ᠡᠷᠳᠡᠨᠢ ᠪᠠᠳᠠᠷᠠᠬᠤ ᠤᠪᠤᠭ᠎ᠠ ᠶᠢ ᠰᠢᠨᠡᠳᠭᠡᠨ ᠲᠠᠬᠢᠭᠰᠠᠨ ᠲᠤᠢ᠌ᠮᠤ

ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠭᠦᠯᠤᠨ ᠪᠣᠢ᠌ᠷ ᠬᠤᠳᠠ ᠶᠢᠨ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠢᠮᠢᠨ ᠰᠤᠮᠤ ᠶᠢᠨ ᠨᠤᠳᠤᠭ ᠲᠤ ᠠᠵᠤ ᠲᠦᠷᠦᠵᠤ ᠪᠠᠢ᠌ᠭ᠎ᠠ ᠥᠭᠡᠯᠡᠦᠡᠴᠦᠳ ᠪᠣᠯ ᠬᠠᠭᠤᠴᠢᠨ ᠥᠭᠡᠯᠡᠳ ᠪᠠ ᠰᠢᠨ᠎ᠠ ᠥᠭᠡᠯᠡᠳ ᠶᠢᠡᠷ ᠪᠦᠷᠢᠯᠳᠦᠭ᠍ᠰᠡᠨ ᠶᠤᠮ᠃

ᠳᠤᠬᠠᠢ᠌ᠯᠠᠪᠠᠯ 1732 ᠣᠨ ᠳᠤ ᠨᠡᠭᠦᠵᠤ ᠢᠷᠡᠭ᠍ᠰᠡᠳ ᠢ ᠪᠠᠨ ᠬᠠᠭᠤᠴᠢᠨ ᠥᠭᠡᠯᠡᠳ᠂ 1757 ᠣᠨ ᠳᠤ ᠨᠡᠭᠦᠵᠤ ᠢᠷᠡᠭ᠍ᠰᠡᠳ ᠢ ᠪᠠᠨ ᠰᠢᠨ᠎ᠡ ᠥᠭᠡᠯᠡᠳ ᠭᠡᠳᠡᠭ᠌ ᠪᠠᠢ᠌ᠯ᠎ᠠ᠃ ᠬᠠᠭᠤᠴᠢᠨ ᠰᠢᠨ᠎ᠠ ᠥᠭᠡᠯᠡᠳ ᠤᠨ ᠢᠷᠠᠯᠳᠠ ᠶᠢᠨ ᠳᠤᠬᠠᠢ ᠰᠤᠳᠤᠯᠭᠠᠨ ᠨᠠᠯᠢᠶᠠᠤᠨ ᠪᠠᠢ᠌ᠳᠠᠭ ᠤᠨ ᠳᠤᠳᠤᠷ᠎ᠠ ᠶᠠᠫᠣᠨ ᠤ ᠡᠷᠳᠡᠮᠳᠡᠨ ᠶᠠᠭᠠᠭᠢᠰᠠᠧᠨ ᠠᠭᠢᠷᠠ ᠭᠦᠯᠤᠨ ᠪᠣᠢ᠌ᠷ ᠤᠨ ᠢᠷᠠᠯᠳᠠ ᠶᠢᠨ ᠳᠤᠬᠠᠢ ᠥᠭᠦᠯᠡᠭᠦ ᠨᠢ ᠭᠡᠳᠡᠭ᠌ ᠥᠭᠦᠯᠡᠯ ᠳᠡᠭᠡᠨ᠂ ᠦᠪᠡᠷ ᠤᠨ ᠭᠡᠰᠡᠨ ᠰᠢᠨ᠎ᠡ ᠰᠠᠨᠠᠯ ᠶᠢᠡᠨ ᠳᠡᠪᠰᠢᠭᠦᠯᠦᠭ᠍ᠰᠡᠨ ᠢ ᠳᠠᠰᠢᠷᠠᠮ ᠳᠤᠷᠠᠳᠤᠶ᠎ᠠ᠃ ᠬᠠᠮᠢᠶ᠎ᠠ ᠪᠦᠭᠦᠢ ᠮᠠᠲ᠋ᠸᠷᠢᠶᠠᠯ ᠢ ᠦᠨᠳᠦᠰᠦᠯᠠᠪᠠᠯ᠄ ᠬᠠᠭᠤᠴᠢᠨ ᠥᠭᠡᠯᠡᠳ ᠮᠠᠠᠵᠤ ᠶᠢᠨ ᠨᠠᠢ᠌ᠷᠠᠯᠳᠤ ᠲᠦᠪ ᠬᠠᠭᠠᠨ ᠤ ᠵᠠᠷᠯᠢᠭ ᠶᠢᠡᠷ ᠭᠦᠯᠤᠨ ᠪᠣᠢ᠌ᠷ ᠲᠤ ᠨᠡᠭᠦᠵᠤ ᠢᠷᠡᠭᠡᠤᠨ ᠬᠣᠢ᠌ᠰᠢ ᠰᠢᠨᠡᠭᠡᠨ ᠭᠤᠤᠯ ᠤᠨ ᠠᠳᠠᠭ᠂ ᠡᠮᠦᠨᠡᠰᠢ ᠪᠢᠯᠡᠭᠦᠳᠤ ᠬᠤᠰᠢᠭᠤ ( ᠣᠳᠤ ᠶᠢᠨ ᠢᠮᠢᠨ ᠰᠤᠮᠤ ᠶᠢᠨ ᠪᠢᠯᠡᠭᠦᠳᠤ ᠭᠠᠴᠠᠭ᠎ᠠ ᠶᠢᠨ ᠥᠭᠡᠷᠳᠤ ᠭᠠᠳᠤᠯᠭ᠎ᠠ ᠂ ᠰᠠᠡᠭᠵᠢᠨ ᠪᠣᠯᠠᠭ᠂ ᠬᠤᠴᠢᠬᠠᠨ ᠵᠡᠷᠭᠡ ᠭᠠᠵᠠᠷ ) ᠂ ᠵᠡᠭᠦᠡᠰᠢ ᠭᠦᠭᠡᠴᠢᠯᠡᠭᠤ ( ᠰᠢᠨᠡᠭᠡᠨ ᠵᠡᠭᠦᠨ ᠰᠤᠮᠤᠨ ᠤ ᠬᠠᠷᠠᠳᠤᠬᠤᠢ ᠶᠢᠨ ᠡᠮᠤᠨ᠎ᠡ ᠪᠠᠢ᠌ᠳᠠᠭ ᠬᠠᠳᠠᠳᠤ ᠠᠭᠤᠯᠠ ) ᠂ ᠪᠠᠷᠠᠭᠤᠠᠰᠢ ᠠᠭᠢᠳᠤ ᠶᠢᠨ ᠭᠦᠡᠳᠡᠢ ( ᠪᠠᠶᠠᠨ ᠬᠤᠰᠢᠭᠤ ᠂ ᠳᠠᠷᠪᠠᠭᠠᠨ ᠥᠵᠦᠭᠦᠷ ᠂ ᠬᠠᠭᠤᠷᠠᠢ ᠂ ᠳᠦᠷᠦᠭᠡᠨ ᠪᠣᠯᠠᠭ ᠵᠡᠷᠭᠡ ᠭᠠᠵᠠᠷ ᠪᠠᠭᠳᠠᠨ᠎ᠠ ) ᠭᠦᠷᠳᠡᠯᠡᠭᠢ ᠦᠩ  ᠰᠢᠮᠡᠯᠢᠭ᠌ ᠠᠭᠤᠳᠠᠮ ᠨᠤᠳᠤᠭ ᠲᠤ ᠦᠵᠢ ( ᠨᠢᠭᠡ) ᠂ ᠵᠠᠢ ( ᠬᠤᠶᠠᠷ ) ᠬᠤᠶᠠᠷ ᠰᠤᠮᠤ ᠲᠡᠶ ᠭᠦᠪᠠᠭᠡᠳᠤ ᠰᠢᠷ᠎ᠠ ᠬᠤᠰᠢᠭᠤ ᠶᠢ ᠪᠠᠢ᠌ᠭᠤᠯᠤᠨ ᠠᠵᠤ ᠲᠦᠷᠦᠵᠤ ᠪᠠᠢ᠌ᠭᠰᠠᠨ ᠶᠤᠮ ᠃ ᠳᠠᠷᠠᠭ᠎ᠠ ᠨᠢ 1757 ᠣᠨ ᠳᠤ ᠰᠢᠨ᠎ᠠ ᠥᠭᠡᠯᠡᠳ ᠨᠡᠭᠦᠳᠡᠯᠯᠡᠨ ᠢᠷᠠᠵᠤ ᠡᠨᠡ ᠭᠠᠵᠠᠷ ᠬᠤᠶᠠᠷ ᠰᠤᠮᠤ ᠳᠤ ᠬᠤᠪᠢᠶᠠᠭᠳᠠᠭᠰᠠᠨ ᠶᠤᠮ᠃

ᠥᠭᠡᠯᠡᠦᠡᠴᠦᠳ ᠠᠭᠤᠯᠠᠨ ᠳᠠᠭᠠᠨ ᠠᠩ ᠲᠡᠶ᠂ ᠣᠰᠤᠨ ᠳᠠᠭᠠᠨ ᠵᠢᠭᠠᠰᠤ ᠲᠡᠶ ᠡᠨᠡ ᠳᠠᠡᠭᠰᠤᠭ ᠨᠤᠳᠤᠭ ᠲᠤ ᠨᠡᠭᠦᠵᠤ ᠢᠷᠡᠭᠡᠤᠨ ᠮᠤᠩᠭ᠋ᠤᠯ ᠤᠨ ᠶᠢᠡᠨ ᠣᠳᠤᠮᠰᠢᠯᠳᠤ ᠶᠤᠰᠤ ᠪᠠᠷ ᠶᠢᠡᠨ ᠣᠯᠠᠨ ᠣᠪᠣᠭ᠎ᠠ ᠪᠣᠰᠬᠠᠨ ᠳᠠᠭᠢᠵᠤ ᠪᠠᠢ᠌ᠭᠰᠠᠨ ᠪᠦᠭᠡᠤᠨ 1739 ᠣᠨ ᠳᠤ ᠪᠠᠶᠠᠨ ᠬᠤᠰᠢᠭᠤ ᠣᠪᠣᠭ᠎ᠠ ᠪᠠᠨ ᠣᠷᠤᠠᠭᠰᠢ ᠨᠡᠭᠦᠯᠭᠡᠨ ᠠᠪᠴᠢᠷᠠᠭᠠᠤᠨ ᠡᠷᠳᠡᠨᠢ ᠪᠠᠳᠠᠷᠠᠬᠤ ᠣᠪᠣᠭ᠎ᠠ ᠭᠡᠮᠡᠨ ᠨᠠᠷᠠᠢ᠌ᠳᠤᠨ ᠪᠣᠰᠬᠠᠭᠰᠠᠨ ᠶᠤᠮ᠃ ᠡᠨᠡ ᠣᠪᠣᠭ᠎ᠠ ᠶᠢ ᠥᠭᠡᠯᠡᠳ ᠤᠨ ᠭᠦᠪᠠᠭᠡᠳᠤ ᠰᠢᠷ᠎ᠠ ᠬᠤᠰᠢᠭᠤ ᠳᠠᠶᠠᠭᠠᠷ ᠶᠢᠡᠨ ᠳᠠᠭᠢᠳᠠᠭ ᠪᠠᠢ᠌ᠭᠰᠠᠨ ᠪᠣᠯᠬᠤᠷ ᠬᠤᠰᠢᠭᠤ ᠣᠪᠣᠭ᠎ᠠ ᠭᠡᠵᠤ ᠨᠠᠷ᠎ᠠ ᠠᠯᠳᠠᠷᠰᠢᠵᠠᠢ ᠃ 1942 ᠣᠨ ᠶᠢᠡᠷ᠂ ᠶᠠᠫᠣᠨ ᠡᠵᠡᠷᠭᠡᠭ᠌ ᠳᠦᠷᠢᠮᠡᠭᠡᠢ᠌ᠳᠡᠨ ᠬᠠᠯᠳᠠᠪᠣᠷᠢᠳᠤ ᠬᠠᠯᠠᠭᠤᠨ ᠭᠢᠵᠢᠭ᠌ ᠳᠠᠷᠬᠠᠭᠠᠵᠤ᠂ ᠭᠦᠮᠤᠨ ᠮᠠᠯ ᠮᠠᠨᠢ ᠣᠯᠠᠨ ᠶᠢᠡᠷ ᠰᠥᠢᠦᠡᠭᠡᠭ᠍ᠳᠡᠭ᠍ᠰᠡᠨ ᠣᠷᠰᠢᠭ ᠶᠢᠡᠷ ᠦᠶ᠎ᠡ ᠣᠯᠠᠷᠢᠨ ᠳᠠᠭᠢᠵᠤ ᠢᠷᠡᠭ᠍ᠰᠡᠨ ᠡᠷᠳᠡᠨᠢ ᠪᠠᠳᠠᠷᠠᠬᠤ ᠣᠪᠣᠭ᠎ᠠ ᠪᠠᠨ 1945 ᠣᠨ ᠡᠴᠠ ᠳᠠᠭᠢᠬᠤ ᠪᠠᠨ ᠪᠣᠯᠢᠭᠠᠤᠨ1986 ᠣᠨ ᠳᠤ ᠣᠯᠠᠨ ᠤ ᠭᠦᠰᠡᠯ ᠰᠠᠨᠠᠯ ᠶᠢᠡᠷ ᠳᠠᠭᠢᠨ ᠰᠡᠷᠭᠦᠭᠡᠨ ᠳᠠᠭᠢᠭᠰᠠᠨ ᠪᠢᠯᠠ᠃ ᠣᠷᠳᠤ ᠶᠢᠨ ᠳᠡᠦᠭᠡ ᠲᠡᠶ ᠡᠷᠳᠡᠨᠢ ᠪᠠᠳᠠᠷᠠᠬᠤ ᠣᠪᠣᠭ᠎ᠠ ᠪᠣᠯ ᠢᠮᠢᠨ ᠤ ᠥᠭᠡᠯᠡᠦᠡᠴᠦᠳ ᠤᠨ ᠮᠠᠨᠢ ᠰᠢᠳᠤᠵᠤ ᠳᠠᠭᠢᠵᠤ ᠢᠷᠡᠭ᠍ᠰᠡᠨ ᠰᠤᠶᠤᠯ ᠤᠨ ᠨᠠᠠᠳᠢᠨ ᠦᠪ ᠪᠣᠯᠬᠤᠷ ᠭᠦᠯᠤᠨ ᠪᠣᠢ᠌ᠷ ᠤᠨ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠥᠭᠡᠯᠡᠳ ᠮᠤᠩᠭ᠋ᠤᠯ ᠤᠨ ᠰᠤᠶᠤᠯ ᠳᠡᠦᠭᠡ ᠶᠢ ᠰᠤᠳᠤᠯᠠᠬᠤ ᠨᠡᠢ᠌ᠭᠡᠮᠯᠢᠭ᠌ ᠡᠴᠠ ᠴᠢᠬᠤᠯᠠᠴᠢᠯᠠᠨ ᠦᠵᠡᠵᠤ᠂ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠳᠠᠪᠤᠨ ᠰᠠᠷ᠎ᠠ ᠶᠢᠨ ᠠᠷᠪᠠᠨ ᠭᠤᠷᠪᠠᠨ ᠳᠤ ᠳᠠᠭᠢᠬᠤ ᠶᠢ ᠰᠠᠨᠠᠭᠤᠯᠤᠨ᠂ ᠵᠠᠰᠠᠵᠤ ᠰᠢᠨᠡᠦᠡᠭᠡᠭᠦ ᠳᠤᠬᠠᠢ ᠳᠠᠷᠠᠭᠠᠭᠢ ᠮᠠᠳᠤ ᠶᠢᠨ ᠪᠣᠳᠠᠳᠤ ᠰᠠᠨᠠᠯ ᠢ ᠳᠤᠷᠠᠳᠤᠭᠰᠠᠨ ᠪᠢᠯᠠ᠃

ᠨᠢᠭᠡ᠂ ᠡᠷᠳᠡᠨᠢ ᠪᠠᠳᠠᠷᠠᠬᠤ ᠣᠪᠣᠭ᠎ᠠ ᠪᠠᠨ ᠭᠦᠯᠤᠨ ᠪᠣᠢ᠌ᠷ ᠲᠤ ᠠᠵᠤ ᠲᠦᠷᠦᠵᠤ ᠪᠠᠢ᠌ᠭ᠎ᠠ ᠪᠦᠭᠦ ᠥᠭᠡᠯᠡᠦᠡᠴᠦᠳ ( ᠶᠡᠭᠡ ᠮᠢᠩᠭ᠋ᠠᠨ ᠤ ᠥᠭᠡᠯᠡᠳ ᠢ ᠪᠠᠭᠳᠠᠭᠠᠨ᠎ᠠ ) ᠤᠨ ᠰᠦᠯᠳᠡ ᠣᠪᠣᠭ᠎ᠠ ᠪᠣᠯᠭᠠᠵᠤ᠂ ᠰᠥᠰᠦᠭ᠍ᠳᠡᠨ ᠪᠦᠭᠦᠨ ᠡᠴᠠ ᠪᠠᠳᠢᠷ ᠪᠠᠷᠢᠵᠤ ᠰᠢᠨᠡᠦᠡᠭᠡᠨ ᠪᠠᠢ᠌ᠭᠤᠯᠤᠨ᠎ᠠ᠃

ᠬᠤᠶᠠᠷ᠂ ᠬᠠᠭᠤᠴᠢᠨ ᠣᠪᠣᠭ᠎ᠠ ᠶᠢᠨ ᠪᠠᠢ᠌ᠷᠢ ᠰᠠᠭᠤᠷᠢ ᠶᠢ ᠭᠦᠳᠡᠯᠭᠡᠭᠦ ᠦᠭᠡᠶ ᠪᠠᠷ ᠰᠢᠨᠡᠦᠡᠭᠡᠨ ᠵᠠᠰᠠᠬᠤ ᠭᠡᠷᠡᠭ᠍ᠳᠡᠢ᠃

ᠭᠤᠷᠪᠠ᠂ ᠳᠤᠭ᠎ᠠ ᠪᠠ ᠥᠩᠭᠡ ᠶᠢᠨ ᠪᠠᠯᠭᠡᠳᠡᠯ ᠢ ᠡᠷᠭᠢᠮᠡᠯᠳᠡᠭ᠌ ᠮᠤᠩᠭ᠋ᠤᠯ ᠤᠨ ᠬᠠᠭᠤᠴᠢᠨ ᠶᠤᠰᠤ ᠵᠢᠷᠤᠮ ᠡᠷᠳᠡᠨᠢ ᠪᠠᠳᠠᠷᠠᠬᠤ ᠣᠪᠣᠭ᠎ᠠ ᠪᠠᠨ ᠰᠢᠨᠡᠦᠡᠭᠡᠨ ᠵᠠᠰᠠᠬᠤ ᠭᠡᠷᠡᠭ᠍ᠳᠡᠢ᠃ ᠡᠳᠡᠭᠡᠷ ᠰᠠᠨᠠᠯ ᠤᠨ ᠶᠢᠡᠨ ᠰᠠᠭᠤᠷᠢᠨ ᠳᠤ ᠳᠠᠷᠠᠭᠠᠭᠢ ᠵᠢᠷᠤᠭ ᠤᠨ ᠶᠢᠡᠨ ᠵᠢᠭᠠᠯᠳᠠ ᠶᠤᠰᠤ ᠪᠠᠷ ᠪᠠᠷᠢᠵᠤ ᠪᠠᠢ᠌ᠭᠤᠯᠤᠭᠰᠠᠨ ᠶᠤᠮ᠃

ᠡᠳᠡᠭᠡᠷ ᠵᠢᠷᠤᠭ ᠡᠴᠠ ᠡᠷᠳᠡᠨᠢ ᠪᠠᠳᠠᠷᠠᠬᠤ ᠣᠪᠣᠭ᠎ᠠ ᠪᠠᠨ ᠰᠢᠨᠡᠦᠡᠭᠡᠨ ᠪᠠᠢ᠌ᠭᠤᠯᠬᠤ ᠳᠠᠭᠠᠨ ᠳᠤᠭ᠎ᠠ ᠶᠢᠨ ᠬᠤᠪᠢ ᠳᠤ ᠨᠢᠭᠡ᠂ ᠭᠤᠷᠪᠡ᠂ ᠳᠦᠷᠪᠡ᠂ ᠳᠤᠯᠤᠭ᠎ᠠ᠂ ᠶ‍ᠢᠰᠤ᠂ ᠠᠷᠪᠠᠨ ᠭᠤᠷᠪᠠ ᠵᠡᠷᠭᠡ ᠳᠤᠭ᠎ᠠ ᠶᠢ ᠠᠩᠬᠠᠷᠤᠭᠰᠠᠨ ᠢ ᠮᠠᠳᠠᠵᠤ ᠪᠣᠯᠤᠨ᠎ᠠ᠃ ᠳᠠᠢ᠌ᠮᠤ ᠡᠴᠠ ᠶᠠᠮᠠᠷ ᠳᠤᠭ᠎ᠠ ᠨᠢ ᠶᠠᠭᠤ ᠶᠢ ᠪᠠᠯᠭᠡᠳᠡᠵᠤ ᠪᠠᠢ᠌ᠭ᠎ᠠ ᠳᠤᠬᠠᠢ ᠳᠤᠪᠴᠢ ᠳᠠᠨᠢᠯᠴᠠᠭᠤᠯᠤᠶ᠎ᠠ᠃

ᠨᠢᠭᠡ ᠭᠤᠤᠯ ᠣᠪᠣᠭ᠎ᠠ ᠡᠴᠠ ᠬᠤᠶᠠᠷ ᠱᠠᠪᠢ ᠣᠪᠣᠭ᠎ᠠ ᠶᠢ ᠨᠠᠢᠮᠠᠨ ᠵᠤᠪᠭᠢᠰ ᠤᠨ ᠵᠥᠭ᠌ ᠪᠦᠷᠢ ᠳᠤ ᠭᠤᠷᠪᠠ ᠭᠤᠷᠪᠠ ᠪᠠᠷ ᠴᠤᠪᠣᠷᠠᠭᠤᠯᠤᠨ ᠪᠣᠰᠬᠠᠭᠰᠠᠨ ᠠᠷᠪᠠᠨ ᠭᠤᠷᠪᠠᠨ ᠣᠪᠣᠭ᠎ᠠ ᠪᠣᠯ ᠠᠷᠪᠠᠨ ᠭᠤᠷᠪᠠᠨ ᠠᠳᠠᠭ᠎ᠠ ᠳᠡᠭ᠍ᠷᠢ ᠶᠢ ᠳᠦᠯᠦᠭᠡᠯᠡᠨ᠎ᠡ᠃ ᠣᠪᠣᠭᠠᠨ ᠳᠤ ᠠᠭᠤᠯᠤᠭᠳᠠᠭᠰᠠᠨ ᠡᠳᠡᠭᠡᠷ ᠳᠤᠭ᠎ᠠ ᠶᠢᠨ ᠳᠤᠳᠤᠷ᠎ᠠ ᠨᠢᠭᠡ ᠪᠣᠯ ᠨᠠᠷᠠ᠂ ᠴᠠᠭᠠᠨ ᠭᠡᠷᠡᠯᠳᠡᠨ᠂ ᠳᠦᠷᠰᠦ ᠶᠢ ; ᠭᠤᠷᠪᠠ ᠪᠣᠯ ᠭᠠᠯ ᠂ ᠶ‍ᠢᠷᠳᠢᠠᠴᠤ ᠡᠷᠳᠡᠮ ᠢ; ᠳᠦᠷᠪᠡ ᠪᠣᠯ ᠳᠠᠯᠠᠢ ᠂ ᠮᠤᠷᠢᠨ ᠂ ᠣᠰᠤᠨ ᠰᠠᠩ ᠠᠢ᠌ᠮᠠᠭ ᠢ ; ᠳᠤᠯᠤᠭ᠎ᠠ ᠪᠣᠯ ᠢᠯᠠᠭᠴᠢ᠂ ᠠᠭᠤᠯᠠ ᠂ ᠮᠤᠷᠢ ᠂ ᠡᠷᠳᠡᠨᠢ ᠶᠢ; ᠶ‍ᠢᠰᠤ ᠪᠣᠯ ᠢᠵᠠᠭᠤᠷ ᠂ ᠰᠠᠭᠤᠷᠢ ᠂ ᠴᠠᠭᠠᠵᠠ ᠂ ᠭᠦᠮᠦᠷᠭᠡ ᠶᠢ ; ᠠᠷᠪᠠᠨ ᠭᠤᠷᠪᠠ ᠪᠣᠯ ᠡᠯᠳᠡᠪ ᠳᠠᠷᠠᠭᠠᠯᠠᠯ᠂ ᠡᠭᠦᠰᠦᠯ ᠂ ᠭᠦᠰᠡᠯᠡᠩ ᠢ ᠪᠠᠯᠭᠡᠳᠡᠵᠤ ᠪᠠᠢ᠌ᠭ᠎ᠠ ᠶᠤᠮ᠃

ᠣᠪᠣᠭ᠎ᠠ ᠶᠢᠨ ᠭᠡᠢ᠌ᠮᠦᠷᠢ ᠰᠦᠯᠳᠡ ᠯᠦᠭᠡ ᠬᠤᠯᠪᠣᠭᠳᠠᠬᠤ ᠥᠩᠭᠡ ᠶᠢᠨ ᠪᠠᠯᠭᠡᠳᠡᠯ ᠤᠨ ᠳᠤᠬᠠᠢ ᠳᠤᠪᠴᠢ ᠳᠡᠮᠳᠡᠭᠯᠡᠭᠦ ᠳᠤ ᠴᠠᠭᠠᠨ ᠠᠵᠢᠷᠭ᠎ᠠ ᠶᠢᠨ ᠭᠦᠭᠦᠯ ᠪᠣᠶᠤ ᠳᠤᠭ ᠳᠠᠯ ᠶᠢᠡᠷ ᠭᠢᠵᠤ ᠪᠣᠰᠬᠠᠭᠰᠠᠨ ᠬᠤᠶᠠᠷ ᠳᠤᠭ ᠤᠨ ᠬᠤᠭᠤᠷᠤᠠᠳᠤᠭᠢ ᠵᠠᠯ᠎ᠠ ᠳᠤ ᠡᠯᠭᠦᠨ ᠨᠠᠮᠢᠷᠠᠭᠤᠯᠤᠭᠰᠠᠨ ᠭᠦᠭᠡ ᠂ ᠴᠠᠭᠠᠨ ᠂ ᠣᠯᠠᠭᠠᠨ ᠂ ᠰᠢᠷ᠎ᠠ ᠂ ᠨᠤᠭᠤᠭᠠᠨ ᠳᠠᠪᠤᠨ ᠥᠩᠭᠡ ᠶᠢᠨ ᠳᠠᠷᠴᠤᠭ ᠦᠪᠡᠷ ᠦᠪᠡᠷ ᠤᠨ ᠪᠠᠯᠭᠡᠳᠡᠯ ᠲᠡᠶ ᠶᠤᠮ ᠃

ᠨᠢᠭᠡ ᠂ ᠭᠦᠭᠡ ᠳᠠᠷᠴᠤᠭ ᠮᠥᠩᠭᠡ ᠳᠡᠭ᠍ᠷᠢ ᠶᠢᠨ ᠢᠯᠠᠭᠤᠭᠰᠠᠨ ᠭᠦᠭᠡ ᠥᠩᠭᠡ ᠪᠦᠭᠡᠤᠨ ᠮᠤᠩᠭ᠋ᠤᠯᠴᠤᠳ ᠤᠨ ᠠᠮᠢᠨ ᠰᠢᠳᠦᠭᠡᠨ᠂ ᠭᠦᠭᠡ ᠮᠤᠩᠭ᠋ᠤᠯ ᠤᠨ ᠪᠠᠯᠭᠡ ᠳᠡᠮᠳᠡᠭ᠌ ᠪᠣᠯᠤᠨ᠎ᠠ᠃ ᠭᠦᠭᠡ ᠥᠩᠭᠡ ᠨᠢ ᠵᠡᠭᠦᠨ ᠪᠠᠷᠠᠭᠤᠨ᠂ ᠳᠡᠭᠡᠷ᠎ᠡ ᠳᠤᠤᠷ᠎ᠠ᠂ ᠬᠠᠷ᠎ᠠ ᠴᠠᠭᠠᠨ ᠳᠡᠭ᠍ᠷᠢ ᠶᠢᠨ ᠨᠠᠢ᠌ᠯᠠᠪᠣᠷᠢ ᠣᠤᠠᠬ᠎ᠠ ᠪᠠᠷ ᠶᠢᠡᠨ ᠭᠦᠭᠡ ᠮᠥᠩᠭᠡ ᠳᠡᠭ᠍ᠷᠢ ᠶᠢᠨ ᠳᠦᠯᠦᠭᠡᠨ ᠤ ᠥᠩᠭᠡ ᠲᠡᠶ ᠬᠤᠯᠪᠣᠭᠳᠠᠵᠤ᠂ ᠦᠨᠢ ᠮᠥᠩᠭᠡ ᠂ ᠪᠠᠳᠤ ᠪᠠᠭᠢ᠂ ᠡᠷᠭᠢᠮ ᠳᠡᠭᠡᠳᠤ᠂ ᠠᠮᠤᠷ ᠳᠤᠭᠳᠠᠭᠤᠨ ᠢ ᠪᠠᠯᠭᠡᠳᠡᠨ᠎ᠡ ᠃ ᠮᠤᠩᠭ᠋ᠤᠯ ᠤᠨ ᠡᠵᠡᠡᠳᠤ ᠭᠦᠷᠤᠨ ᠤ ᠦᠶ᠎ᠡ ᠶᠢᠨ ᠬᠠᠷᠢᠶ᠎ᠠ ᠶᠡᠭᠡᠳᠤ ᠬᠠᠷ᠎ᠠ ᠳᠤᠭ ᠶ‍ᠢᠰᠤᠨ ᠭᠦᠭᠦᠯᠳᠤ ᠴᠠᠭᠠᠨ ᠳᠤᠭ ᠢ ᠳᠡᠭᠡᠳᠦᠯᠡᠨ ᠰᠢᠳᠤᠵᠤ ᠂ ᠭᠦᠭᠡ ᠮᠥᠩᠭᠡ ᠳᠡᠭ᠍ᠷᠢ ᠶᠢ ᠣᠰᠠᠭᠠᠭᠯᠠᠨ ᠳᠠᠭᠢᠳᠠᠭ ᠭᠦᠳᠡᠯᠭᠦ ᠶᠢᠨ ᠳᠡᠭᠡᠳᠤ ᠭᠦᠭᠡ ᠮᠤᠩᠭ᠋ᠤᠯᠴᠤᠳ ᠤᠨ ᠶᠠᠭ ᠡᠢ᠌ᠮᠦᠷᠭᠦᠤ ᠰᠠᠨᠠᠭ᠎ᠠ ᠪᠠᠯᠭᠡᠳᠡᠯ ᠲᠡᠶ ᠪᠠᠢ᠌ᠵᠠᠢ ᠃ ᠭᠦᠭᠡ ᠥᠩᠭᠡ ᠨᠢ ᠠᠷᠢᠭᠤᠨ ᠴᠠᠪᠠᠷ ᠂ ᠰᠠᠢ᠌ᠨ ᠰᠠᠢ᠌ᠬᠠᠨ ᠥᠩᠭᠡ ᠯᠦᠭᠡ ᠣᠶᠠᠯᠳᠤᠭᠠᠤᠨ᠂ ᠪᠠᠳᠠᠷᠠᠯ ᠭᠦᠭ᠍ᠵᠢᠯ ᠂ ᠭᠤᠤᠯ ᠲᠦᠪ ᠂ ᠦᠯᠵᠡᠢ ᠮᠥᠩᠭᠡ ᠶᠢ ᠪᠠᠯᠭᠡᠳᠡᠨ᠎ᠡ᠃

ᠬᠤᠶᠠᠷ᠂ ᠴᠠᠭᠠᠨ ᠳᠠᠷᠴᠤᠭ ᠳᠡᠭ᠍ᠵᠢᠷᠡᠨ ᠪᠠᠳᠠᠷᠠᠬᠤ᠂ ᠮᠠᠠᠳᠤᠨ ᠳᠡᠯᠭᠡᠷᠡᠭᠦ ᠂ ᠣᠷᠤᠰᠢᠨ ᠳᠤᠭᠳᠠᠨᠢᠬᠤ ᠂ ᠠᠷᠢᠭᠤᠨ ᠴᠠᠪᠠᠷ ᠂ ᠡᠷᠭᠢᠮ ᠳᠡᠭᠡᠳᠤ ᠂ ᠪᠠᠶᠠᠨ ᠳᠠᠡᠭᠰᠤᠭ᠂ ᠭᠡᠭᠡᠨ ᠳᠤᠩᠭ᠋ᠠᠯᠠᠭ ᠂ ᠠᠮᠢᠯᠠᠯ ᠠᠰᠨᠢᠯ ᠂ ᠭᠡᠰᠢᠭ᠌ ᠪᠣᠶᠠᠨ ᠢ ᠪᠠᠯᠭᠡᠳᠡᠨ᠎ᠡ ᠃ ᠶ‍ᠢᠰᠤᠨ ᠳᠡᠭ᠍ᠷᠢ ᠶᠢ ᠴᠠᠭᠠᠨ ᠠᠵᠢᠷᠭ᠎ᠠ ᠭᠦᠯᠦᠭᠯᠡᠭ᠍ᠰᠡᠨ᠂ ᠴᠠᠭᠠᠨ ᠬᠤᠪᠴᠠᠰᠤ ᠡᠮᠦᠰᠦᠭ᠍ᠰᠡᠨ᠂ ᠳᠤᠭ ᠪᠠᠷᠢᠭᠰᠠᠨ ᠪᠠᠭᠠᠳᠤᠷ ᠪᠣᠯᠭᠠᠨ ᠵᠢᠷᠤᠭᠰᠠᠨ ᠵᠢᠷᠤᠭ ᠪᠣᠢ᠃ ᠡᠨᠡ ᠵᠢᠷᠤᠭ ᠲᠤ ᠪᠦᠭᠡ ᠶᠢᠨ ᠱᠠᠰᠢᠨ ᠤ ᠦᠵᠡᠯ ᠣᠬᠠᠮᠰᠠᠷ ᠰᠢᠩᠬᠡᠭᠡᠵᠤ ᠪᠠᠢ᠌ᠬᠤ ᠶᠢᠨ ᠳᠠᠭᠠᠤ ᠳᠤ ᠴᠠᠭᠠᠨ ᠥᠩᠭᠡ ᠶᠢ ᠡᠷᠭᠢᠮᠯᠡᠳᠡᠭ᠌ ᠶᠤᠰᠤ ᠵᠠᠩᠰᠢᠯ ᠴᠤ ᠠᠭᠤᠯᠤᠭᠳᠠᠵᠤ ᠪᠠᠢ᠌ᠭ᠎ᠠ ᠶᠤᠮ᠃

ᠭᠤᠷᠪᠠ᠂ ᠰᠢᠷ᠎ᠠ ᠳᠠᠷᠴᠤᠭ ᠡᠭᠡ ᠵᠢᠷᠭᠤᠭᠠᠨ ᠵᠣᠢ᠌ᠯ ᠤᠨ ᠠᠮᠢᠳᠠᠨ ᠢ ᠵᠤᠭᠢᠴᠠᠭᠤᠯᠬᠤ ᠂ ᠲᠦᠷᠦ ᠲᠦᠪᠰᠢᠨ᠂ ᠲᠦᠮᠡᠨ ᠠᠮᠤᠭᠤᠯᠠᠩ᠂ ᠪᠠᠳᠤ ᠪᠦᠯᠭᠦᠮᠳᠡᠯ ᠲᠡᠶ ᠪᠠᠢ᠌ᠬᠤ ᠶᠢ ᠪᠠᠯᠭᠡᠳᠡᠨ᠎ᠡ᠃

ᠳᠦᠷᠪᠡ᠂ ᠣᠯᠠᠭᠠᠨ ᠳᠠᠷᠴᠤᠭ ᠡᠷᠭᠡ ᠴᠢᠯᠦᠭᠡ᠂ ᠴᠠᠭ ᠪᠠᠳᠠᠷᠠᠯ᠂ ᠵᠤᠯ ᠵᠢᠷᠭᠠᠯ ᠢ ᠪᠠᠯᠭᠡᠳᠡᠨ᠎ᠡ᠃

ᠳᠠᠪᠣ᠂ ᠨᠤᠭᠤᠭᠠᠨ ᠳᠠᠷᠴᠤᠭ ᠲᠦᠮᠡᠨ ᠪᠣᠳᠠᠰ ᠢ ᠠᠮᠢᠯᠠᠭᠤᠯᠤᠨ ᠪᠣᠢ᠌ᠵᠢᠭᠤᠯᠳᠠᠭ ᠡᠭᠡ ᠪᠠᠢ᠌ᠭᠠᠯᠢ ᠶᠢ ᠳᠦᠯᠦᠭᠡᠯᠡᠵᠤ᠂ ᠣᠷᠴᠢᠨ ᠠᠬᠤᠢ ᠪᠠ ᠭᠦᠮᠤᠨ ᠤ ᠬᠤᠭᠤᠷᠤᠠᠳᠤ ᠪᠠᠨ ᠡᠪ ᠨᠠᠢ᠌ᠷᠠᠮᠳᠠᠬᠤ ᠬᠠᠷᠢᠴᠠᠭ᠎ᠠ ᠶᠢ ᠪᠠᠯᠭᠡᠳᠡᠨ᠎ᠡ ᠃

ᠭᠡᠢ᠌ᠮᠦᠷᠢ ᠪᠣᠯ ᠭᠡᠢ ᠮᠤᠷᠢ ᠂ ᠰᠠᠯᠭᠢᠨ ᠭᠦᠯᠦᠭ᠌ ᠂ ᠬᠤᠪᠢᠯᠭᠠᠨ ᠭᠦᠯᠦᠭ᠌ ᠂ ᠴᠤᠭ ᠵᠤᠯᠢ ᠭᠡᠰᠡᠨ ᠣᠤᠠᠬ᠎ᠠ ᠲᠡᠶ᠃ ᠮᠠᠨ ᠤ ᠮᠤᠩᠭ᠋ᠤᠯᠴᠤᠳ ᠡᠷᠳᠡᠨ ᠡᠴᠠ ᠠᠪᠣᠭᠠᠤᠨ ᠪᠠᠳᠠᠷᠠᠨ ᠳᠡᠭ᠍ᠵᠢᠷᠡᠵᠤ ᠂ ᠮᠠᠠᠳᠤᠬᠤ ᠣᠢ᠌ᠯᠠᠰ ᠢ ᠭᠡᠢ᠌ᠮᠦᠷᠢ ᠲᠡᠶ ᠭᠡᠤᠨ ᠭᠡᠢ᠌ᠮᠦᠷᠢ ᠪᠠᠨ ᠭᠡᠢ᠌ᠰᠭᠡᠵᠤ ᠂ ᠭᠡᠰᠢᠭ᠌ ᠪᠣᠶᠠᠨ ᠶᠢᠡᠨ ᠳᠡᠯᠭᠡᠷᠡᠭᠦᠯᠭᠦ ᠶᠢ ᠡᠷᠭᠢᠮᠯᠡᠳᠡᠭ᠌᠃ ᠭᠡᠢ᠌ᠮᠦᠷᠢ ᠶᠢᠨ ᠵᠠᠯ᠎ᠠ ᠶᠢᠨ ᠳᠤᠬᠠᠢ ᠳᠤᠪᠴᠢ ᠳᠡᠮᠳᠡᠭᠯᠡᠭᠦ ᠳᠤ᠂ ᠵᠠᠯ᠎ᠠ ᠶᠢ ᠬᠠᠷ᠎ᠠ ᠭᠢᠯᠭᠠᠰᠤ ᠪᠠᠷ ᠳᠦᠷᠪᠡᠨ ᠮᠸᠲ᠋ᠷ ᠣᠷᠳᠤ ᠳᠠᠮᠤᠵᠤ ᠭᠢᠨ᠎ᠡ ᠃ ᠬᠠᠷ᠎ᠠ ᠪᠣᠯ ᠴᠠᠭᠠᠨ ᠯᠤᠭ᠎ᠠ ᠡᠰᠡᠷᠭᠦᠴᠡᠯᠳᠤᠨ ᠣᠷᠤᠰᠢᠳᠠᠭ ᠥᠩᠭᠡ ᠶᠤᠮ ᠃ ᠳᠠᠢ᠌ᠮᠤ ᠡᠴᠠ ᠵᠠᠯ᠎ᠠ ᠡᠶᠡᠷᠭᠦ ᠰᠥᠭᠡᠷᠭᠦ ᠂ ᠪᠠᠯᠭᠡ ᠢᠷᠸ᠎ᠠ᠂ ᠰᠥᠰᠦᠭ᠌ ᠪᠢᠰᠢᠷᠠᠯ ᠂ ᠰᠦᠯᠳᠡ ᠲᠠᠷᠤᠯᠭ᠎ᠠ ᠂ ᠭᠠᠯᠵᠠᠭᠤ ᠳᠤᠭᠰᠢᠤᠨ ᠵᠡᠷᠭᠡ ᠶᠢ ᠢᠯᠭᠠᠨ ᠳᠤᠳᠤᠤᠠᠬᠠᠵᠤ ᠂ ᠠᠯᠢᠪᠠ ᠮᠠᠭᠤ ᠶᠢ ᠨᠤᠮᠤᠬᠠᠤᠠᠬᠠᠨ ᠳᠠᠷᠤᠬᠤ ᠣᠮᠤᠭ ᠰᠦᠷ ᠢ ᠪᠠᠯᠭᠡᠳᠡᠨ᠎ᠡ ᠃

ᠡᠢ᠌ᠮᠦᠷᠭᠦᠤ ᠪᠠᠯᠭᠡ ᠳᠠᠮᠪᠠᠷᠢᠯ ᠢ ᠠᠭᠤᠯᠤᠬᠰᠡᠨ ᠡᠷᠳᠡᠨᠢ ᠪᠠᠳᠠᠷᠠᠬᠤ ᠣᠪᠣᠭ᠎ᠠ ᠪᠠᠨ ᠰᠡᠷᠭᠦᠭᠡᠨ ᠵᠠᠰᠠᠬᠤ ᠶᠢᠨ ᠬᠠᠮᠳᠤ᠂ ᠣᠪᠣᠭᠠᠨ ᠤ ᠡᠮᠤᠨ᠎ᠡ ᠳᠠᠭᠢᠯᠭ᠎ᠠ ᠶᠢᠨ ᠰᠢᠭᠦᠰᠤ ᠪᠠ ᠳᠠᠯᠠᠯᠭ᠎ᠠ ᠶᠢᠨ ᠵᠣᠢ᠌ᠯᠠᠰ ᠢ ᠳᠠᠯᠪᠢᠬᠤ ᠴᠢᠯᠠᠭᠤᠨ ᠳᠠᠪᠰᠢ ᠭᠢᠵᠤ᠂ ᠳᠤᠷᠠᠰᠬᠠᠯ ᠤᠨ ᠭᠦᠰᠢᠶ᠎ᠡ ᠰᠠᠢ᠌ᠯᠵᠤ ᠪᠣᠰᠬᠠᠪᠠ ᠃ ᠡᠨᠡ ᠭᠦᠰᠢᠶ᠎ᠡ ᠴᠢᠯᠠᠭᠤᠨ ᠤ ᠡᠮᠤᠨ᠎ᠡ ᠳᠠᠯ᠎ᠠ ᠳᠤ ᠣᠪᠣᠭᠠᠨ ᠤ ᠨᠠᠷ᠎ᠠ᠂ ᠨᠥᠭᠦᠭᠡ ᠭᠦᠰᠢᠶ᠎ᠡ ᠴᠢᠯᠠᠭᠤᠨ ᠤ ᠡᠮᠤᠨ᠎ᠡ ᠳᠠᠯ᠎ᠠ ᠳᠤ ᠣᠪᠣᠭᠠᠨ ᠤ ᠳᠣᠢ᠌ᠮᠤ᠂ ᠰᠡᠷᠭᠦᠭᠡᠨ ᠪᠠᠢ᠌ᠭᠤᠯᠤᠭᠰᠠᠨ ᠣᠨ ᠰᠠᠷ᠎ᠠ ᠡᠳᠦᠷ ᠢ ᠰᠠᠢ᠌ᠯᠵᠤ᠂ ᠠᠷᠤ ᠳᠠᠯ᠎ᠠ ᠳ᠋ᠤᠨᠢ ᠢᠮᠢᠨ ᠤ ᠥᠭᠡᠯᠡᠦᠡᠴᠦᠳ ᠤᠨ ᠣᠪᠣᠭ ᠪᠠ ᠭᠦᠮᠤᠨ ᠠᠮᠠ ᠶᠢᠨ ᠳᠤᠭ᠎ᠠ᠂ ᠣᠪᠣᠭ᠎ᠠ ᠶᠢ ᠰᠡᠷᠭᠦᠭᠡᠨ ᠪᠠᠢ᠌ᠭᠤᠯᠬᠤ ᠳᠤ ᠮᠢᠩᠭ᠋ᠠᠨ ᠳᠦᠭᠦᠷᠢᠭ᠌ ᠡᠴᠠ ᠳᠡᠭᠡᠭ᠍ᠰᠢ ᠥᠭᠯᠢᠭᠡ ᠡᠷᠭᠦᠭ᠍ᠰᠡᠳ ᠤᠨ ᠨᠠᠷ᠎ᠠ᠂ ᠭᠦᠰᠢᠶ᠎ᠡ ᠴᠢᠯᠠᠭᠤ ᠶᠢ ᠵᠥᠭᠡᠭᠡᠵᠤ ᠪᠣᠰᠬᠠᠬᠤ᠂ ᠥᠰᠦᠭ᠌ ᠰᠡᠢ᠌ᠯᠭᠦ ᠠᠵᠢᠯ ᠢ ᠭᠠᠷᠳᠠᠨ ᠭᠢᠭ᠍ᠰᠡᠨ ᠰᠤᠤᠬᠠᠨ ᠣᠪᠣᠭ ᠤᠨ ᠭᠡᠷᠡᠯᠳᠤ᠂ ᠪᠣᠯᠤᠳ᠂ ᠳᠠᠮᠤᠷ᠂ ᠬᠠᠰᠴᠢᠯᠠᠭᠤ ᠂ ᠣᠤᠠᠬᠤᠠᠪᠠᠶᠠᠷ ᠠᠬ᠎ᠠ ᠳᠡᠭᠦᠤ ᠳᠠᠪᠣ ᠶᠢᠨ ᠨᠠᠷ᠎ᠠ ᠶᠢ ᠰᠠᠢ᠌ᠯᠵᠤ ᠳᠤᠷᠠᠰᠬᠠᠯ ᠪᠣᠯᠭᠠᠪᠠ᠃ ᠳᠡᠭᠡᠭᠡᠤᠨ ᠳᠤᠷᠠᠳᠤᠭᠰᠠᠨ ᠡᠳᠦᠷ ᠲᠡᠭᠡᠨ ᠭᠦᠯᠤᠨ ᠪᠣᠢ᠌ᠷ ᠤᠨ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠥᠭᠡᠯᠡᠳ ᠮᠤᠩᠭ᠋ᠤᠯ ᠤᠨ ᠰᠤᠶᠤᠯ ᠳᠡᠦᠭᠡ ᠶᠢ ᠰᠤᠳᠤᠯᠠᠬᠤ ᠨᠡᠢ᠌ᠭᠡᠮᠯᠢᠭ᠌ ᠤᠨ ᠵᠢᠯᠤᠭᠤᠳᠤᠯᠭ᠎ᠠ ᠪᠠᠷ ᠰᠡᠷᠭᠦᠭᠡᠨ ᠪᠠᠢ᠌ᠭᠤᠯᠤᠭᠰᠠᠨ ᠡᠷᠳᠡᠨᠢ ᠪᠠᠳᠠᠷᠠᠬᠤ ᠣᠪᠣᠭ᠎ᠠ ᠪᠠᠨ ᠶᠡᠭᠡᠪᠠᠷ ᠳᠠᠭᠢᠵᠠᠢ᠃

ᠠᠩᠬᠠᠨ ᠤ ᠳᠠᠷᠠ ᠳᠠᠭᠢᠯᠭ᠎ᠠ ᠳᠤ ᠡᠷᠳᠡᠨᠢ ᠪᠠᠳᠠᠷᠠᠬᠤ ᠣᠪᠣᠭ᠎ᠠ ᠪᠠᠨ ᠰᠢᠨᠡᠦᠡᠭᠡᠨ ᠵᠠᠰᠠᠭᠰᠠᠨ ᠵᠤᠷᠢᠯᠭ᠎ᠠ ᠪᠠ ᠪᠠᠢ᠌ᠳᠠᠯ ᠢ ᠳᠤᠪᠴᠢ ᠳᠠᠨᠢᠯᠴᠠᠭᠤᠯᠤᠨ᠂ ᠰᠢᠨᠡᠦᠡᠭᠡᠭᠦ ᠠᠵᠢᠯ ᠳᠤ ᠬᠠᠠᠳᠢᠪ ᠡᠷᠭᠦᠭ᠍ᠰᠡᠨ ᠥᠭᠯᠢᠭᠡ ᠶᠢᠨ ᠡᠵᠡᠳ ᠤᠨ ᠨᠠᠷᠠᠰ ᠢ ᠨᠠᠢ᠌ᠳᠠᠯᠠᠵᠤ᠂ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠰᠢᠨᠡᠭᠡᠨ ᠰᠦᠮ᠎ᠡ ᠶᠢᠨ ᠭᠤᠡᠭᠭ᠎ᠠ᠂ ᠭᠡᠯᠢᠭ᠍ᠵᠡᠮᠰᠤ ᠂ ᠭᠡᠯᠢᠭ᠍ᠳᠡᠰᠢ ᠂ ᠭᠦᠭᠡᠨᠠᠭᠤᠷ ᠮᠤᠵᠢ ᠶᠢᠨ ᠭᠦᠮᠪᠦᠮ ᠭᠡᠢ᠌ᠤᠨ ᠤᠨ ᠯᠤᠪᠰᠠᠡᠭᠴᠤᠢᠯᠤᠮ ᠨᠡᠷ ᠤᠨ ᠵᠢᠷᠭᠤᠭᠠᠨ ᠯᠠᠮᠠ ᠨᠤᠮ ᠣᠩᠰᠢᠨ ᠂ ᠠᠭᠣᠢ᠌ᠳᠤ ᠂ ᠪᠠᠶᠠᠳᠠᠯ᠎ᠠ ᠂ ᠢᠮᠢᠨ ᠂ ᠪᠢᠯᠡᠭᠦᠳᠤ ᠵᠡᠷᠭᠡ ᠭᠠᠴᠠᠭ᠎ᠠ ᠪᠠ ᠭᠦᠯᠤᠨ ᠪᠣᠢ᠌ᠷ ᠤᠨ ᠡᠸᠡᠩᠭᠢ ᠦᠨᠳᠦᠰᠦᠳᠠᠨ ᠤ ᠥᠪᠠᠷᠳᠡᠭᠡᠨ ᠵᠠᠰᠠᠬᠤ ᠬᠤᠰᠢᠭᠤᠨ ᠤ ᠥᠭᠡᠯᠡᠳ ᠮᠤᠩᠭ᠋ᠤᠯ ᠤᠨ ᠰᠤᠶᠤᠯ ᠳᠡᠦᠭᠡ ᠶᠢ ᠰᠤᠳᠤᠯᠠᠬᠤ ᠨᠡᠢ᠌ᠭᠡᠮᠯᠢᠭ᠌ ᠡᠴᠠ ᠨᠢᠭᠡ ᠨᠢᠭᠡ ᠬᠠᠯᠠᠭᠤᠨ ᠬᠤᠰᠢᠭᠤᠳᠤ ᠬᠤᠨᠢᠨ ᠰᠢᠭᠦᠰᠤ ᠭᠠᠷᠭᠠᠨ ᠳᠠᠭᠢᠭᠰᠠᠨ ᠪᠢᠯᠠ ᠃ ᠳᠠᠭᠢᠯᠭ᠎ᠠ ᠶᠢᠨ ᠨᠠᠢ᠌ᠷ ᠲᠤ ᠣᠯᠤᠰ ᠂ ᠣᠷᠤᠨ ᠂ ᠠᠢ᠌ᠮᠠᠭ ᠂ ᠬᠤᠰᠢᠭᠤ ᠳᠠᠭᠠᠨ ᠠᠯᠳᠠᠷ ᠴᠤᠯᠠ ᠪᠠᠨ ᠮᠠᠳᠤᠭᠤᠯᠤᠭᠰᠠᠨ ᠢᠮᠢᠨ ᠤ ᠥᠭᠡᠯᠡᠳ ᠭᠤᠠᠴᠤᠭ ᠂ ᠰᠠᠨᠢᠴᠠᠷ ᠬᠤᠶᠠᠷ ᠪᠦᠭᠡ ᠪᠠᠨ ᠳᠠᠷᠬᠠᠯᠠᠵᠤ ᠂ ᠬᠠᠯᠠᠭᠤᠨ ᠬᠤᠰᠢᠭᠤᠳᠤ ᠪᠠᠷ ᠱᠠᠩᠨᠠᠪᠠ ᠃ ᠪᠠᠰᠠ ᠣᠪᠣᠭ᠎ᠠ ᠶᠢ ᠰᠢᠨᠡᠦᠡᠭᠡᠨ ᠵᠠᠰᠠᠬᠤ ᠠᠵᠢᠯ ᠳᠤ ᠢᠳᠠᠪᠭᠢᠳᠠᠢ ᠣᠷᠤᠯᠴᠠᠨ ᠂ ᠬᠠᠷᠠᠮ ᠦᠭᠡᠶ ᠳᠡᠮᠵᠢᠯᠭᠡ ᠥᠵᠡᠭᠦᠯᠦᠭ᠍ᠰᠡᠨ ᠳᠠᠮᠤᠷ ᠂ ᠭᠤᠮᠪᠣᠵᠠᠪ  ᠂ ᠰᠢᠵᠢᠷ ᠭᠤᠷᠪᠠ ᠶᠢ ᠨᠢᠭᠡ ᠨᠢᠭᠡ ᠬᠤᠨᠢ ᠪᠠᠷ ᠭᠦᠭᠢᠭᠦᠯᠤᠨ ᠱᠠᠩᠨᠠᠵᠤ ᠂ ᠭᠤᠮᠪᠣᠵᠠᠪ ᠂ ᠰᠢᠵᠢᠷ ᠬᠤᠶᠠᠷ ᠢ ᠣᠪᠣᠭ᠎ᠠ ᠳ᠋ᠠ (ᠲᠠᠷᠤᠭ᠎ᠠ) ᠪᠠᠷ ᠳᠤᠮᠢᠯᠠᠭᠰᠠᠨ ᠪᠢᠯᠠ ᠃

ᠣᠪᠣᠭ᠎ᠠ ᠨᠠᠢ᠌ᠷ ᠲᠤ ᠡᠷ᠎ᠡ ᠶᠢᠨ ᠭᠤᠷᠪᠠᠨ ᠨᠠᠭᠠᠳᠤᠮ ᠢ ᠡᠷᠡᠮᠪᠡ ᠲᠡᠶ ᠭᠢᠵᠤ᠂ ᠣᠪᠣᠭᠠᠨ ᠤ ᠪᠠᠨ ᠡᠵᠡᠳ᠂ ᠠᠭᠤᠯᠠ ᠣᠰᠤᠨ ᠤ ᠪᠠᠨ ᠨᠠᠪᠳᠠᠭ ᠰᠠᠪᠳᠠᠭ ᠢ ᠪᠠᠶᠠᠰᠬᠠᠨ᠂ ᠠᠷᠠᠤᠨ ᠣᠯᠠᠨ ᠤ ᠪᠠᠨ ᠰᠠᠤᠠᠭᠢᠯ ᠢ ᠰᠡᠷᠭᠦᠭᠡᠵᠡᠢ᠃ ᠣᠪᠣᠭ᠎ᠠ ᠳᠠᠭᠢᠪᠠᠯ ᠪᠣᠷᠤᠭ᠎ᠠ ᠣᠷᠤᠳᠠᠭ ᠭᠡᠵᠤ ᠮᠤᠩᠭ᠋ᠤᠯᠴᠤᠳ ᠢᠳᠡᠭᠡᠵᠤ ᠢᠷᠡᠭ᠍ᠰᠡᠨ ᠶᠤᠮ᠃ ᠢᠳᠡᠭᠡᠭ᠍ᠰᠡᠨ ᠶᠤᠰᠤ ᠪᠠᠷ ᠮᠠᠨᠢ ᠳᠠᠭᠢᠯᠭ᠎ᠠ ᠶᠢᠨ ᠵᠠᠭᠤᠷ᠎ᠠ ᠪᠣᠷᠤᠭ᠎ᠠ ᠱᠠᠭᠢᠵᠤ᠂ ᠡᠭᠡ ᠵᠢᠷᠭᠤᠭᠠᠨ ᠲᠦᠷᠦᠯ ᠤᠨ ᠠᠮᠢᠳᠠᠨ ᠢ ᠷᠠᠰᠢᠶᠠᠯᠠᠨ᠂ ᠲᠦᠮᠡᠨ ᠪᠣᠳᠠᠰ ᠳᠡᠭᠦᠰ ᠠᠮᠢᠯᠠᠭᠰᠠᠨ ᠮᠠᠳᠤ ᠪᠠᠷ ᠳᠠᠪᠤᠨ ᠥᠩᠭᠡ ᠶᠢᠨ ᠰᠤᠯᠤᠡᠭᠭ᠎ᠠ ᠳᠠᠳᠠᠵᠤ᠂ ᠳᠦᠷᠪᠡᠨ ᠵᠥᠭ᠌ ᠨᠠᠢᠮᠠᠨ ᠵᠤᠪᠭᠢᠰ ᠡᠴᠠ ᠮᠤᠷᠢᠯᠠᠨ ᠰᠠᠭᠠᠳᠠᠭᠰᠠᠨ ᠳᠠᠭᠢᠭᠴᠢᠤᠨ ᠮᠠᠨᠢ ᠪᠠᠶᠠᠷ ᠭᠦᠷ ᠲᠡᠶ ᠪᠣᠴᠠᠵᠠᠭᠠᠭᠰᠠᠨ ᠨᠢ ᠣᠳᠤ ᠪᠣᠳᠤᠬᠤ ᠳᠤ ᠨᠢᠳᠤᠨ ᠳᠤ ᠬᠠᠷᠠᠭᠳᠠᠨ᠎ᠠ᠃ ᠳᠠᠢ᠌ᠮᠤ ᠶᠢᠨ ᠣᠴᠢᠷ ᠡᠴᠠ ᠡᠷᠳᠡᠨᠢ ᠪᠠᠳᠠᠷᠠᠬᠤ ᠣᠪᠣᠭ᠎ᠠ ᠪᠠᠨ ᠰᠢᠨᠡᠦᠡᠭᠡᠨ ᠵᠠᠰᠠᠬᠤ ᠠᠵᠢᠯ ᠢ ᠪᠠᠶ᠎ᠠ ᠰᠠᠤᠠᠭᠢᠯ ᠶᠢᠡᠷ ᠶᠢᠡᠨ ᠳᠠᠮᠨᠠᠨ ᠳᠡᠦᠡᠭᠦᠭ᠍ᠰᠡᠨ ᠪᠦᠭᠦ ᠰᠥᠰᠦᠭ᠍ᠳᠡᠨ ᠳᠡᠭᠡᠨ ᠳᠠᠯᠠᠷᠠᠬᠠᠵᠤ ᠪᠠᠢ᠌ᠭ᠎ᠠ ᠪᠠᠨ ᠳᠠᠰᠢᠷᠠᠮ ᠢᠯᠡᠷᠡᠭᠡᠢ᠌ᠯᠡᠭᠦ ᠶᠢᠨ ᠬᠠᠮᠳᠤ ᠨᠤᠳᠤᠭ ᠣᠰᠤ ᠳᠠᠭᠠᠨ ᠬᠠᠢ᠌ᠷᠠᠳᠠᠢ ᠥᠭᠡᠯᠡᠳ ᠮᠤᠩᠭ᠋ᠤᠯᠴᠤᠳ ᠮᠠᠨᠢ ᠣᠯᠠᠮ ᠶᠢᠡᠷ ᠭᠦᠭ᠍ᠵᠢᠨ ᠪᠠᠳᠠᠷᠠᠵᠤ ᠨᠢᠬᠳᠠᠷᠠᠨ ᠪᠦᠯᠭᠦᠮᠳᠡᠭᠡᠤᠨ ᠣᠷᠤᠨ ᠨᠤᠳᠤᠭ ᠶᠢᠡᠨ ᠭᠦᠭ᠍ᠵᠢᠭᠦᠯᠵᠤ ᠂ ᠦᠷ᠎ᠡ ᠭᠡᠦᠭᠡᠤᠨ ᠶᠢᠡᠨ ᠡᠷᠡᠭᠦᠯ ᠴᠢᠭᠢᠷᠠᠭ ᠂ ᠶᠤᠰᠤ ᠲᠡᠶ ᠨᠤᠮ ᠲᠡᠶ ᠥᠰᠭᠡᠨ ᠪᠣᠢ᠌ᠵᠢᠭᠤᠯᠬᠤ ᠶᠢ ᠵᠦᠩᠨᠠᠨ ᠢᠷᠦᠭᠡᠶ᠎ᠡ ︕

ᠣᠸᠮ ᠰᠠᠢ᠌ᠬᠠᠨ ᠠᠮᠤᠭᠤᠯᠠᠩ ᠪᠣᠯᠬᠤ ᠪᠣᠯᠳᠤᠭᠠᠢ

ᠡᠷᠭᠢᠮ ᠴᠢᠨᠠᠷ ᠤᠨ ᠠᠷᠢᠭᠤᠨ ᠣᠷᠳᠤᠨ ᠡᠴᠠ

ᠡᠷᠳᠡᠮ ᠴᠤᠬᠠᠭ ᠭᠤᠷᠪᠠᠨ ᠳᠡᠭᠡᠳᠤ ᠠᠪᠳᠠᠭ

ᠢᠳᠠᠳᠠᠨ ᠪᠠ ᠨᠤᠮ ᠤᠨ ᠰᠦᠯᠳᠡ ᠰᠠᠭᠢᠭᠤᠰᠤ ᠢᠷᠠᠮᠤ ︕

ᠦᠨᠳᠦᠰᠦ ᠨᠠᠪᠳᠠᠭ ᠶᠢᠡᠨ ᠠᠷᠢᠭᠤᠯᠵᠤ ᠪᠠᠢ᠌ᠨᠠᠮ

ᠣᠠᠴᠠᠭᠠᠢ᠌ᠯᠠᠨ ᠴᠢᠳᠠᠮᠤᠨᠢ ᠡᠷᠳᠡᠨᠢ ᠶᠢᠨ ᠣᠪᠣᠭ᠎ᠠ ᠪᠠᠨ

ᠣᠷᠤᠨ ᠤ ᠰᠦᠯᠳᠡ ᠨᠠᠪᠳᠠᠭ ᠶᠢᠡᠨ ᠳᠠᠭᠢᠵᠤ ᠪᠠᠢ᠌ᠨᠠᠮ

ᠠᠷᠢᠭᠤᠯᠠᠬᠤ ᠰᠠᠩ ᠤᠨ ᠳᠠᠭᠢᠯᠭ᠎ᠠ ᠶᠢ ᠣᠭᠢᠭᠤᠯᠤᠭᠠᠤᠨ

ᠠᠳᠠ ᠳᠦᠢᠦᠡᠭᠡᠷ ᠪᠠᠷᠴᠢᠤᠨ ᠢ ᠠᠷᠢᠯᠭ᠎ᠠ

ᠠᠷᠪᠠᠨ ᠪᠣᠶᠠᠨ ᠢ ᠴᠤᠭᠯᠠᠷᠠᠭᠤᠯᠤᠨ ᠳᠡᠯᠭᠡᠷᠡᠭᠦᠯᠤᠨ

ᠠᠯᠢᠪᠠ ᠪᠣᠶᠠᠨ ᠭᠢᠳᠡᠭ᠌ ᠤᠨ ᠵᠣᠢ᠌ᠯ ᠢ ᠰᠤᠶᠤᠷᠬ᠎ᠠ ︕

ᠬᠤᠤᠷᠠᠯᠠᠭᠴᠢ ᠮᠠᠭᠤ ᠳᠠᠢ᠌ᠰᠤᠨ ᠪᠦᠭᠦᠨ ᠢ ᠳᠠᠷᠤᠭᠳᠤᠨ ︕

ᠬᠤᠳᠠᠯᠠ ᠪᠣᠶᠠᠨ ᠤ ᠵᠣᠢ᠌ᠯ ᠪᠦᠭᠦᠨ  ᠢ ᠰᠤᠶᠤᠷᠠᠬ᠎ᠠ ︕

ᠰᠠᠨᠠᠭᠰᠠᠨ ᠶᠤᠰᠤ ᠪᠠᠷ ᠭᠡᠢ᠌ᠮᠦᠷᠢ ᠶᠢ ᠮᠠᠠᠳᠤᠭᠤᠯ ︕

ᠦᠷᠠᠰ ᠪᠦᠭᠦᠨ ᠢ ᠶ‍ᠢᠷᠳᠢᠠᠴᠤ ᠳᠤ ᠡᠯᠪᠠᠭ᠍ᠵᠢᠭᠦᠯᠤᠨ

ᠥᠷᠭᠦᠯᠵᠢᠳᠡ ᠰᠠᠨᠠᠭᠰᠠᠨ ᠶᠤᠰᠤ ᠪᠠᠷ ᠠᠷᠪᠢᠤᠠᠬ᠎ᠠ ︕

ᠦᠯᠵᠡᠢ ᠬᠤᠳᠤᠭ ᠠᠮᠤᠷ ᠲᠦᠪᠰᠢᠨ ᠵᠢᠠᠷ

ᠥᠷᠭᠦᠯᠵᠢᠳᠡ ᠶᠢᠨ ᠵᠢᠷᠭᠠᠯ ᠮᠥᠩᠭᠡ ᠪᠣᠯᠳᠤᠭᠠᠢ ︕


ᠵᠤᠬᠢᠶᠠᠭᠴᠢ ᠶᠢᠨ ᠬᠠᠶ‍ᠢᠭ ᠄ ᠡᠸᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ · ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1644
ᠴᠠᠭ᠄ 2015 ᠤᠨ ᠤ 07 ᠰᠠᠷ᠎ᠠ ᠶᠢᠨ 30
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠤᠶᠤᠯ ᠣᠷᠠᠯᠢᠭ - ᠡᠷᠳᠡᠨᠢ ᠪᠠᠳᠠᠷᠠᠬᠤ ᠤᠪᠤᠭ᠎ᠠ ᠶᠢ ᠰᠢᠨᠡᠳᠭᠡᠨ ᠲᠠᠬᠢᠭᠰᠠᠨ ᠲᠤᠢ᠌ᠮᠤ