ᠰᠡᠨ ᠬᠠᠷᠠᠭᠳᠠᠨ᠎ᠠ᠂ ᠳᠠᠷᠠ ᠨᠢ ᠪᠣᠶᠠᠨ ᠤ ᠪᠠᠢ᠌ᠴᠠᠭᠠᠯᠳᠠ᠃ ᠰᠤᠷᠭᠤᠭ ᠨᠢᠭᠡ ᠯᠠ ᠰᠢᠷᠪᠢᠮᠡᠭ᠍ᠴᠡ ᠴᠢᠷᠠᠢ ᠨᠢ ᠴᠠᠢ᠌ᠷᠠᠵᠤ ᠵᠢᠷᠦᠭᠡᠨ ᠴᠤᠭᠢᠯᠭ᠎ᠠ ᠨᠢ ᠵᠤᠭᠰᠤᠬᠤ ᠰᠢᠭ ᠪᠣᠯᠪᠠ᠁

《ᠴᠢ ᠮᠡᠳᠡᠴᠢᠭᠡᠪᠡ ᠦᠦ》 ᠭᠡᠭᠦ ᠪᠣᠶᠠᠨ ᠤ ᠳᠠᠭᠤᠨ ᠳᠤ ᠳᠠᠷᠠ ᠰᠡᠭᠡᠰᠭᠢᠪᠡ᠃

ᠰᠤᠷᠭᠤᠭ ᠳᠠᠭᠤ ᠠᠯᠳᠠᠨ ᠣᠭᠢᠯᠠᠵᠤ ᠪᠣᠶᠠᠨ ᠤ ᠡᠮᠤᠨ᠎ᠡ ᠰᠥᠭᠦᠳᠴᠤ 《ᠳᠠ ᠨᠠᠮ᠎ᠠ ᠶᠢ ᠠᠭᠤᠴᠢᠯᠠᠭᠠᠴᠢ ᠳ᠋ᠠ᠂ ᠪᠢ ᠪᠣᠷᠤᠭᠤ ᠪᠣᠯᠵᠠᠢ ᠡ》 ᠭᠡᠨ᠎ᠡ᠃

ᠳᠠᠪᠤᠨ ᠵᠢᠯ᠂ ᠬᠤᠷᠢᠮᠯᠠᠭᠠᠤᠨ ᠳᠠᠪᠤᠨ ᠵᠢᠯ ᠪᠣᠯᠴᠢᠬᠠᠯ᠎ᠠ᠃ ᠰᠤᠷᠭᠤᠭ ᠪᠣᠶᠠᠨ ᠬᠤᠶᠠᠭᠤᠯᠠ ᠶᠠᠷᠤᠨᠢ ᠨᠢᠭᠤᠷ ᠣᠯᠠᠢ᠌ᠵᠤ ᠥᠵᠡᠭᠡ ᠦᠭᠡᠶ᠃ ᠪᠣᠶᠠᠨ ᠪᠠᠭ᠎ᠠ ᠡᠴᠠ ᠪᠠᠨ ᠦᠨᠦᠴᠢᠨ ᠦᠰᠦᠭ᠍ᠰᠡᠨ ᠪᠣᠯᠬᠤᠷ ᠳᠤᠯᠠᠭᠠᠨ ᠪᠦᠯᠢ ᠬᠠᠯᠠᠭᠤᠨ ᠠᠮᠢᠳᠤᠷᠠᠯ ᠶᠢᠡᠨ ᠲᠤᠢ᠌ᠯ ᠶᠢᠡᠷ ᠨᠠᠠᠳᠢᠩᠨᠠᠨ ᠬᠠᠢ᠌ᠷᠠᠯᠠᠳᠠᠭ ᠶᠤᠮ᠃ ᠨᠠᠩ ᠬᠡᠦᠬᠡᠳ ᠲᠡᠶ ᠪᠣᠯᠬᠤ ᠶᠢ ᠣᠠᠴᠠ ᠭᠦᠰᠡᠨ᠎ᠡ᠃ ᠭᠡᠭᠦ ᠳᠤ 《ᠰᠠᠢ᠌ᠨ ᠶᠠᠪᠣᠳᠠᠯ ᠳᠤ ᠰᠠᠭᠠᠤᠨ ᠣᠯᠠᠨ》 ᠶᠤᠮ ᠦᠦ᠂ ᠪᠣᠤ ᠮᠠᠳᠠ᠂ ᠪᠦᠷ ᠰᠠᠨᠠᠭᠠᠴᠢᠯᠠᠨ ᠪᠠᠶᠡᠯᠡᠭ᠍ᠳᠡᠭᠦ ᠦᠭᠡᠶ᠂ ᠭᠡᠴᠢᠨᠡᠨ 《ᠴᠢᠷᠮᠠᠢ᠌ᠭᠰᠠᠨ》 ᠪᠣᠯᠪᠠᠴᠤ ᠶᠠᠮᠠᠷᠴᠤ ᠣᠯᠤᠯᠳᠠ ᠦᠭᠡᠶ᠂ ᠪᠦᠰᠡᠭᠦᠢ ᠰᠤᠷᠭᠤᠭ ᠨᠢ ᠵᠢᠷᠮᠦᠰᠦᠯᠡᠭᠦ ᠦᠭᠡᠶ ᠪᠠᠢ᠌ᠭᠠᠤᠨ ᠪᠠᠢ᠌ᠯ᠎ᠠ᠃ ᠳᠡᠭᠡᠭᠡᠳ ᠪᠣᠶᠠᠨ ᠠᠷᠭ᠎ᠠ ᠪᠠᠷᠠᠭᠳᠠᠵᠤ ᠰᠠᠮ ᠶᠢᠡᠷ ᠡᠮᠨᠡᠯᠭᠡ ᠳᠤ ᠭᠦᠷᠴᠤ ᠪᠠᠢ᠌ᠴᠠᠭᠠᠯᠭᠠᠭᠰᠠᠨ ᠴᠢᠨᠢ ᠳᠡᠭᠦᠨ ᠤ ᠭᠡᠮ ᠊᠊᠊᠊᠊᠊᠊᠊᠊᠊᠊᠊᠊᠊᠊᠊᠊᠊᠊᠊᠊᠊᠊᠊᠊᠊᠊᠊᠊ 《ᠥᠭᠦᠮᠡᠯ ᠦᠷ᠎ᠡ》᠃ ᠡᠨᠡᠭᠦ ᠭᠦᠡᠳᠤ ᠴᠤᠭᠢᠯᠳᠠ ᠳᠡᠭᠦᠨ ᠢ ᠠᠮᠢᠳᠤᠷᠠᠬᠤ ᠵᠤᠷᠢᠭ ᠦᠭᠡᠶ ᠪᠣᠯᠭᠠᠵᠤ ᠬᠠᠶᠠᠵᠠᠢ᠃ ᠨᠠᠩ ᠪᠦᠰᠡᠭᠦᠢ ᠶᠢᠨ ᠭᠢᠨᠢ ᠵᠢᠷᠮᠦᠰᠦᠯᠡᠭ᠍ᠰᠡᠨ ᠪᠠᠢ᠌ᠴᠠᠭᠠᠯᠳᠠ ᠳᠡᠭᠦᠨ ᠢ ᠡᠯᠡᠭᠯᠡᠨ ᠳᠠᠭᠠᠵᠢᠩᠨᠠᠬᠤ ᠨᠢ ᠥᠨᠡᠭᠡᠷ ᠳᠡᠰᠪᠦᠷᠢᠯᠡᠭᠦᠶ᠎ᠡ ᠪᠠᠷᠭᠡ ᠱᠤᠤᠯᠠᠯ ᠪᠢᠰᠢ ᠦᠦ ︖ ᠳᠠᠷᠠ ᠰᠤᠷᠭᠤᠭ ᠢ ᠠᠯᠠᠵᠤ ᠶᠠᠭᠤ ᠪᠦᠭᠦᠨ ᠢ ᠳᠡᠭᠦᠰᠭᠡᠴᠢᠭᠡᠶ᠎ᠡ ᠭᠡᠵᠤ ᠪᠣᠳᠤᠵᠤ ᠪᠠᠢ᠌ᠭᠰᠠᠨ ᠶᠤᠮ᠃ ᠡᠷ᠎ᠡ ᠭᠦᠮᠤᠨ ᠳᠤ ᠡᠭᠦᠨ ᠡᠴᠠ ᠥᠭᠡᠷ᠎ᠡ ᠭᠤᠳᠤᠮᠰᠢᠭ ᠭᠡᠵᠤ ᠪᠠᠢ᠌ᠬᠤ ᠦᠭᠡᠶ ᠰᠢᠤ ᠳ᠋ᠠ ︕

ᠭᠡᠪᠠᠴᠤ ᠳᠠᠷᠠ ᠭᠠᠷ ᠭᠦᠳᠡᠯᠵᠤ ᠴᠢᠳᠠᠭᠰᠠᠨ ᠦᠭᠡᠶ᠂ ᠭᠤᠨᠢᠭ ᠭᠤᠳᠤᠷᠠᠯ ᠭᠤᠳᠤᠮᠰᠢᠭ ᠳᠤᠷᠤᠮᠵᠢᠯᠠᠯ ᠤᠨ ᠳᠤᠮᠳᠠ ᠳᠠᠯᠴᠢᠯᠠᠵᠤ᠂ ᠠᠷᠢᠭᠢ ᠳᠠᠮᠠᠭᠢ ᠪᠠᠷ ᠪᠠᠶ᠎ᠠ ᠰᠡᠳᠭᠢᠯ ᠶᠢᠡᠨ ᠮᠢᠡᠴᠦᠷᠡᠭᠦᠯᠵᠤ ᠶᠠᠪᠣᠨ᠎ᠠ᠁

《ᠪᠣᠶᠠᠨ ᠡ᠂ ᠳᠠ ᠨᠠᠳᠠ ᠶᠢ ᠢᠳᠡᠭᠡᠴᠢ᠂ ᠪᠢ ᠥᠨᠡᠭᠡᠷ ᠵᠤᠷᠢᠭᠤᠳᠠ ᠪᠢᠰᠢ᠂ ᠪᠢ ᠭᠠᠭᠴᠠ ᠴᠢᠮ᠎ᠠ ᠳᠤ ᠬᠠᠢ᠌ᠷᠠᠳᠠᠢ ︕》 ᠰᠤᠷᠭᠤᠭ ᠣᠭᠢᠯᠠᠭᠰᠠᠭᠠᠷ ᠠᠮᠢᠰᠬᠤᠭ᠎ᠠ ᠨᠢ ᠪᠦᠭᠯᠡᠷᠡᠨ᠎ᠡ᠃

ᠳᠠᠷᠠ ᠨᠢ ᠨᠡᠭᠡᠷᠡᠨ ᠵᠤᠷᠢᠭᠤᠳᠠ ᠪᠢᠰᠢ ᠰᠠᠨᠠᠭᠠᠨ ᠡᠴᠠ ᠭᠠᠳᠠᠭᠤᠷᠭᠢ ᠶᠠᠪᠣᠳᠠᠯ ᠶᠤᠮ᠃ ᠭᠤᠷᠪᠠᠨ ᠰᠠᠷ᠎ᠠ ᠶᠢᠨ ᠡᠮᠤᠨ᠎ᠡ᠂ ᠡᠷᠳᠡᠨᠢ ᠳᠡᠭᠦᠨ ᠢ ᠳᠠᠭᠠᠭᠤᠯᠵᠤ ᠭᠠᠳᠠᠨ᠎ᠠ ᠣᠷᠤᠨ ᠳᠤ ᠪᠠᠢ᠌ᠴᠠᠭᠠᠯᠳᠠ ᠭᠢᠭᠦ ᠪᠠᠷ ᠶᠠᠪᠣᠭᠰᠠᠨ ᠶᠤᠮ᠃ ᠡᠷᠳᠡᠨᠢ ᠠᠯᠢ ᠡᠷᠳᠡ ᠡᠴᠠ ᠳᠡᠭᠦᠨ ᠳᠤ ᠮᠠᠭᠤ ᠰᠠᠨᠠᠭ᠎ᠠ ᠡᠪᠦᠷᠯᠡᠵᠤ ᠪᠠᠢ᠌ᠭᠰᠠᠨ ᠢ ᠶᠠᠭᠠᠭᠢᠵᠤ ᠮᠡᠳᠡᠭᠦ ᠪᠣᠢ᠃ ᠣᠷᠤᠢ ᠶᠢᠨ ᠳᠠᠢ᠌ᠯᠠᠯᠭ᠎ᠠ ᠳᠤ᠂ ᠡᠷᠳᠡᠨᠢ ᠳᠡᠭᠦᠨ ᠢ ᠱᠠᠯᠠᠵᠤ ᠣᠤᠭᠤᠯᠭᠠᠭᠰᠠᠭᠠᠷ ᠪᠠᠢ᠌ᠵᠤ ᠮᠠᠯ ᠰᠤᠭᠳᠤᠭᠠᠵᠤ᠂ ᠪᠠᠭᠤᠳᠠᠯ ᠳ᠋ᠤᠨᠢ ᠭᠦᠷᠭᠡᠵᠤ ᠭᠦᠰᠡᠯ ᠳᠠᠴᠢᠶᠠᠯ ᠶᠢᠡᠨ ᠬᠠᠩᠭ᠋ᠠᠬᠤ ᠪᠠᠷ ᠣᠷᠤᠯᠳᠤᠨ᠎ᠠ᠃ ᠰᠤᠷᠭᠤᠭ ᠰᠤᠭᠳᠤᠭᠰᠠᠨ ᠪᠣᠯᠪᠠᠴᠤ ᠮᠠᠳᠠᠷᠠᠯ ᠲᠡᠶ ᠣᠴᠢᠷ᠂ ᠡᠮᠡᠭ᠍ᠳᠡᠢ ᠭᠦᠮᠤᠨ ᠤ ᠳᠦᠷᠤᠯᠭᠢ ᠴᠢᠨᠠᠷ ᠡᠴᠠ ᠵᠥᠪᠰᠢᠶᠡᠷᠡᠭᠦ ᠦᠭᠡᠶ ᠨᠢ ᠶᠠᠷᠢᠶᠠᠨ ᠦᠭᠡᠶ᠃ ᠡᠷᠳᠡᠨᠢ ᠭᠦᠴᠤ ᠪᠠᠷ ᠳᠠᠷᠤᠯᠠᠨ ᠣᠷᠠᠵᠤ ᠳᠠᠰᠤᠳᠠᠬᠤ ᠶᠢᠨ ᠬᠤᠭᠤᠷᠤᠠᠳᠤ ᠬᠤᠪᠴᠠᠰᠤ ᠢ ᠨᠢ ᠳᠠᠢ᠌ᠯᠵᠤ᠂ ᠡᠰᠡᠷᠭᠦᠴᠡᠯ ᠬᠠᠷᠢᠶᠠᠯ ᠪᠠ ᠡᠩᠰᠡᠷᠡᠯ ᠭᠤᠶᠤᠯᠳᠠ ᠶᠢᠨ ᠳᠤᠮᠳᠠ ᠳᠡᠭᠦᠨ ᠢ ᠡᠵᠡᠮᠳᠡᠵᠡᠢ᠃ ᠳᠠᠷᠠ ᠰᠦᠨᠢ᠂ ᠭᠤᠷᠪᠠ ᠣᠳᠠᠭ᠎ᠠ ᠁ ᠡᠷᠳᠡᠨᠢ ᠳᠡᠭᠦᠨ ᠤ ᠣᠶᠠᠨ ᠨᠡᠮᠡᠭᠦᠭᠡᠨ ᠪᠠᠶ᠎ᠠ ᠶᠢ ᠴᠢᠩᠭ᠎ᠠ ᠳᠠᠪᠠᠷᠢᠵᠤ᠂ ᠡᠮᠵᠡᠭ᠌ ᠨᠢᠭᠤᠴᠠᠬᠠᠢ ᠪᠦᠭᠦᠨ ᠢ ᠨᠢ ᠢᠯᠪᠢᠨ ᠳᠠᠭᠠᠯᠠᠵᠤ ᠰᠢᠨᠤᠭ ᠥᠨᠦᠰᠭᠦ ᠶᠢᠨ ᠡᠷᠭᠡᠨ ᠳᠤ ᠴᠢᠭᠢᠨ ᠳ᠋ᠤᠨᠢ 《ᠪᠢ ᠴᠢᠮ᠎ᠠ ᠳᠤ ᠬᠠᠢ᠌ᠷᠠᠳᠠᠢ》 ᠭᠡᠵᠤ ᠳᠠᠭᠢᠨ ᠳᠠᠪᠳᠠᠨ ᠶᠠᠷᠢᠨ᠎ᠠ᠃ ᠭᠡᠳᠡᠯ᠎ᠡ ᠰᠤᠷᠭᠤᠭ ᠳᠠᠴᠢᠶᠠᠯ ᠳᠠᠯᠪᠢᠭᠤᠷᠠᠬᠤ ᠳᠠᠭᠠᠨ ᠶᠠᠷᠤᠨᠢ ᠪᠣᠶᠠᠨ ᠤ ᠪᠠᠨ ᠨᠠᠷ᠎ᠠ ᠶᠢ ᠬᠠᠰᠭᠢᠷᠠᠵᠤ ᠭᠠᠷᠤᠨ᠎ᠠ᠃ ᠬᠠᠷᠠᠰᠠᠯᠳᠠᠢ ᠨᠢ᠂ ᠡᠨᠡ ᠦᠶ᠎ᠡ ᠳᠤ ᠪᠣᠶᠠᠨ ᠦᠪᠡᠷ ᠤᠨ ᠭᠡᠷ ᠲᠡᠭᠡᠨ ᠳᠠᠢ᠌ᠪᠣᠭᠤᠬᠠᠨ ᠣᠠᠳᠠᠴᠢᠬᠠᠭᠰᠠᠨ ᠶᠤᠮ᠃

ᠭᠡᠷᠡᠭ᠌ ᠤᠨ ᠳᠠᠷᠠᠭ᠎ᠠ᠂ ᠡᠷᠳᠡᠨᠢ ᠰᠤᠷᠭᠤᠭ ᠢ ᠥᠭᠦᠨ ᠭᠤᠶᠤᠵᠤ ᠵᠠᠭᠠᠯᠳᠤᠬᠤ ᠪᠠ ᠡᠷ᠎ᠡ ᠨᠥᠭᠦᠷ ᠲᠡᠭᠡᠨ ᠮᠡᠳᠡᠭ᠍ᠳᠡᠭᠦ ᠶᠢ ᠨᠢ ᠳᠡᠪᠴᠢᠭᠦᠯᠦᠭ᠍ᠰᠡᠨ ᠶᠤᠮ᠃ 《ᠡᠨᠡ ᠣᠴᠢᠷ ᠯᠠᠪᠠᠷᠠᠪᠠᠯ ᠴᠢ ᠪᠢᠳᠠ ᠬᠤᠶᠠᠷ ᠲᠤ ᠪᠦᠷ ᠰᠠᠢ᠌ᠨ ᠪᠠᠢ᠌ᠬᠤ ᠦᠭᠡᠶ᠁》 ᠰᠤᠷᠭᠤᠭ ᠴᠤ ᠦᠪᠡᠷ ᠤᠨ ᠨᠢᠭᠤᠷ ᠶᠢᠡᠨ ᠪᠠᠷᠠᠵᠤ ᠭᠦᠮᠤᠨ ᠶᠢᠡᠨ ᠭᠡᠭᠡᠭᠦ ᠡᠴᠠ ᠠᠶᠤᠵᠤ ᠭᠠᠰᠢᠭᠤᠨ ᠨᠢᠯᠪᠣᠰᠤ ᠪᠠᠨ ᠳᠤᠳᠤᠭᠰᠢ ᠵᠠᠯᠭᠢᠪᠠ᠃

ᠰᠤᠷᠭᠤᠭ ᠨᠢᠰᠤ ᠨᠢᠯᠪᠣᠰᠤ ᠪᠠᠨ ᠭᠤᠭᠤᠵᠢᠭᠤᠯᠵᠤ 《ᠨᠡᠭᠡᠷᠡᠨ ᠳᠠᠷᠠ ᠨᠢᠭᠡ ᠯᠠ ᠣᠳᠠᠭ᠎ᠠ᠂ ᠨᠠᠮ᠎ᠠ ᠶᠢ ᠠᠭᠤᠴᠢᠯᠠᠭᠠᠴᠢ ︕ ᠪᠢ ᠳᠡᠭᠦᠨ ᠲᠡᠶ ᠳᠠᠭᠢᠨ ᠶᠠᠪᠣᠯᠴᠠᠭᠰᠠᠨ ᠦᠭᠡᠶ》 ᠭᠡᠵᠤ ᠪᠣᠶᠠᠨ ᠤ ᠭᠠᠷ ᠡᠴᠠ ᠳᠠᠳᠠᠨ ᠭᠤᠩᠰᠢᠨ᠎ᠠ᠃

《ᠬᠨ ᠬᠨ ᠁》 ᠪᠣᠶᠠᠨ ᠶᠠᠮᠠᠷ ᠨᠢᠭᠡᠨ ᠱᠤᠭ ᠰᠤᠨᠤᠰᠤᠭᠰᠠᠨ ᠭᠡᠮᠡᠷ ᠬᠠᠳᠠᠭᠠᠨᠠᠳᠠᠯ᠎ᠠ ᠢᠨᠢᠶᠡᠭᠦ ᠨᠢ ᠬᠠᠴᠢᠨ ᠵᠢᠭ᠍ᠳᠡᠢ ᠰᠠᠨᠠᠭᠳᠠᠭᠤᠯᠤᠨ᠎ᠠ᠃ ᠣᠤᠯ ᠨᠢ ᠰᠤᠷᠭᠤᠭ ᠢ ᠭᠡᠷ ᠡᠴᠠ ᠪᠠᠨ ᠭᠠᠷᠴᠤ ᠪᠠᠭᠤᠳᠠᠯ ᠳᠤ ᠰᠠᠭᠤᠭᠰᠠᠨ ᠳᠠᠷᠠᠭᠠᠬᠠᠨ᠂ ᠪᠣᠶᠠᠨ ᠭᠡᠳᠤᠨ ᠣᠳᠠᠭ᠎ᠠ ᠨᠢᠭᠤᠴᠠ ᠪᠠᠷ ᠣᠴᠢᠭᠰᠠᠨ ᠨᠢ ᠪᠦᠷ ᠡᠷᠳᠡᠨᠢ ᠪᠠᠢ᠌ᠬᠤ ᠲᠡᠶ ᠳᠠᠭᠠᠷᠠᠯᠴᠠᠭᠰᠠᠨ ᠪᠠᠢ᠌ᠵᠠᠢ᠃

《ᠬᠨ ᠬᠨ ᠁ ᠨᠢᠭᠡᠳᠦᠭᠡᠷ ᠣᠳᠠᠭ᠎ᠠ ᠨᠢ ᠭᠦᠴᠦᠷᠭᠡᠭᠯᠡᠯ᠂ ᠳᠡᠭᠡᠪᠠᠯ ᠬᠤᠶᠠᠳᠤᠭᠠᠷ ᠣᠳᠠᠭ᠎ᠠ᠂ ᠭᠤᠷᠪᠠᠳᠤᠭᠠᠷ ᠣᠳᠠᠭ᠎ᠠ᠂ N ᠣᠳᠠᠭ᠎ᠠ ︖》

ᠰᠤᠷᠭᠤᠭ ᠫᠠᠯᠭᠢᠳᠠᠯ᠎ᠠ ᠭᠠᠵᠠᠷ ᠰᠠᠭᠤᠴᠢᠬᠠᠪᠠ᠃

ᠳᠠᠢ᠌ᠮᠤ ᠡ᠂ ᠨᠢᠭᠡᠳᠦᠭᠡᠷ ᠣᠳᠠᠭ᠎ᠠ ᠪᠠᠢ᠌ᠪᠠᠯ ᠬᠤᠶᠠᠳᠤᠭᠠᠷ ᠣᠳᠠᠭ᠎ᠠ ᠪᠠᠢ᠌ᠨ᠎ᠠ ᠁ ᠰᠤᠷᠭᠤᠭ ᠳᠠᠷᠠ ᠣᠳᠠᠭ᠎ᠠ ᠡᠴᠠ ᠬᠣᠢ᠌ᠰᠢ ᠡᠷᠳᠡᠨᠢ ᠶᠢ ᠵᠥᠪᠰᠢᠶᠡᠷᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠵᠠᠢ᠃ ᠳᠠᠳᠠ ᠣᠯᠠᠨ ᠣᠯᠠᠨ ᠣᠳᠠᠭ᠎ᠠ ᠶᠠᠪᠣᠭᠰᠠᠨ ᠁ ᠰᠤᠷᠭᠤᠭ ᠴᠤ ᠪᠠᠶ᠎ᠠ ᠰᠡᠳᠭᠢᠯ ᠤᠨ ᠬᠠᠨᠤᠮᠰᠢᠯ ᠳᠠᠭᠠᠰᠢᠶᠠᠯ ᠳᠤ ᠬᠠᠢ᠌ᠯᠤᠨ ᠨᠢᠭᠡᠮᠦᠰᠤᠨ ᠳᠠᠴᠢᠶᠠᠯ ᠴᠡᠩᠭᠡᠯ ᠤᠨ ᠪᠣᠭᠤᠯ ᠪᠣᠯᠴᠢᠬᠠᠭᠰᠠᠨ ᠨᠢ ᠦᠨᠡᠨ᠃ ᠳᠡᠭᠡᠭᠦ ᠳᠤ ᠬᠡᠦᠬᠡᠳ ᠣᠯᠤᠭᠰᠠᠨ ᠨᠢ ᠬᠠᠷᠢᠨ ᠭᠢᠴᠢᠶᠠᠮᠵᠢ ᠦᠭᠡᠶ ᠡᠴᠠ ᠪᠣᠯᠤᠭᠰᠠᠨ ᠶᠤᠮ᠃

ᠵᠢᠷᠮᠦᠰᠦᠯᠡᠭ᠍ᠰᠡᠨ ᠶᠢᠡᠨ ᠮᠡᠳᠡᠭ᠍ᠰᠡᠨ ᠰᠤᠷᠭᠤᠭ᠂ ᠡᠷᠳᠡᠨᠢ ᠳᠤ ᠭᠡᠯᠡᠭᠦ ᠳᠤ 《ᠡᠪᠦᠭᠡᠨ ᠴᠢᠨᠢ ᠬᠡᠦᠬᠡᠳ ᠲᠡᠶ ᠪᠣᠯᠬᠤ ᠶᠢ ᠭᠦᠰᠡᠵᠤ ᠯᠠ ᠪᠠᠢ᠌ᠭ᠎ᠠ ᠪᠢᠰᠢᠤ ︖ ᠶᠠᠷᠤᠨᠢ ᠭᠡᠨ ᠤ ᠭᠢᠨᠢ ᠪᠣᠯᠬᠤ ᠶᠢ ᠭᠡᠨ ᠮᠡᠳᠡᠭᠦ ᠪᠢᠯᠠ ︖》 ᠭᠡᠵᠤ ᠮᠠᠭᠤᠬᠠᠢ ᠢᠨᠢᠶᠠᠨ ᠥᠩᠭᠡᠷᠡᠭ᠍ᠰᠡᠨ ᠪᠠᠢ᠌ᠵᠠᠢ᠃

ᠰᠤᠷᠭᠤᠭ ᠪᠣᠶᠠᠨ ᠤ ᠭᠦᠯ ᠡᠴᠠ ᠵᠢᠭᠤᠷᠠᠨ 《ᠡᠪᠦᠭᠡᠨ ᠮᠢᠨᠢ ᠡ᠃ ᠪᠢ ᠪᠣᠷᠤᠭᠤᠳᠠᠵᠠᠢ᠂ ᠪᠣᠷᠤᠭᠤ ᠪᠠᠨ ᠮᠠᠳᠠᠷᠠᠨ᠎ᠡ᠂ ᠪᠢ ᠴᠢᠮ᠎ᠠ ᠶᠢ ᠬᠤᠳᠠᠯ ᠭᠡᠯᠡᠵᠤ ᠬᠠᠭᠤᠷᠴᠠᠢ᠃ ᠨᠠᠳᠠ ᠳᠤ ᠨᠢᠭᠡ ᠵᠠᠪᠰᠢᠶᠠᠨ ᠦᠭ‍ᠭᠦᠭᠡᠷᠡᠢ᠂ ᠪᠢ ᠦᠪᠡᠷᠭᠢ ᠪᠠᠨ ᠥᠭᠡᠷᠡᠴᠢᠯᠡᠨ ᠵᠠᠰᠠᠨ᠎ᠠ᠃ ᠳᠠ ᠨᠠᠮ᠎ᠠ ᠶᠢ ᠪᠢᠳᠡᠭᠡᠢ ᠣᠷᠭᠢᠭᠠᠴᠢ ᠳ᠋ᠠ》 ᠭᠡᠵᠤ ᠭᠡᠮᠰᠢᠯ ᠤᠨ ᠨᠢᠯᠪᠣᠰᠤ ᠳᠠᠪᠳᠤᠳᠠᠯ᠎ᠠ ᠭᠤᠶᠤᠨ᠎ᠠ᠃

ᠪᠣᠶᠠᠨ ᠳᠤᠯᠤᠭᠠᠢ ᠰᠠᠵᠢᠨ᠎ᠠ᠂ ᠨᠢᠭᠡᠨᠲᠡ ᠣᠷᠣᠢ᠌ᠳᠠᠴᠢᠬᠠᠵᠠᠢ᠃ ᠳᠠᠷᠠ ᠳᠡᠭᠦᠨ ᠳᠤ ᠵᠠᠪᠰᠢᠶᠠᠨ ᠦᠭ‍ᠭᠦᠭ᠍ᠰᠡᠨ᠂ ᠳᠡᠭᠦᠨ ᠤ ᠦᠨᠡᠠᠴᠢ ᠴᠠᠭᠠᠪᠣᠷᠢᠯᠠᠯ ᠢ ᠭᠦᠯᠢᠶᠡᠭ᠍ᠰᠡᠨ᠂ ᠳᠡᠭᠦᠨ ᠤ ᠣᠬᠠᠭᠠᠷᠠᠵᠤ ᠬᠤᠪᠢᠷᠠᠬᠤ ᠶᠢ ᠭᠦᠰᠡᠭ᠍ᠰᠡᠨ᠃ ᠭᠡᠳᠡᠯ᠎ᠡ ᠳᠠᠷᠠ ᠪᠠᠰᠠᠯᠠ ᠳᠡᠭᠦᠨ ᠢ ᠬᠠᠭᠤᠷᠠᠭᠠᠤᠨ ᠪᠠᠢ᠌ᠯ᠎ᠠ᠃ ᠭᠡᠷᠪᠡ ᠳᠤᠬᠠᠢ ᠶᠢᠨ ᠦᠶ᠎ᠡ ᠳᠤ ᠣᠴᠢᠷ ᠶᠠᠪᠣᠳᠠᠯ ᠶᠢᠡᠨ ᠦᠨᠡᠨ ᠮᠦᠨ ᠶᠢᠡᠷ ᠨᠢ ᠶᠠᠷᠢᠭᠰᠠᠨ ᠪᠣᠯ᠂ ᠳᠠᠷᠠ ᠡᠷᠳᠡᠨᠢ ᠶᠢ ᠵᠥᠭᠡᠷ ᠳᠠᠯᠪᠢᠬᠤ ᠦᠭᠡᠶ᠂ ᠡᠴᠦᠰ ᠳ᠋ᠦ᠋ᠩ ᠨᠢ ᠴᠤ ᠦᠨᠦᠳᠤᠷ ᠤᠨ ᠰᠢᠭ᠌ ᠪᠣᠯᠬᠤ ᠦᠭᠡᠶ ᠶᠤᠮ᠃

ᠡᠴᠦᠰ ᠲᠡᠭᠡᠨ ᠪᠣᠶᠠᠨ ᠬᠠᠰᠢ ᠯᠠ ᠰᠤᠷᠭᠤᠭ ᠡᠴᠠ ᠰᠠᠯᠪᠠ᠃ ᠰᠤᠷᠭᠤᠭ ᠶᠠᠭᠤ ᠴᠤ ᠶᠠᠷᠢᠵᠤ ᠭᠠᠷᠤᠭᠰᠠᠨ ᠦᠭᠡᠶ ᠬᠤᠭᠤᠰᠤᠨ ᠬᠤᠴᠤᠷᠠᠪᠠ᠂ ᠳᠠᠷᠠ ᠨᠢᠭᠡᠨᠲᠡ ᠳᠡᠭᠦᠨ ᠢ ᠠᠯᠳᠠᠴᠢᠬᠠᠭᠰᠠᠨ᠂ ᠶᠠᠭᠤ ᠪᠦᠭᠦᠨ ᠶᠢᠡᠨ ᠠᠯᠳᠠᠴᠢᠬᠠᠭᠰᠠᠨ᠁


ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤᠨ ᠤ ᠦᠨᠳᠦᠰᠦᠳᠠᠨ ᠤ ᠶᠡᠷᠦᠩᠭᠡᠢ᠌ᠯᠡᠭ᠍ᠰᠡᠨ ᠳᠡᠭᠡᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2294
ᠴᠠᠭ᠄ 2012 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁