ᠬᠤᠷᠴᠢᠨ ᠮᠤᠩᠭ᠋ᠤᠯᠴᠤᠳ ᠤᠨ ᠣᠪᠣᠭ᠎ᠠ ᠶᠢᠨ ᠳᠠᠭᠢᠯᠭ᠎ᠠ

ᠡᠷᠳᠡ ᠣᠵᠠᠭᠤᠷ ᠦᠶ᠎ᠡ ᠡᠴᠡ ᠠᠪᠣᠭᠠᠤᠨ ᠳᠡᠭ᠍ᠷᠢ ᠡᠴᠢᠭᠡᠳᠤ ᠮᠤᠩᠭ᠋ᠤᠯᠴᠤᠳ ᠮᠠᠨᠢ ᠦᠨᠳᠦᠷ ᠭᠠᠵᠠᠷ ᠰᠢᠳᠦᠭᠡᠨ ᠣᠪᠣᠭ᠎ᠠ ᠪᠠᠨ ᠪᠣᠰᠬᠠᠵᠤ ᠡᠴᠢᠭᠡ ᠳᠡᠭ᠍ᠷᠢ ᠲᠡᠶ ᠪᠠᠨ ᠬᠠᠷᠢᠴᠠᠨ᠂ ᠦᠷᠭᠡᠨ ᠳᠠᠯ᠎ᠠ ᠳᠤ ᠮᠤᠩᠭ᠋ᠤᠯ ᠭᠡᠷ ᠶᠢᠡᠨ ᠪᠠᠢ᠌ᠭᠤᠯᠵᠤ᠂ ᠮᠠᠯᠵᠢᠬᠤ ᠠᠮᠢᠳᠤᠷᠠᠯ ᠶᠢᠡᠨ ᠡᠷᠭᠢᠯᠡᠭᠡᠳ ᠭᠦᠯᠦᠭ᠌ ᠤᠨ ᠨᠢᠷᠤᠭᠤᠨ ᠳᠡᠭᠡᠷ᠎ᠡ ᠭᠦᠮᠤᠨ ᠤ ᠶ‍ᠢᠷᠳᠢᠠᠴᠤ ᠶᠢ ᠬᠤᠷᠢᠶᠠᠵᠤ ᠶᠠᠪᠣᠭᠰᠠᠨ ᠢᠷᠠᠭᠤ ᠠᠯᠳᠠᠷᠳᠤ ᠳᠡᠦᠭᠡ ᠲᠡᠶ ᠶᠤᠮ᠃

ᠣᠪᠣᠭ᠎ᠠ ᠪᠣᠯ ᠮᠤᠩᠭ᠋ᠤᠯᠴᠤᠳ ᠤᠨ ᠡᠷᠳᠡ ᠢᠵᠠᠭᠤᠷ ᠤᠨ ᠡᠪᠦᠭᠡ ᠳᠡᠭᠡᠳᠦᠰ ᠡᠴᠡ ᠣᠯᠠᠮᠵᠢᠯᠠᠭᠰᠠᠨ ᠵᠥᠭ᠌ ᠴᠢᠭᠯᠡᠯ᠂ ᠠᠭᠤᠯᠠ ᠣᠰᠤᠨ ᠤ ᠬᠠᠭᠤᠯᠪᠣᠷᠢ᠂ ᠭᠤᠤ ᠭᠠᠩᠭ᠋᠎ᠠ᠂ ᠪᠠᠷᠭᠡ ᠪᠠᠷᠳᠠᠭᠠᠨ ᠤ ᠳᠡᠮᠳᠡᠭ᠌ ᠶᠤᠮ᠂ ᠮᠦᠨ ᠴᠤ ᠮᠤᠩᠭ᠋ᠤᠯᠴᠤᠳ ᠤᠨ ᠦᠨᠢ ᠣᠳᠠᠭᠠᠨ ᠤ ᠳᠡᠭ᠍ᠷᠢ ᠭᠠᠵᠠᠷ᠂ ᠣᠰᠤ ᠯᠤᠤᠰ᠂ ᠪᠣᠷᠬᠠᠨ ᠰᠠᠭᠢᠭᠤᠯᠰᠤᠨ ᠳᠤ ᠳᠠᠭᠢᠯ ᠳᠠᠪᠢᠭ ᠡᠷᠭᠦᠳᠡᠭ᠌ ᠶᠠᠠᠳᠠᠷ ᠪᠣᠯᠤᠨ᠎ᠠ᠃ ᠮᠤᠩᠭ᠋ᠤᠯᠴᠤᠳ ᠤᠨ ᠡᠷᠳᠡᠨ ᠤ ᠡᠪᠦᠭᠡ ᠳᠡᠭᠡᠳᠦᠰ ᠠᠭᠤᠯᠠ ᠣᠰᠤ᠂ ᠪᠠᠷᠭᠡ ᠪᠠᠷᠳᠠᠭ᠎ᠠ᠂ ᠭᠠᠳᠠᠭ᠎ᠠ ᠪᠠᠷ ᠵᠤᠷᠴᠢᠬᠤ ᠳᠤ ᠪᠠᠨ ᠭᠡᠳᠤᠨ ᠴᠢᠯᠠᠭᠤ ᠮᠤᠳᠤ ᠣᠪᠣᠭᠠᠯᠠᠵᠤ ᠳᠡᠮᠳᠡᠭ᠌ ᠳᠠᠯᠪᠢᠳᠠᠭ ᠪᠠᠢ᠌ᠵᠠᠢ᠃ ᠪᠠᠰᠠ ᠳᠡᠭ᠍ᠷᠢ ᠭᠠᠵᠠᠷ ᠪᠣᠶᠤ ᠪᠠᠢ᠌ᠭᠠᠯᠢ ᠶᠢᠨ ᠶᠠᠩᠵᠤ ᠪᠦᠷᠢ ᠶᠢᠨ ᠥᠵᠡᠭ᠍ᠳᠡᠯ ᠢ ᠡᠯᠳᠡᠪ ᠶᠢᠡᠷ ᠳᠠᠭᠠᠭᠠᠮᠠᠭᠯᠠᠵᠤ᠂ ᠳᠡᠭᠦᠨ ᠢ ᠪᠦᠷ ᠨᠢᠭᠤᠴᠠ ᠳᠠᠯᠳᠠ ᠶᠢᠨ ᠷᠢᠳᠢ ᠰᠢᠳᠢ ᠲᠡᠶ ᠡᠵᠡᠳ ᠰᠠᠭᠢᠭᠤᠯᠰᠤᠨ ᠲᠡᠶ ᠭᠡᠵᠤ ᠳᠦᠰᠦᠭᠡᠯᠡᠵᠤ ᠢᠳᠡᠭᠡᠭᠡᠳ ᠭᠡᠳᠤᠨ ᠴᠢᠯᠠᠭᠤ ᠣᠪᠣᠭᠠᠯᠠᠵᠤ ᠪᠠᠯᠠᠷᠯᠢᠭ ᠦᠶ᠎ᠡ ᠶᠢᠨ ᠳᠠᠭᠢᠯ ᠮᠦᠷᠭᠦᠯ ᠣᠢ᠌ᠯᠠᠳᠴᠤ ᠪᠠᠢ᠌ᠵᠠᠢ᠃ ᠢᠩᠭᠢᠭᠡᠳ ᠡᠨᠡᠭᠦ ᠣᠪᠣᠭ᠎ᠠ ᠨᠢ ᠮᠤᠩᠭ᠋ᠤᠯᠴᠤᠳ ᠤᠨ ᠳᠡᠭ᠍ᠷᠢ᠂ ᠭᠠᠵᠠᠷ᠂ ᠯᠤᠤᠰ ᠢ ᠰᠢᠳᠤᠵᠤ ᠳᠠᠭᠢᠬᠤ ᠶᠠᠠᠳᠠᠷ ᠪᠣᠯᠵᠠᠢ᠃ ᠮᠤᠩᠭ᠋ᠤᠯᠴᠤᠳ ᠤᠨ ᠣᠪᠣᠭ᠎ᠠ ᠳᠠᠭᠢᠯᠭ᠎ᠠ ᠪᠣᠯ ᠮᠦᠨ ᠴᠤ ᠠᠭᠤᠯᠠ ᠬᠠᠢ᠌ᠷᠬᠠᠨ᠂ ᠭᠤᠤᠯ ᠣᠰᠤ᠂ ᠡᠪᠠᠰᠤ ᠮᠤᠳᠤ ᠪᠠᠨ ᠬᠠᠢ᠌ᠷᠠᠯᠠᠨ ᠬᠠᠮᠠᠭᠠᠯᠠᠭᠰᠠᠨ ᠴᠢᠬᠤᠯᠠ ᠠᠵᠢᠯᠯᠠᠭᠠᠨ ᠪᠣᠯᠬᠤ ᠶᠤᠮ᠃ ᠮᠤᠩᠭ᠋ᠤᠯᠴᠤᠳ ᠤᠨ ᠣᠪᠣᠭ᠎ᠠ ᠪᠣᠰᠬᠠᠵᠤ ᠳᠠᠭᠢᠯ ᠳᠠᠪᠢᠭ ᠡᠷᠭᠦᠳᠡᠭ᠌ ᠵᠠᠩ ᠣᠢ᠌ᠯᠠ ᠭᠡᠳᠤᠨ ᠮᠢᠩᠭ᠋ᠠᠨ ᠵᠢᠯ ᠤᠨ ᠳᠡᠦᠭᠡ ᠲᠡᠶ ᠪᠣᠯᠵᠠᠢ᠃ ᠭᠢᠩᠭ᠋ᠠᠨ ᠠᠢ᠌ᠮᠠᠭ ᠤᠨ ᠡᠯ᠎ᠡ ᠬᠤᠰᠢᠭᠤᠳ ᠦᠪᠡᠷ ᠦᠪᠡᠷ ᠤᠨ ᠣᠪᠣᠭ᠎ᠠ ᠲᠡᠶ ᠪᠠᠷ ᠪᠠᠷᠠᠬᠤ ᠦᠭᠡᠶ᠂ ᠡᠯ᠎ᠡ ᠰᠤᠮᠤ ᠪᠠᠯᠭᠠᠰᠤ ᠠᠢ᠌ᠯ ᠳᠤᠰᠬᠤᠨ ᠨᠢ ᠴᠤ ᠣᠪᠣᠭ᠎ᠠ ᠲᠡᠶ ᠪᠠᠢ᠌ᠳᠠᠭ᠃

ᠣᠪᠣᠭ᠎ᠠ ᠳᠠᠭᠢᠯᠭ᠎ᠠ ᠪᠣᠯ ᠪᠦᠭᠡ ᠶᠢᠨ ᠱᠠᠰᠢᠨ ᠢ ᠰᠢᠳᠦᠳᠡᠭ᠌ ᠮᠤᠩᠭ᠋ᠤᠯᠴᠤᠳ ᠤᠨ ᠣᠵᠠᠭᠤᠷ ᠰᠤᠶᠤᠯ ᠮᠦᠨ᠃ ᠮᠤᠩᠭ᠋ᠤᠯᠴᠤᠳ ᠳᠡᠭ᠍ᠷᠢ᠂ ᠭᠠᠵᠡᠷ᠂ ᠯᠤᠦᠰ ᠢ ᠭᠤᠷᠪᠠᠨ ᠶ‍ᠢᠷᠳᠢᠠᠴᠤ ᠭᠡᠵᠤ ᠭᠦᠡᠳᠦᠳᠭᠡᠨ ᠰᠢᠳᠦᠭᠦ ᠪᠦᠭᠡᠳ ᠬᠠᠮᠤᠭ ᠴᠢᠬᠤᠯᠠ ᠨᠢ ᠳᠡᠭ᠍ᠷᠢ ᠶᠢ 《ᠮᠥᠩᠭᠡ ᠳᠡᠭ᠍ᠷᠢ ᠶᠢᠨ ᠭᠦᠴᠦᠡ ᠲ᠋ᠦᠷ ᠁》 ᠭᠡᠵᠤ ᠰᠢᠳᠦᠳᠡᠭ᠌ ᠨᠢ ᠮᠦᠨ ᠴᠤ ᠪᠦᠭᠡ ᠶᠢᠨ ᠱᠠᠰᠢᠨ ᠲᠡᠶ ᠰᠢᠭᠤᠳ ᠬᠤᠯᠪᠣᠭᠳᠠᠨ᠎ᠠ᠃ ᠪᠦᠭᠡ ᠶᠢ ᠳᠡᠭ᠍ᠷᠢ ᠶᠢᠨ ᠡᠯᠴᠢ᠂ ᠳᠡᠭ᠍ᠷᠢ ᠪᠠ ᠭᠦᠮᠤᠨ ᠤ ᠬᠤᠭᠤᠷᠤᠠᠳᠤᠭᠢ ᠵᠠᠭᠤᠴᠢ ᠭᠡᠵᠤ ᠥᠵᠡᠳᠡᠭ᠌᠃ ᠪᠦᠭᠡ ᠶᠢᠨ ᠥᠭᠡ ᠪᠣᠯ ᠳᠠᠷᠤᠢ ᠠᠯᠢᠪᠠ ᠶᠢ ᠪᠦᠳᠦᠭᠡᠭ᠍ᠴᠢ ᠳᠡᠭ᠍ᠷᠢ ᠶᠢᠨ ᠲᠦᠯᠦᠭᠡᠯᠡᠭ᠍ᠰᠡᠨ ᠥᠭᠡ ᠭᠡᠨ᠎ᠡ᠃ ᠳᠤᠬᠠᠢ ᠶᠢᠨ ᠦᠶ᠎ᠡ ᠶᠢᠨ ᠪᠦᠭᠡ ᠪᠣᠯ ᠭᠦᠮᠦᠰ ᠤᠨ ᠰᠡᠳᠭᠢᠯ ᠳᠤ ᠬᠠᠮᠤᠭ ᠪᠢᠰᠢᠷᠡᠭᠦᠰᠢᠳᠡᠢ ᠶᠡᠭᠡ ᠡᠷᠳᠡᠮᠳᠡᠨ ᠮᠦᠨ᠃ ᠳᠡᠳᠡᠭᠡᠷ ᠠᠯᠳᠠᠷ ᠭᠦᠡᠳᠦᠳᠡᠢ ᠪᠦᠭᠡ ᠨᠡᠷ ᠨᠢ ᠡᠪᠡᠳᠴᠢᠨ ᠥᠵᠡᠭᠦ᠂ ᠵᠠᠶᠠᠭ᠎ᠠ ᠪᠣᠳᠤᠬᠤ᠂ ᠲᠦᠯᠭᠡ ᠥᠵᠡᠭᠦ ᠪᠠ ᠡᠳᠦᠷ ᠥᠵᠡᠭᠦ᠂ ᠣᠳᠤᠨ ᠣᠷᠤᠨ᠂ ᠨᠠᠷᠠᠨ ᠰᠠᠷᠠᠨ ᠤ ᠪᠠᠢ᠌ᠳᠠᠯ ᠢ ᠰᠢᠡᠵᠢᠭᠦ ᠬᠠᠷᠢᠭᠤᠴᠠᠯᠭ᠎ᠠ ᠲᠡᠶ ᠪᠠᠢ᠌ᠵᠠᠢ᠃ ᠪᠦᠭᠡ ᠶᠢᠨ ᠱᠠᠰᠢᠨ ᠤ ᠨᠥᠯᠦᠭᠡ ᠶᠢ ᠭᠦᠨ ᠭᠦᠷᠳᠡᠭ᠍ᠰᠡᠨ ᠬᠤᠷᠴᠢᠨ ᠮᠤᠩᠭ᠋ᠤᠯᠴᠤᠳ ᠲᠦᠮᠡᠨ ᠪᠣᠳᠠᠰ ᠢ ᠪᠦᠷ ᠰᠥᠭ᠌ ᠰᠦᠨᠠᠰᠤ ᠲᠡᠶ᠂ ᠭᠡᠵᠤ ᠪᠦᠷ ᠨᠠᠪᠳᠠᠭ ᠰᠢᠪᠳᠠᠭ ᠣᠷᠤᠰᠢᠵᠤ ᠭᠦᠮᠤᠨ ᠠᠮᠢᠳᠠᠨ ᠤ ᠭᠦᠭ᠍ᠵᠢᠯ ᠪᠠᠳᠠᠷᠠᠯ ᠢ ᠢᠪᠠᠭᠡᠨ ᠰᠤᠶᠤᠷᠬᠠᠵᠤ᠂ ᠭᠡᠮᠵᠢᠶᠡᠯᠡᠰᠢ ᠦᠭᠡᠶ ᠳᠠᠷᠬᠠᠨ ᠣᠩᠭ᠋ᠤᠨ ᠷᠢᠳᠢ ᠰᠢᠳᠢ ᠲᠡᠶ ᠭᠡᠵᠤ ᠰᠢᠳᠤᠨ ᠪᠢᠰᠢᠷᠡᠭᠡᠳ᠂ ᠬᠤᠯᠠ ᠶᠢᠨ ᠪᠠᠷ᠎ᠠ ᠭᠦᠢᠴᠡᠳ ᠬᠠᠷᠠᠭᠳᠠᠬᠤ ᠦᠨᠳᠦᠷ ᠭᠠᠵᠠᠷ᠂ ᠠᠭᠤᠯᠠ ᠭᠦᠳᠦᠯ᠂ ᠵᠠᠮ ᠤᠨ ᠠᠭᠤᠯᠵᠠᠭᠤᠷ᠂ ᠡᠭᠡᠷᠡᠮ᠎ᠡ ᠳᠠᠯ᠎ᠠ ᠳᠡᠭᠡᠷ᠎ᠡ ᠣᠪᠣᠭ᠎ᠠ ᠪᠣᠰᠬᠠᠭᠠᠤᠨ ᠳᠤᠬᠠᠢ ᠶᠢᠨ ᠭᠠᠵᠠᠷ ᠤᠨ ᠡᠵᠡᠳ ᠰᠠᠭᠢᠭᠤᠯᠰᠤᠨ ᠢ ᠣᠠᠴᠠᠯᠠᠨ ᠭᠦᠡᠳᠦᠳᠭᠡᠨ ᠳᠠᠭᠢᠳᠠᠭ᠃

      ᠨᠢᠭᠡ᠂ ᠣᠪᠣᠭᠠᠨ ᠳᠠᠭᠢᠯᠭ᠎ᠠ ᠶᠢᠨ ᠶᠤᠰᠤᠨ ᠤ ᠡᠭᠦᠰᠦᠯ

ᠡᠷᠳᠡ ᠣᠵᠠᠭᠤᠷ ᠡᠴᠡ ᠮᠤᠩᠭ᠋ᠤᠯᠴᠤᠳ ᠤᠨ ᠡᠪᠦᠭᠡ ᠳᠡᠭᠡᠳᠦᠰ ᠨᠡᠷ ᠣᠷᠤᠰᠢᠯ ᠨᠤᠳᠤᠭ᠂ ᠭᠤᠯᠤᠮᠳᠠ ᠭᠠᠵᠠᠷ ᠳᠡᠭᠡᠷ᠎ᠡ ᠪᠠᠨ ᠦᠶ᠎ᠡ ᠶᠢᠨ ᠦᠶ᠎ᠡ᠂ ᠠᠴᠢ ᠶᠢᠨ ᠠᠴᠢ ᠳᠤ ᠠᠵᠤ ᠳᠦᠷᠤᠨ ᠠᠮᠢᠳᠤᠷᠠᠨ ᠣᠷᠤᠰᠢᠬᠤ ᠳᠤ ᠪᠠᠨ ᠠᠭᠤᠯᠠ ᠬᠠᠢ᠌ᠷᠬᠠᠨ ᠤ ᠡᠵᠡᠳ ᠰᠠᠭᠢᠭᠤᠯᠰᠤᠨ᠂ ᠭᠠᠵᠠᠷ ᠣᠰᠤᠨ ᠤ ᠨᠠᠪᠳᠠᠭ ᠰᠢᠪᠳᠠᠭ ᠶᠢᠡᠨ ᠡᠷᠡᠭᠦᠯ ᠡᠩᠭᠡ᠂ ᠥᠭᠡᠳᠡᠯᠡᠯ ᠳᠡᠭ᠍ᠵᠢᠷᠡᠯ᠂ ᠰᠠᠢ᠌ᠨ ᠰᠠᠢ᠌ᠬᠠᠨ ᠦᠮᠦᠭ᠌ ᠳᠦᠰᠢᠭ᠌ ᠭᠡᠵᠤ ᠦᠵᠡᠨ ᠳᠠᠰᠤᠷᠠᠯᠳᠠ ᠦᠭᠡᠶ ᠳᠠᠭᠢᠵᠤ ᠪᠠᠢ᠌ᠭᠰᠠᠨ ᠮᠦᠷ ᠣᠯᠪᠠᠭ᠎ᠠ ᠨᠢ ᠳᠡᠦᠭᠡᠨ ᠰᠤᠷᠪᠣᠯᠵᠢ ᠪᠢᠴᠢᠭ᠌ ᠤᠳ ᠲᠤ ᠬᠠᠶᠠ ᠦᠭᠡᠶ ᠬᠠᠷᠠᠭᠳᠠᠵᠤ ᠪᠠᠢ᠌ᠨ᠎ᠠ᠃ 《ᠰᠤᠳᠤᠷ ᠳᠡᠮᠳᠡᠭᠯᠡᠯ᠂ ᠾᠦᠩᠨᠤ ᠶᠢᠨ ᠨᠠᠮᠳᠠᠷ》 ᠲᠤ 《ᠳᠠᠪᠣᠳᠤᠭᠠᠷ ᠰᠠᠷ᠎ᠠ ᠳᠤ ᠯᠤᠩᠴᠸᠩ ᠬᠤᠳᠠ ᠳᠤ ᠶᠡᠭᠡ ᠴᠢᠭᠤᠯᠭᠠᠨ ᠪᠣᠯᠵᠤ ᠳᠠᠳᠠᠨ ᠤ ᠡᠪᠦᠭᠡ ᠳᠡᠭᠡᠳᠦᠰ ᠳᠡᠭ᠍ᠷᠢ ᠭᠠᠵᠠᠷ ᠣᠷᠤᠨ ᠰᠠᠭᠢᠭᠤᠯᠰᠤᠨ ᠶᠢᠠᠨ ᠳᠠᠭᠢᠮᠤᠢ》 ᠭᠡᠵᠡᠢ᠃ 《ᠵᠡᠭᠦᠨ ᠬᠠᠨ ᠣᠯᠤᠰ ᠤᠨ ᠪᠢᠴᠢᠭ᠌》 ᠲᠤ 《ᠾᠦᠩᠨᠤᠴᠤᠳ ᠴᠠᠭᠠᠨ ᠰᠠᠷ᠎ᠠ᠂ ᠳᠠᠪᠤᠨ ᠰᠠᠷ᠎ᠠ᠂ ᠶ‍ᠢᠰᠤᠨ ᠰᠠᠷ᠎ᠠ ᠳᠤ ᠴᠢᠭᠤᠯᠭᠠᠨ ᠪᠣᠯᠵᠤ ᠳᠠᠭᠢᠯᠭ᠎ᠠ ᠭᠢᠭᠦ ᠳᠤ ᠪᠠᠨ ᠮᠤᠷᠢ ᠳᠠᠪᠭᠢᠭᠤᠯᠵᠤ᠂ ᠳᠡᠮᠡᠭᠡ ᠣᠷᠤᠯᠳᠤᠭᠤᠯᠳᠠᠭ》 ᠭᠡᠵᠡᠢ᠃ ᠳᠠᠩ ᠣᠯᠤᠰ ᠤᠨ ᠶᠡᠭᠡ ᠡᠷᠳᠡᠮᠳᠡᠨ ᠶᠠᠨ ᠰᠢ ᠭᠦ᠋ ᠾᠦᠩᠨᠤ ᠶᠢᠨ ᠵᠠᠩᠰᠢᠯ ᠢ ᠳᠠᠢ᠌ᠯᠪᠣᠷᠢᠯᠠᠬᠤ ᠳᠤ ᠪᠠᠨ 《ᠮᠤᠳᠤᠨ ᠦᠭᠡᠶ ᠪᠣᠯᠪᠠᠰᠤ ᠣᠳᠠ ᠪᠣᠷᠭᠠᠰᠤᠨ ᠤ ᠨᠠᠮᠠᠭ᠎ᠠ ᠶᠢ ᠬᠠᠳᠬᠤᠵᠤ ᠣᠷᠤᠯᠠᠭᠤᠯᠮᠤᠢ᠂ ᠣᠯᠠᠨ ᠮᠤᠷᠢᠳᠠᠨ ᠭᠤᠷᠪᠠᠠᠳᠠ ᠳᠤᠭᠤᠷᠢᠭᠰᠠᠨ ᠤ ᠰᠡᠭᠦᠯᠡᠷ ᠵᠤᠭᠰᠤᠮᠤᠢ᠂ ᠡᠨᠡ ᠪᠣᠯᠪᠠᠰᠤ ᠳᠠᠳᠠᠨ ᠤ ᠣᠯᠠᠮᠵᠢᠯᠠᠯᠳᠤ ᠵᠠᠩᠰᠢᠯ ᠪᠤᠯᠦᠮᠦᠢ》 ᠭᠡᠵᠡᠢ᠃ 《ᠮᠠᠷᠺᠦ ᠫᠣᠯᠤ ᠶᠢᠨ ᠠᠶᠠᠯᠠᠯ ᠤᠨ ᠳᠡᠮᠳᠡᠭᠯᠡᠯ》 ᠳ᠋ᠤ 《ᠳᠠᠳᠠ ᠪᠠᠰᠠ ᠨᠢᠭᠡ ᠨᠠᠳᠠᠭᠠᠢ ᠭᠡᠮᠡᠭᠦ ᠰᠠᠭᠢᠭᠤᠯᠰᠤᠨ ᠢ ᠳᠠᠭᠢᠮᠤᠢ᠃ ᠳᠡᠭᠦᠨ ᠤ ᠳᠦᠷᠢ ᠶᠢ ᠢᠨᠤ ᠢᠰᠡᠭᠡᠢ ᠪᠣᠶᠤ ᠡᠰᠡᠭᠦᠯ᠎ᠡ ᠪᠦᠰ ᠮᠠᠳᠤᠰ ᠤᠨ ᠶᠠᠭᠤᠮ᠎ᠠ ᠪᠠᠷ ᠪᠦᠳᠦᠭᠡᠵᠤ᠂ ᠠᠢ᠌ᠯ ᠪᠣᠯᠭᠠᠨ ᠳᠠᠭᠢᠵᠤ ᠠᠮᠤᠢ᠃ ᠳᠠᠳᠠ ᠡᠨᠡ ᠰᠠᠭᠢᠭᠤᠯᠰᠤᠨ ᠶᠢᠡᠨ ᠳᠠᠳᠠᠨ ᠤ ᠦᠷ᠎ᠡ ᠭᠦᠪᠠᠭᠦᠤᠨ ᠢ ᠬᠠᠮᠠᠭᠠᠯᠠᠨ ᠰᠠᠭᠢᠵᠤ ᠪᠦᠭᠡᠳ ᠢᠯᠡᠩᠭ᠋ᠦᠶ᠎ᠡ ᠭᠠᠵᠠᠷ ᠨᠤᠳᠤᠭ᠂ ᠮᠠᠯ ᠳᠡᠵᠢᠭᠡᠪᠦᠷᠢ᠂ ᠳᠠᠷᠢᠶ᠎ᠠ ᠲᠦᠮᠦᠰᠦ ᠶᠢ ᠰᠠᠭᠢᠨ ᠬᠠᠷᠠᠮᠤᠢ ᠭᠡᠮᠡᠮᠦᠢ》 ᠭᠡᠵᠡᠢ᠃ ᠠᠷᠪᠠᠨ ᠭᠤᠷᠪᠠᠳᠤᠭᠠᠷ ᠵᠠᠭᠤᠨ ᠤ ᠦᠶ᠎ᠡ ᠴᠢᠩᠭᠢᠰ ᠬᠠᠭᠠᠨ ᠪᠣᠷᠬᠠᠨ ᠬᠠᠯᠳᠤᠨ ᠠᠭᠤᠯᠠ ᠶᠢ ᠰᠢᠳᠤᠵᠤ ᠳᠠᠭᠢᠵᠤ ᠪᠠᠢ᠌ᠭᠰᠠᠨ ᠢ ᠳᠡᠮᠳᠡᠭᠯᠡᠭᠦ ᠳᠡᠭᠡᠨ

ᠬᠠᠯᠳᠤᠨ ᠠᠭᠤᠯᠠᠨ ᠳᠤ ᠨᠢᠭᠤᠭᠳᠠᠵᠤ

ᠬᠠᠷᠢᠶᠠᠴᠠᠢ ᠶᠢᠨ ᠳᠠᠳᠤᠢ ᠠᠮᠢ ᠪᠠᠨ

ᠬᠠᠯᠬᠠᠯᠠᠨ ᠭᠠᠷᠪᠠ᠃

ᠮᠠᠰᠢ ᠠᠶᠤᠵᠤ

ᠶᠡᠭᠡ ᠰᠠᠠᠳᠤᠷᠪᠠ᠃

ᠪᠣᠷᠬᠠᠨ ᠬᠠᠯᠳᠤᠨ ᠠᠭᠤᠯᠠ ᠶᠢ

ᠦᠷᠯᠦᠭᠡ ᠪᠦᠷᠢ ᠮᠢᠯᠢᠶᠠᠶ᠎ᠠ

ᠡᠳᠦᠷ ᠪᠦᠷᠢ ᠦᠴᠢᠶ᠎ᠠ

ᠦᠶ᠎ᠡ ᠶᠢᠨ ᠦᠶ᠎ᠡ ᠳᠡᠭᠡᠨ

ᠦᠨᠢᠳᠠ ᠳᠠᠭᠢᠶ᠎ᠠ ᠭᠡᠵᠡᠢ᠃ ᠢᠩᠭᠢᠵᠤ ᠳᠠᠭᠠᠳᠬᠠᠬᠤ ᠳᠤ ᠪᠠᠨ ᠪᠦᠰ ᠶᠢᠡᠨ ᠭᠦᠵᠦᠭᠦᠨ ᠳᠡᠭᠡᠨ ᠡᠭᠡᠯᠳᠦᠷᠭᠡᠯᠡᠵᠤ᠂ ᠮᠠᠯᠠᠭᠠᠢ ᠪᠠᠨ ᠭᠠᠷ ᠲᠤ ᠪᠠᠨ ᠰᠡᠭᠡᠯᠳᠦᠷᠭᠡᠯᠡᠵᠤ᠂ ᠭᠠᠷ ᠶᠢᠡᠷ ᠶᠢᠡᠨ ᠡᠪᠴᠢᠭᠦᠤ ᠪᠠᠨ ᠳᠠᠷᠤᠵᠤ᠂ ᠨᠠᠷᠠ ᠥᠭᠡᠳᠡ ᠬᠠᠠᠳᠤᠨ ᠰᠥᠭᠦᠳᠴᠤ᠂ ᠶ‍ᠢᠰᠤᠠᠳᠠ ᠮᠦᠷᠭᠦᠵᠤ ᠰᠠᠷᠵᠢᠮ ᠡᠷᠭᠦᠨ ᠵᠠᠯᠪᠢᠷᠠᠳᠠᠭ᠃ ᠯᠤᠪᠰᠠᠩᠴᠣᠢ᠌ᠳᠠᠨ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 ᠳ᠋ᠤ ᠪᠠᠨ 《ᠣᠪᠣᠭ᠎ᠠ ᠳᠠᠭᠢᠭᠰᠠᠨ ᠣᠴᠢᠷ ᠪᠣᠯᠪᠠᠰᠤ ᠶᠡᠭᠡ ᠡᠷᠳᠡ ᠴᠠᠭ ᠳᠡᠭ᠍ᠷᠢ ᠶᠢ ᠰᠢᠳᠤᠵᠤ ᠠᠭᠤᠯᠠ ᠣᠰᠤᠨ ᠳᠤᠷ ᠠᠯᠢᠪᠠ ᠶᠢ ᠳᠠᠭᠠᠳᠬᠠᠨ ᠶᠠᠪᠣᠵᠤ ᠪᠠᠢ᠌ᠭᠰᠠᠨ ᠴᠠᠭ᠂ ᠣᠯᠠᠨ ᠡᠳᠦᠷ ᠴᠢᠭᠤᠯᠭᠠᠨ ᠪᠣᠯᠵᠤ ᠠᠭᠤᠯᠠ ᠪᠣᠶᠤ ᠶᠡᠭᠡ ᠮᠦᠷᠠᠨ ᠭᠤᠤᠯ ᠡᠰᠡ ᠪᠦᠭᠡᠰᠤ ᠶᠡᠭᠡ ᠨᠠᠭᠤᠷ ᠪᠣᠢ᠂ ᠡᠳᠡᠭᠡᠷ ᠭᠠᠵᠠᠷ ᠢ ᠰᠤᠩᠭ᠋ᠤᠵᠤ ᠳᠠᠭᠢᠯᠭ᠎ᠠ ᠶᠢᠨ ᠣᠷᠤᠨ ᠪᠣᠯᠭᠠᠵᠤ ᠶᠡᠭᠡ ᠭᠦᠡᠳᠦᠳᠭᠡᠮᠦᠢ》 ᠭᠡᠰᠡᠨ ᠪᠠᠢ᠌ᠨ᠎ᠠ᠃ ᠬᠠᠯᠬ᠎ᠠ ᠳ᠋ᠠᠭᠢ ᠭᠡᠷᠦᠯᠤᠨ ᠮᠦᠷᠠᠨ ᠤ ᠪᠠᠶᠠᠨ ᠣᠯᠠᠭᠠᠨ ᠤ ᠣᠷᠭᠢᠯ ᠳᠡᠭᠡᠷ᠎ᠡ ᠴᠢᠩᠭᠢᠰ ᠬᠠᠭᠠᠨ ᠤ ᠬᠤᠷᠢᠨ ᠳᠤᠯᠤᠭᠠᠨ ᠨᠠᠰᠤᠳᠠᠢ ᠳᠤ ᠪᠠᠨ ᠬᠠᠭᠠᠨ ᠣᠷᠤ ᠰᠠᠭᠤᠭᠰᠠᠨ ᠶᠢᠡᠨ ᠪᠠᠯᠭᠡᠳᠡᠵᠤ ᠪᠣᠰᠬᠠᠭᠰᠠᠨ ᠬᠤᠷᠢᠨ ᠳᠤᠯᠤᠭᠠᠨ ᠣᠪᠣᠭ᠎ᠠ ᠨᠢ ᠣᠳᠤ ᠪᠣᠯᠳᠠᠯ᠎ᠠ ᠣᠤᠯ ᠭᠡᠪ ᠶᠢᠡᠷ ᠶᠢᠡᠨ ᠪᠠᠢ᠌ᠭᠰᠠᠭᠠᠷ ᠭᠡᠨ᠎ᠡ᠃ ᠡᠳᠡᠭᠡᠷ ᠳᠡᠦᠭᠡᠨ ᠰᠤᠷᠪᠣᠯᠵᠢ ᠳᠡᠮᠳᠡᠭᠯᠡᠯ ᠡᠴᠡ ᠪᠢᠳᠠ ᠣᠪᠣᠭᠠᠨ ᠳᠠᠭᠢᠯᠭ᠎ᠠ ᠶᠢᠨ ᠶᠤᠰᠤᠨ ᠤ ᠡᠭᠦᠰᠦᠯ ᠴᠠᠭ ᠦᠶ᠎ᠡ ᠶᠢ ᠲ᠋ᠤᠯᠤᠭ᠎ᠠ᠂ ᠨᠢ᠋ᠮᠠᠳᠤᠭᠠᠷ ᠵᠠᠭᠤᠨ ᠭᠡᠭᠦ ᠪᠣᠶᠤ ᠡᠭᠦᠨ ᠡᠴᠡ ᠨᠠᠩ ᠡᠷᠳᠡ ᠦᠶ᠎ᠡ ᠳᠤ ᠴᠤ ᠪᠠᠢ᠌ᠵᠤ ᠮᠠᠳᠠᠨ᠎ᠠ ᠭᠡᠵᠤ ᠣᠢ᠌ᠯᠠᠭᠠᠬᠤ ᠪᠦᠭᠡᠳ ᠣᠪᠣᠭ᠎ᠠ ᠪᠣᠰᠬᠠᠵᠤ ᠳᠠᠭᠢᠳᠠᠭ ᠤᠨ ᠰᠠᠨᠠᠭ᠎ᠠ ᠵᠤᠷᠢᠯᠭ᠎ᠠ ᠶᠢ ᠴᠤ ᠶᠡᠭᠡ ᠲᠦᠯᠤᠪ ᠦᠵᠡᠨ ᠭᠠᠷᠴᠠᠢ᠃

     ᠬᠤᠶᠠᠷ᠂ ᠣᠪᠣᠭᠠᠨ ᠤ ᠳᠦᠷᠤᠯ ᠵᠣᠢ᠌ᠯ

ᠳᠠᠭᠢᠯᠭ᠎ᠠ ᠶᠢᠨ ᠣᠪᠣᠭᠠᠨ ᠤ ᠳᠦᠷᠤᠯ ᠵᠣᠢ᠌ᠯ ᠲᠤᠢ᠌ᠯ ᠤᠨ ᠣᠯᠠᠨ ᠪᠠᠢ᠌ᠳᠠᠭ᠃ ᠶᠡᠷᠦᠩᠭᠡᠢ ᠳ᠋ᠤᠨᠢ ᠬᠤᠷᠢᠶᠠᠩᠭ᠋ᠣᠢ᠌ᠯᠠᠵᠤ ᠦᠵᠡᠪᠠᠯ᠂ 《ᠳᠡᠭ᠍ᠷᠢ ᠶᠢᠨ ᠣᠪᠣᠭ᠎ᠠ》᠂ 《ᠭᠦᠮᠤᠨ ᠤ ᠣᠪᠣᠭ᠎ᠠ》᠂ 《ᠰᠢᠪᠳᠠᠭ ᠤᠨ ᠣᠪᠣᠭ᠎ᠠ》᠂ 《ᠳᠡᠮᠳᠡᠭ᠌ ᠣᠪᠣᠭ᠎ᠠ》 ᠭᠡᠵᠤ ᠭᠡᠳᠤ ᠬᠤᠪᠢᠶᠠᠵᠤ ᠪᠣᠯᠤᠨ᠎ᠠ᠃

ᠮᠤᠩᠭ᠋ᠤᠯᠴᠤᠳ ᠣᠤᠯ ᠨᠢ ᠭᠠᠭᠴᠠ ᠣᠪᠣᠭ᠎ᠠ ᠳᠠᠭᠢᠳᠠᠭ ᠪᠠᠢ᠌ᠵᠠᠢ᠃ ᠰᠡᠭᠦᠯᠡᠷ ᠨᠢ ᠨᠢᠭᠡ ᠣᠪᠣᠭ᠎ᠠ ᠳᠦᠭᠦᠷᠡᠩ ᠣᠪᠣᠭ᠎ᠠ᠂ ᠬᠤᠶᠠᠷ ᠣᠪᠣᠭ᠎ᠠ᠂ ᠭᠤᠷᠪᠠᠨ ᠣᠪᠣᠭ᠎ᠠ᠂ ᠳᠦᠷᠪᠠᠨ ᠣᠪᠣᠭ᠎ᠠ᠂ ᠳᠠᠪᠤᠨ ᠣᠪᠣᠭ᠎ᠠ᠂ ᠳᠤᠯᠤᠭᠠᠨ ᠣᠪᠣᠭ᠎ᠠ᠂ ᠶ‍ᠢᠰᠤᠨ ᠣᠪᠣᠭ᠎ᠠ᠂ ᠠᠷᠪᠠᠨ ᠭᠤᠷᠪᠠᠨ ᠣᠪᠣᠭ᠎ᠠ᠁ ᠵᠠᠭᠤ ᠨᠢ᠋ᠮᠠᠨ ᠣᠪᠣᠭ᠎ᠠ ᠪᠣᠯᠳᠠᠯ᠎ᠠ ᠣᠯᠠᠨ ᠣᠪᠣᠭ᠎ᠠ ᠪᠠᠢ᠌ᠬᠤ ᠪᠠ ᠳᠦᠭᠦᠷᠡᠩ ᠡᠴᠡ ᠪᠣᠰᠤᠳ ᠨᠢ ᠪᠦᠷ ᠭᠤᠤᠯ ᠣᠪᠣᠭ᠎ᠠ᠂ ᠪᠠᠭ᠎ᠠ ᠣᠪᠣᠭ᠎ᠠ ᠭᠡᠵᠤ ᠪᠠᠢ᠌ᠨ᠎ᠠ᠃ 《ᠭᠤᠤᠯ ᠣᠪᠣᠭ᠎ᠠ》 ᠳ᠋ᠤᠨᠢ ᠨᠤᠶᠠᠨ ᠤ ᠣᠪᠣᠭ᠎ᠠ᠂ ᠵᠠᠩᠵᠤᠨ ᠤ ᠣᠪᠣᠭ᠎ᠠ᠂ ᠶᠡᠭᠡ ᠣᠪᠣᠭ᠎ᠠ᠂ ᠪᠦᠳᠦᠭᠦᠨ ᠣᠪᠣᠭ᠎ᠠ᠂ ᠲᠦᠪ ᠣᠪᠣᠭ᠎ᠠ ᠭᠡᠵᠤ ᠪᠠᠢ᠌ᠬᠤ ᠪᠠ 《ᠪᠠᠭ᠎ᠠ ᠣᠪᠣᠭ᠎ᠠ》 ᠳ᠋ᠤᠨᠢ ᠱᠠᠪᠢ ᠣᠪᠣᠭ᠎ᠠ᠂ ᠭᠤᠴᠤᠭ ᠣᠪᠣᠭ᠎ᠠ᠂ ᠬᠠᠷᠠᠭᠤᠯ ᠣᠪᠣᠭ᠎ᠠ᠂ ᠬᠤᠶᠠᠭ ᠣᠪᠣᠭ᠎ᠠ᠂ ᠰᠥᠪᠠᠭᠡ ᠣᠪᠣᠭ᠎ᠠ᠂ ᠳᠠᠭᠠᠯᠳᠠ ᠣᠪᠣᠭ᠎ᠠ᠂ ᠭᠡᠵᠤ ᠪᠠᠢ᠌ᠳᠠᠭ᠃ 《ᠳᠦᠭᠦᠷᠡᠩ ᠣᠪᠣᠭ᠎ᠠ》 ᠪᠣᠯ ᠥᠨᠡ᠊ᠨᠳᠡᠭᠡᠨ ᠭᠠᠭᠴᠠ ᠣᠪᠣᠭ᠎ᠠ ᠶᠢ ᠵᠢᠭᠠᠵᠤ ᠪᠠᠢ᠌ᠨ᠎ᠠ᠃ ᠭᠡᠪᠠᠴᠤ 《ᠮᠤᠩᠭ᠋ᠤᠯ ᠭᠦᠮᠤᠨ ᠪᠠᠯᠭᠡ ᠪᠠᠷ》 ᠭᠡᠵᠤ ᠭᠠᠭᠴᠠ ᠪᠣᠶᠤ ᠨᠢᠭᠡ ᠭᠡᠭᠦ ᠡᠴᠡ ᠵᠠᠢ᠌ᠯᠠᠭᠤᠯᠵᠤ ᠳᠦᠭᠦᠷᠡᠩ ᠭᠡᠵᠤ ᠨᠡᠷᠡᠯᠡᠭ᠍ᠰᠡᠨ ᠪᠠᠢ᠌ᠨ᠎ᠠ᠃ ᠡᠢ᠌ᠡᠭᠦ ᠣᠤᠯ ᠤᠨ ᠭᠠᠭᠴᠠ ᠣᠪᠣᠭ᠎ᠠ ᠳᠠᠭᠢᠳᠠᠭ ᠪᠠᠢ᠌ᠭᠰᠠᠨ ᠡᠴᠡ ᠪᠠᠨ 《ᠳᠤᠤᠷ᠎ᠠ ᠭᠤᠴᠢᠨ ᠭᠤᠷᠪᠠᠨ ᠳᠡᠭ᠍ᠷᠢ ᠡᠳᠦᠭᠡᠨ ᠡᠭᠡ》 ᠶ᠋ᠢ ᠰᠢᠳᠤᠵᠤ ᠭᠤᠴᠢᠨ ᠭᠤᠷᠪᠠᠨ ᠣᠪᠣᠭ᠎ᠠ ᠪᠣᠰᠬᠠᠵᠤ ᠪᠠᠢ᠌ᠭᠰᠠᠨ ᠪᠠ ᠬᠤᠪᠢᠯᠠᠢ ᠰᠠᠴᠠᠨ ᠬᠠᠭᠠᠨ ᠲᠦᠪᠡᠳ ᠤᠨ ᠫᠠᠭᠪᠠ ᠯᠠᠮ᠎ᠠ ᠡᠴᠡ ᠶᠡᠭᠡ ᠭᠦᠯᠭᠡᠨ ᠰᠤᠳᠤᠷ ᠤᠨ ᠭᠦᠨ ᠣᠤᠠᠬ᠎ᠠ ᠰᠤᠨᠤᠰᠴᠤ ᠮᠠᠰᠢᠳᠠ ᠪᠢᠰᠢᠷᠠᠨ ᠱᠠᠩᠳᠤ ᠪᠠᠯᠭᠠᠤᠨ ᠤᠨ ᠡᠷᠭᠢᠨ ᠳᠤᠭᠤᠷᠢᠨ ᠳᠤ ᠵᠠᠭᠤ ᠨᠢ᠋ᠮᠠᠨ ᠣᠪᠣᠭ᠎ᠠ ᠪᠣᠰᠬᠠᠵᠠᠢ ᠭᠡᠳᠡᠭ᠌᠃

ᠳᠠᠭᠢᠯᠭ᠎ᠠ ᠶᠢᠨ ᠣᠪᠣᠭ᠎ᠠ ᠶᠢᠨ ᠪᠦᠳᠦᠴᠡ ᠪᠠᠷ ᠨᠢ 《ᠰᠢᠷᠤᠢ᠌᠌ᠨ ᠣᠪᠣᠭ᠎ᠠ》᠂ 《ᠳᠤᠭᠤᠰᠬᠠᠨ ᠣᠪᠣᠭ᠎ᠠ》᠂ 《ᠴᠢᠯᠠᠭᠤᠨ ᠣᠪᠣᠭ᠎ᠠ》᠂ 《ᠮᠤᠳᠤᠨ ᠣᠪᠣᠭ᠎ᠠ》 ᠵᠡᠷᠭᠡ ᠪᠣᠢ᠃ ᠳᠠᠷᠬᠠᠨ ᠬᠤᠰᠢᠭᠤᠨ ᠤ ᠱᠸᠪᠠᠷᠳᠤ ᠪᠠᠯᠭᠠᠰᠤᠨ ᠤ ᠮᠢᠠᠵᠤᠲ᠋ᠦ᠋ᠨ ᠠᠢ᠌ᠯ ᠤᠨ ᠡᠮᠦᠨ᠎ᠡ ᠪᠠᠢ᠌ᠭ᠎ᠠ 《ᠭᠢᠳᠤᠭᠠᠨ ᠣᠪᠣᠭ᠎ᠠ》 (ᠳᠠᠭᠢᠯᠭ᠎ᠠ ᠵᠤᠭᠰᠤᠵᠠᠢ) ᠪᠣᠯ ᠰᠢᠷᠤᠢ ᠶᠢᠨ ᠣᠪᠣᠭ᠎ᠠ ᠶᠤᠮ᠃ 《ᠣᠪᠣᠠᠳᠠᠢ ᠶᠢᠨ ᠣᠪᠣᠭ᠎ᠠ》 ᠪᠣᠯ ᠳᠤᠭᠤᠰᠬᠠᠨ ᠣᠪᠣᠭ᠎ᠠ᠂ ᠵᠢᠷᠦᠭᠡ ᠶᠢᠨ 《ᠵᠢᠷᠦᠭᠡᠨ ᠣᠪᠣᠭ᠎ᠠ》 ᠪᠣᠯ ᠴᠢᠯᠠᠭᠤᠨ ᠣᠪᠣᠭ᠎ᠠ ᠪᠣᠯᠤᠨ᠎ᠠ᠃ ᠮᠠᠨ ᠤ ᠨᠤᠳᠤᠭ ᠲᠤ ᠮᠤᠳᠤᠨ ᠣᠪᠣᠭ᠎ᠠ ᠬᠠᠷᠠᠭᠳᠠᠬᠤ ᠦᠭᠡᠶ᠃

《ᠳᠡᠭ᠍ᠷᠢ ᠶᠢᠨ ᠣᠪᠣᠭ᠎ᠠ》 ᠪᠣᠯ ᠪᠦᠭᠡ ᠮᠦᠷᠭᠦᠯ ᠤᠨ ᠱᠠᠰᠢᠨ ᠤ ᠨᠥᠯᠦᠭᠡ ᠪᠠᠷ 《ᠮᠥᠩᠭᠡ ᠳᠡᠭ᠍ᠷᠢ ᠶᠢᠨ ᠭᠦᠴᠦᠡ ᠳᠦᠷ ᠁》 ᠭᠡᠵᠤ ᠳᠡᠭ᠍ᠷᠢ ᠶᠢ ᠰᠢᠳᠤᠵᠤ ᠳᠡᠭ᠍ᠷᠢ ᠳᠤ ᠳᠠᠭᠢᠯ ᠳᠠᠪᠢᠭ ᠡᠷᠭᠦᠳᠡᠭ᠌ ᠮᠤᠩᠭ᠋ᠤᠯᠴᠤᠳ ᠤᠨ ᠪᠦᠭᠦᠢ᠌ᠯᠡ ᠳᠠᠭᠢᠯᠭ᠎ᠠ ᠶᠢᠨ ᠣᠪᠣᠭᠠᠨ ᠤ ᠳᠤᠳᠤᠷᠠᠭᠢ ᠬᠠᠮᠤᠭ ᠤᠨ ᠠᠩᠬᠠᠨ ᠤ ᠣᠪᠣᠭ᠎ᠠ ᠳᠤ ᠳᠤᠭᠠᠴᠢᠭᠳᠠᠬᠤ ᠶᠤᠮ᠃ ᠳᠡᠭ᠍ᠷᠢ ᠶᠢᠨ ᠣᠪᠣᠭᠠᠨ ᠳᠤ 《ᠰᠦᠯᠳᠡ ᠳᠡᠭ᠍ᠷᠢ ᠶᠢᠨ ᠣᠪᠣᠭ᠎ᠠ》 《ᠣᠩᠭ᠋ᠤᠨ ᠳᠡᠭ᠍ᠷᠢ ᠶᠢᠨ ᠣᠪᠣᠭ᠎ᠠ》 《ᠳᠤᠭᠰᠢᠨ ᠳᠡᠭ᠍ᠷᠢ ᠶᠢᠨ ᠣᠪᠣᠭ᠎ᠠ》 ᠁ ᠭᠡᠵᠤ ᠣᠯᠠᠨ ᠵᠣᠢ᠌ᠯ ᠪᠠᠢ᠌ᠳᠠᠭ᠃ ᠳᠠᠭᠢᠳᠠᠭ ᠳᠡᠭ᠍ᠷᠢ ᠨᠢ ᠶᠠᠷᠤᠨᠢ ᠶᠠᠷᠢ ᠶ‍ᠢᠰᠤᠨ ᠳᠡᠭ᠍ᠷᠢ ᠪᠠᠷᠠᠭᠤᠨ ᠳᠠᠪᠢᠨ ᠳᠠᠪᠤᠨ ᠳᠡᠭ᠍ᠷᠢ᠂ ᠵᠡᠭᠦᠨ ᠳᠦᠴᠢᠨ ᠳᠦᠷᠪᠠᠨ ᠳᠡᠭ᠍ᠷᠢ ᠪᠠᠢ᠌ᠬᠤ ᠪᠠ ᠳᠡᠭᠡᠷ᠎ᠡ ᠶᠠᠷᠡ ᠶ‍ᠢᠰᠤᠨ ᠮᠥᠩᠭᠡ ᠳᠡᠭ᠍ᠷᠢ ᠶᠢᠨ ᠰᠠᠭᠢᠭᠤᠯᠰᠤᠨ ᠲᠡᠶ ᠭᠡᠵᠤ ᠦᠵᠡᠨ᠎ᠠ᠃ ᠳᠤᠬᠠᠢ᠌ᠯᠠᠪᠠᠯ᠂ ᠡᠳ᠋ ᠭᠦᠷᠦᠩᠭᠡ ᠨᠡᠮᠡᠭ᠍ᠳᠡᠭᠦᠯᠵᠤ᠂ ᠠᠳᠤᠭᠤ ᠮᠠᠯ ᠦᠷᠡᠵᠢᠭᠦᠯᠦᠭ᠍ᠴᠢ 《ᠡᠯᠪᠠᠭ᠍ᠰᠡᠭᠦᠢ ᠳᠡᠭ᠍ᠷᠢ》᠂ ᠣᠢ ᠣᠬᠠᠭᠠᠨ ᠢ ᠨᠡᠮᠡᠭ᠍ᠳᠡᠭᠦᠯᠦᠭ᠍ᠴᠢ 《ᠰᠦᠳᠠᠨ ᠳᠡᠭ᠍ᠷᠢ》᠂ ᠠᠩ ᠭᠦᠷᠦᠭᠡ ᠣᠯᠭᠤᠳᠠᠭ 《ᠮᠠᠨᠠᠬᠠᠨ ᠳᠡᠭ᠍ᠷᠢ》᠂ ᠡᠷᠡᠭᠦᠯ ᠰᠠᠢ᠌ᠬᠠᠨ ᠢ ᠬᠠᠮᠠᠭᠠᠯᠠᠬᠤ 《ᠠᠨᠠᠷᠪᠠ ᠳᠡᠭ᠍ᠷᠢ》᠂ 《ᠳᠠᠷᠢᠶ᠎ᠠ ᠶᠢ ᠠᠷᠪᠢᠳᠬᠠᠭᠴᠢ ᠳᠡᠭ᠍ᠷᠢ》᠂ 《ᠬᠤᠷ᠎ᠠ ᠪᠠᠭᠤᠯᠭᠠᠭᠴᠢ ᠳᠡᠭ᠍ᠷᠢ》 ᠭᠡᠭᠦ ᠵᠡᠷᠭᠡ ᠪᠣᠢ᠃

《ᠭᠦᠮᠤᠨ ᠤ ᠣᠪᠣᠭ᠎ᠠ》 ᠳ᠋ᠤ ᠬᠠᠭᠠᠨ ᠢᠵᠠᠭᠤᠷᠳᠠᠨ ᠤ ᠳᠠᠭᠢᠳᠠᠭ 《ᠠᠯᠳᠠᠨ ᠣᠪᠣᠭ᠎ᠠ》 ᠭᠡᠵᠤ ᠪᠠᠢ᠌ᠨ᠎ᠠ᠃ ᠬᠠᠭᠠᠨ ᠭᠦᠮᠤᠨ ᠤ ᠣᠪᠣᠭ᠎ᠠ ᠶᠢ ᠦᠨᠳᠦᠷ ᠠᠭᠤᠯᠠᠨ ᠤ ᠣᠷᠭᠢᠯ ᠳᠤ ᠪᠣᠰᠬᠠᠳᠠᠭ᠃ ᠦᠨᠳᠦᠰᠦᠳᠠᠨ ᠣᠭᠰᠠᠭᠠᠳᠠᠨ ᠤ ᠪᠠᠨ᠂ ᠠᠢ᠌ᠮᠠᠭ ᠳᠦᠷᠤᠯ ᠤᠨ ᠶᠢᠡᠨ ᠶᠠᠮᠠᠷ ᠨᠢᠭᠡᠨ ᠦᠷᠡᠭ᠍ᠳᠡᠭ᠍ᠰᠡᠨ ᠪᠠᠭᠠᠳᠤᠷ ᠭᠦᠮᠤᠨ ᠢ ᠲ᠋ᠤᠷᠠᠰᠬᠠᠵᠤ ᠳᠡᠭᠦᠨ ᠤ ᠭᠡᠷᠡᠭᠯᠡᠵᠤ ᠥᠩᠭᠡᠷᠡᠭ᠍ᠰᠡᠨ ᠵᠠᠷ ᠵᠡᠪᠰᠡᠭ᠌᠂ ᠬᠤᠪᠴᠠᠰᠤ ᠬᠤᠨᠠᠷ ᠪᠣᠶᠤ ᠱᠠᠷᠢᠯ ᠪᠠᠶ᠎ᠠ ᠶᠢ ᠨᠢ ᠣᠷᠤᠰᠢᠭᠤᠯᠵᠤ ᠣᠪᠣᠭ᠎ᠠ ᠪᠣᠰᠬᠠᠨ 《ᠪᠠᠭᠠᠳᠤᠷ ᠤᠨ ᠣᠪᠣᠭ᠎ᠠ》 ᠭᠡᠵᠡᠢ᠃ ᠵᠢᠱᠢᠶᠠᠯᠠᠪᠠᠯ᠂ ᠳᠦᠡᠭᠯᠢᠶ‍ᠦᠤ ᠬᠤᠳᠠ ᠶᠢᠨ ᠠᠷᠤ ᠳᠤ ᠪᠠᠢ᠌ᠭᠤᠯᠤᠭᠰᠠᠨ 《ᠬᠠᠰᠠᠷ ᠤᠨ ᠣᠪᠣᠭ᠎ᠠ》 ᠪᠣᠯ ᠡᠨᠡ ᠳᠦᠷᠤᠯ ᠤᠨ ᠣᠪᠣᠭᠠᠨ ᠳᠤ ᠳᠤᠭᠠᠴᠢᠭᠳᠠᠨ᠎ᠠ᠃ 《ᠣᠩᠭ᠋ᠤᠨ ᠣᠪᠣᠭ᠎ᠠ》 ᠪᠣᠯ ᠨᠢᠭᠡ ᠴᠢᠰᠤᠨ ᠳᠦᠷᠤᠯᠭᠢᠳᠠᠨ ᠤ ᠬᠠᠮᠳᠤ ᠶᠢᠨ ᠳᠡᠭᠡᠳᠦᠰ ᠶᠢᠡᠨ ᠰᠢᠳᠦᠭᠡᠨ ᠪᠣᠯᠭᠠᠵᠤ ᠥᠭᠦᠭᠡᠷ ᠣᠩᠭ᠋ᠤᠨ ᠳᠡᠭᠡᠷ᠎ᠡ ᠨᠢ ᠨᠠᠩ ᠦᠨᠳᠦᠷ ᠣᠪᠣᠭ᠎ᠠ ᠪᠣᠰᠬᠠᠨ ᠬᠠᠮᠳᠤ ᠪᠠᠷ ᠳᠠᠭᠢᠳᠠᠭ᠃ 《ᠭᠦᠮᠤᠨ ᠤ ᠣᠪᠣᠭ᠎ᠠ》 ᠳ᠋ᠤ ᠪᠠᠰᠠ 《ᠨᠤᠶᠠᠨ ᠤ ᠣᠪᠣᠭ᠎ᠠ》᠂ 《ᠵᠠᠩᠵᠤᠨ ᠤ ᠣᠪᠣᠭ᠎ᠠ》᠂ 《ᠰᠢᠯᠢ ᠶᠢᠨ ᠰᠠᠢ᠌ᠨ ᠡᠷ᠎ᠡ ᠶᠢᠨ ᠣᠪᠣᠭ᠎ᠠ》᠂ 《ᠳᠤᠷᠠᠰᠬᠠᠯ ᠤᠨ ᠣᠪᠣᠭ᠎ᠠ》 ᠵᠡᠷᠭᠡ ᠠᠳᠠᠯᠢ ᠪᠣᠰᠤ ᠶᠢᠨ ᠵᠤᠷᠢᠯᠭ᠎ᠠ ᠲᠡᠶ ᠠᠳᠠᠯᠢ ᠪᠣᠰᠤ ᠶᠢᠨ ᠭᠦᠰᠡᠯ ᠰᠡᠳᠬᠢᠯᠭᠡ ᠶᠢ ᠢᠯᠡᠳᠭᠡᠭ᠍ᠰᠡᠨ ᠳᠠᠭᠢᠯᠭ᠎ᠠ ᠶᠢᠨ ᠣᠪᠣᠭ᠎ᠠ ᠪᠠᠢ᠌ᠳᠠᠭ᠃

ᠬᠤᠷᠴᠢᠨ ᠮᠤᠩᠭ᠋ᠤᠯᠴᠤᠳ ᠤᠨ ᠣᠪᠣᠭᠠᠨ ᠳᠠᠭᠢᠯᠭ᠎ᠠ ᠳᠤ ᠭᠦᠮᠤᠨ ᠮᠠᠯ ᠤᠨ ᠦᠨᠢᠷ ᠦᠰᠦᠯᠳᠠ ᠶᠢᠨ ᠡᠵᠡᠳ ᠰᠠᠭᠢᠭᠤᠯᠰᠤᠨ ᠪᠣᠯᠤᠭᠰᠠᠨ ᠴᠠᠭᠠᠨ ᠡᠪᠦᠭᠡᠨ ᠤ ᠳᠠᠭᠢᠯᠭ᠎ᠠ ᠪᠠᠢ᠌ᠬᠤ ᠳᠤ ᠪᠠᠨ ᠳᠠᠭᠠᠷᠠᠨ᠎ᠠ᠃ ᠡᠢ᠌ᠮᠤ ᠮᠠᠲ᠋ᠸᠷᠢᠶᠠᠯ ᠣᠳᠤ ᠬᠠᠷᠠᠬᠠᠨ ᠣᠯᠳᠠᠭ᠎ᠠ ᠦᠭᠡᠶ ᠪᠠᠢ᠌ᠭᠰᠠᠭᠠᠷ᠃ ᠣᠴᠢᠷ ᠨᠢ ᠡᠪᠦᠭᠡᠳ ᠨᠠᠰᠤᠳᠠᠨ ᠤ ᠵᠥᠩᠳᠡᠭᠡᠨ ᠶᠠᠷᠢᠭᠠᠤᠨ ᠪᠠᠢ᠌ᠳᠠᠭ ᠵᠡᠭᠦᠳᠤᠨ ᠳᠤ ᠢᠷᠡᠳᠡᠭ᠌ ᠴᠠᠭᠠᠨ ᠬᠤᠪᠴᠠᠰᠤ ᠡᠮᠦᠰᠦᠭ᠍ᠰᠡᠨ᠂ ᠯᠤᠤ ᠶᠢᠨ ᠳᠠᠶ‍ᠢᠭ ᠳᠤᠯᠤᠭᠰᠠᠨ ᠴᠠᠭᠠᠨ ᠰᠠᠬᠠᠯᠳᠤ ᠡᠪᠦᠭᠡᠨ ᠨᠢ ᠳᠠᠳᠠᠨ ᠳᠤ ᠶᠠᠮᠠᠷ ᠨᠢᠭᠡᠨ ᠰᠤᠷᠭᠠᠯ ᠬᠠᠢ᠌ᠷᠠᠯᠠᠵᠤ ᠠᠮᠢᠳᠤᠷᠠᠯ ᠠᠬᠤᠢ ᠳ᠋ᠤᠨᠢ ᠵᠠᠮ ᠮᠦᠷ ᠵᠢᠭᠠᠳᠠᠭ ᠭᠡᠵᠤ ᠬᠤᠷᠴᠢᠨ ᠠᠮᠠᠨ ᠶᠠᠷᠢᠶᠠᠨ ᠳᠤ ᠳᠠᠩᠳᠠ ᠲᠤᠬᠢᠶᠠᠯᠳᠤᠨ᠎ᠠ᠃

ᠬᠤᠷᠴᠢᠨ ᠮᠤᠩᠭ᠋ᠤᠯᠴᠤᠳ ᠤᠨ 《ᠨᠠᠢ᠌ᠨᠠᠢ ᠶᠢᠨ ᠣᠪᠣᠭ᠎ᠠ》 ᠳᠠᠭᠢᠬᠤ ᠨᠢ ᠶᠠᠭ ᠣᠳᠤ ᠶᠢᠨ ᠵᠢᠷᠭᠤᠭᠠᠨ ᠰᠠᠷ᠎ᠠ ᠶᠢᠨ ᠨᠢᠭᠡᠨ ᠤ ᠬᠡᠦᠬᠡᠳ ᠤᠨ ᠳᠤᠷᠠᠰᠬᠠᠯ ᠤᠨ ᠡᠳᠦᠷ ᠶᠢᠡᠨ ᠪᠠᠯᠭᠡᠯᠡᠭᠦ ᠮᠠᠳᠤ ᠪᠠᠭᠠᠴᠤᠳ ᠬᠡᠦᠬᠡᠳ ᠤᠨ ᠬᠠᠮᠤᠭ ᠤᠨ ᠭᠦᠷ ᠭᠦᠭ᠍ᠵᠢᠶᠡ᠊ᠨᠳᠡᠢ ᠨᠠᠢ᠌ᠷ ᠨᠠᠭᠠᠳᠤᠮ ᠤᠨ ᠰᠢᠠᠵᠢ ᠲᠡᠶ ᠪᠠᠢ᠌ᠵᠤ᠂ ᠬᠡᠦᠬᠡᠳ ᠤᠨ ᠡᠷᠡᠭᠦᠯ ᠡᠩᠭᠡ ᠦᠰᠦᠨ ᠪᠣᠢ᠌ᠵᠢᠯᠳᠠ ᠶᠢ ᠵᠦᠩᠨᠠᠨ ᠪᠠᠯᠭᠡᠰᠢᠶᠡᠭ᠍ᠰᠡᠨ ᠪᠠᠢ᠌ᠨ᠎ᠠ᠃ 《ᠨᠠᠢ᠌ᠨᠠᠢ ᠶᠢᠨ ᠣᠪᠣᠭ᠎ᠠ》 ᠳᠠᠭᠢᠬᠤ ᠡᠳᠦᠷ ᠲᠤ ᠠᠢ᠌ᠯ ᠠᠢ᠌ᠮᠠᠭ ᠤᠨ ᠳᠤᠮᠳᠠ ᠪᠠᠨ ᠬᠠᠮᠤᠭ ᠤᠨ ᠦᠨᠳᠦᠷ ᠨᠠᠰᠤᠳᠠᠢ᠂ ᠡᠯᠢᠭᠡ ᠪᠦᠳᠤᠨ᠂ ᠬᠠᠷ᠎ᠠ ᠴᠠᠭᠠᠨ ᠦᠷ᠎ᠡ ᠠᠴᠢ ᠳᠡᠭ᠍ᠰᠢ᠂ ᠣᠬᠠᠭᠠᠨ ᠳᠤᠮᠤᠭ᠎ᠠ ᠲᠡᠶ᠂ ᠢᠳᠡᠭᠡᠯ ᠭᠦᠡᠳᠤ ᠲᠡᠶ ᠡᠮᠡᠭᠡᠨ ᠡᠵᠢ ᠶᠢ ᠵᠠᠯᠠᠵᠤ ᠳᠠᠭᠢᠯᠭ᠎ᠠ ᠶᠢᠨ ᠡᠵᠡᠨ ᠪᠣᠯᠭᠠᠨ᠎ᠠ᠃ ᠠᠷᠪᠠᠨ ᠭᠤᠷᠪᠠᠨ ᠨᠠᠰᠤᠨ ᠡᠴᠡ ᠳᠤᠷᠤᠭᠰᠢᠭᠢ ᠬᠡᠦᠬᠡᠳ ᠠᠯᠢ ᠰᠠᠢ᠌ᠬᠠᠨ ᠶᠢᠡᠨ ᠡᠮᠦᠰᠴᠤ ᠵᠡᠭᠦᠨ ᠣᠪᠣᠭᠠᠨ ᠳᠡᠭᠡᠷ᠎ᠡ ᠴᠤᠭᠯᠠᠷᠠᠨ ᠢᠷᠠᠨ᠎ᠠ᠃ ᠡᠨᠡ ᠦᠶ᠎ᠡ ᠳᠤ ᠬᠡᠦᠬᠡᠳ ᠤᠨ ᠵᠢᠯᠭᠡ ᠡᠪᠡᠳᠴᠢᠨ 花儿痘,麻疹)᠊ᠢ ᠰᠡᠷᠭᠡᠢ᠌ᠯᠡᠵᠤ ᠭᠠᠷ ᠤᠨ ᠬᠠᠷᠢᠳᠤ ᠳᠡᠭᠡᠷ᠎ᠡ ᠵᠠᠢ᠌ᠯᠠᠭᠰᠠᠨ ᠬᠤᠸᠠᠷ ᠭᠦᠷᠦᠰᠦᠯᠡᠵᠤ ᠭᠠᠵᠠ ᠰᠠᠭᠤᠬᠤ ᠪᠠᠢ᠌ᠭ᠎ᠠ ᠦᠶ᠎ᠡ ᠪᠣᠯᠬᠤ ᠪᠠ ᠬᠡᠦᠬᠡᠳ ᠤᠨ ᠮᠠᠩᠨᠠᠢ ᠶᠢᠨ ᠭᠤᠤᠯ ᠳᠤ ᠭᠦ᠋ ᠳᠦᠷᠭᠢᠵᠤ ᠴᠢᠳᠭᠦᠷ ᠰᠢᠮᠨᠤᠰ ᠤᠨ ᠬᠤᠤᠷᠯᠠᠯ ᠡᠴᠡ ᠵᠠᠢ᠌ᠯᠠᠭᠤᠯᠵᠤ ᠳᠤᠮ ᠰᠢᠪᠰᠢᠯᠭᠡ ᠭᠢᠵᠤ ᠨᠠᠢ᠌ᠨᠠᠢ ᠶᠢᠨ ᠣᠪᠣᠭ᠎ᠠ ᠶᠢᠨ ᠳᠠᠭᠢᠯᠭ᠎ᠠ ᠳᠤ ᠣᠷᠤᠯᠴᠠᠳᠠᠭ᠃

ᠣᠪᠣᠭ᠎ᠠ ᠪᠠᠨ ᠰᠢᠨᠡᠳᠭᠡᠨ ᠵᠠᠰᠠᠵᠤ᠂ ᠳᠤᠷᠭᠠᠨ ᠭᠢᠪ ᠶᠢᠡᠷ ᠯᠠᠪᠷᠢ ᠪᠣᠯᠭᠠᠨ ᠴᠢᠮᠡᠭᠡᠳ ᠴᠠᠭᠠᠨ ᠢᠷᠭᠡ ᠬᠤᠨᠢ ᠶᠢᠨ ᠪᠦᠭᠦᠯᠢ ᠪᠠᠷ ᠳᠠᠭᠢᠨ᠎ᠠ᠃ ᠡᠮᠡᠭᠡᠨ ᠡᠵᠢ ᠣᠪᠣᠭ᠎ᠠ ᠶᠢᠨ ᠣᠷᠤᠢ ᠳᠤ ᠭᠠᠷᠤᠭᠠᠤᠨ ᠭᠠᠵᠠᠷ ᠨᠤᠳᠤᠭ ᠤᠨ ᠡᠵᠡᠳ ᠰᠠᠭᠢᠭᠤᠯᠰᠤᠨ ᠳᠤ ᠳᠠᠭᠢᠯᠭ᠎ᠠ ᠡᠷᠭᠦᠨ ᠬᠡᠦᠬᠡᠳ ᠤᠨ ᠭᠡᠰᠢᠭ᠌ ᠪᠣᠶᠠᠨ ᠢ ᠬᠤᠷᠣᠢ᠌ᠯᠠᠨ

ᠣᠮ ᠰᠠᠢ᠌ᠨ ᠠᠮᠤᠭᠤᠯᠠᠩ ᠪᠣᠯᠳᠤᠭᠠᠢ

ᠠᠮᠢ ᠨᠠᠰᠤ ᠴᠢᠨᠢ ᠣᠷᠳᠤᠳᠬᠤ ᠪᠣᠯᠳᠤᠭᠠᠢ

ᠮᠥᠩᠭᠡ ᠨᠠᠰᠤ ᠶᠢ ᠨᠠᠰᠤᠯᠠᠬᠤ ᠪᠣᠯᠳᠤᠭᠠᠢ

ᠭᠠᠩᠭ᠋᠎ᠠ ᠳᠠᠷᠠᠰᠤ ᠶᠢᠨ ᠴᠠᠭᠠᠨ ᠠᠷᠰᠯᠠᠨ ᠮᠠᠳᠤ

ᠣᠮᠤᠭ ᠭᠦᠴᠤ ᠶᠡᠭᠡᠳᠡᠢ

ᠭᠠᠯᠪᠢᠷ ᠽᠠᠠᠳᠠᠨ ᠤ ᠰᠠᠯᠠᠭ᠎ᠠ ᠮᠠᠳᠤ

ᠪᠣᠶᠠᠨ ᠭᠡᠰᠢᠭ᠌ ᠶᠡᠭᠡᠳᠡᠢ

ᠳᠡᠭ᠍ᠷᠢ ᠡᠴᠡ ᠳᠡᠭ᠍ᠰᠢ ᠰᠠᠢ᠌ᠬᠠᠨ ᠵᠠᠶᠠᠭᠠᠳᠠᠢ

ᠣᠳᠤᠨ ᠡᠴᠡ ᠣᠯᠠᠨ ᠰᠠᠢ᠌ᠬᠠᠨ ᠳᠦᠷᠤᠯ ᠲᠡᠶ

ᠣᠷᠴᠢᠯᠠᠩ ᠡᠴᠡ ᠳᠦᠭᠦᠷᠡᠩ ᠰᠠᠢ᠌ᠬᠠᠨ ᠪᠣᠶᠠᠨ ᠲᠡᠶ

ᠳᠡᠭ᠍ᠷᠢ ᠶᠢᠨ ᠠᠭᠠᠷ ᠲ᠋ᠤ ᠳᠠᠳᠠᠭᠰᠠᠨ

ᠳᠠᠪᠤᠨ ᠥᠩᠭᠡ ᠶᠢᠨ ᠰᠤᠯᠤᠩᠭ᠋᠎ᠠ ᠡᠴᠡ

ᠭᠤᠶᠤ ᠰᠠᠢ᠌ᠬᠠᠨ ᠥᠵᠡᠰᠭᠦᠯᠡᠩ ᠲᠡᠶ

ᠲᠦᠪ ᠰᠠᠢ᠌ᠬᠠᠨ ᠳᠦᠷᠤ ᠳᠤᠮᠳᠠ

ᠳᠡᠭᠦᠯᠳᠡᠷ ᠶᠡᠭᠡ ᠪᠣᠶᠠᠨ ᠤ ᠳᠤᠮᠳᠠ

ᠲᠦᠪᠰᠢᠨ ᠳᠦᠷᠤ ᠶᠢᠨ ᠳᠡᠷᠢᠭᠦᠨ ᠳᠤ

ᠳᠦᠷᠤ ᠨᠠᠢ᠌ᠷ ᠤᠨ ᠳᠤᠮᠳᠠ

ᠳᠡᠭᠦᠰ ᠠᠮᠤᠭᠤᠯᠠᠩ ᠵᠢᠷᠭᠠᠬᠤ ᠪᠣᠯᠳᠤᠭᠠᠢ ᠭᠡᠵᠤ ᠵᠦᠩᠨᠠᠨ ᠢᠷᠦᠭᠡᠭᠡᠳ ᠠᠢ᠌ᠯ ᠠᠢ᠌ᠮᠠᠭ ᠤᠨ ᠬᠤᠪᠢ ᠣᠷᠤᠵᠤ ᠨᠡᠢ᠌ᠯᠡᠭᠦᠯᠦᠭ᠍ᠰᠡᠨ ᠣᠪᠣᠭᠠᠨ ᠰᠠᠴᠤᠯᠢ᠂ ᠳᠠᠭᠢᠯᠭ᠎ᠠ ᠶᠢᠨ ᠭᠡᠰᠢᠭ᠌ ᠡᠴᠡ ᠨᠢ ᠨᠠᠢ᠌ᠨᠠᠢ ᠡᠴᠡ ᠣᠪᠣᠭᠠᠨ ᠤ ᠣᠷᠤᠢ ᠳᠡᠭᠡᠷ᠎ᠡ ᠡᠴᠡ ᠨᠠᠯᠠᠤ ᠣᠷᠤᠭᠤ ᠭᠦᠴᠦᠯᠡᠨ ᠰᠠᠴᠤᠬᠤ ᠳᠤ ᠣᠯᠠᠨ ᠬᠡᠦᠬᠡᠳ ᠪᠣᠯᠢᠶᠠᠯᠳᠤᠨ ᠳᠡᠭᠦᠨ ᠢᠳᠠᠨ᠎ᠠ᠃ ᠡᠭᠦᠨ ᠢ ᠬᠤᠷᠴᠢᠨ ᠨᠤᠳᠤᠭ ᠲᠤ 《ᠨᠠᠢ᠌ᠨᠠᠢ ᠶᠢᠨ ᠪᠣᠤᠪᠣ ᠬᠠᠶᠠᠬᠤ》 ᠭᠡᠳᠡᠭ᠌᠃

ᠬᠤᠷᠴᠢᠨ ᠮᠤᠩᠭ᠋ᠤᠯᠴᠤᠳ ᠤᠨ 《ᠴᠠᠭᠠᠨ ᠡᠪᠦᠭᠡᠨ ᠤ ᠣᠪᠣᠭ᠎ᠠ》 ᠶ᠋ᠢ ᠶᠠᠭᠠᠭᠢᠵᠤ ᠳᠠᠭᠢᠳᠠᠭ ᠳᠤᠬᠠᠢ ᠰᠤᠷᠪᠣᠯᠵᠢ ᠮᠠᠲ᠋ᠸᠷᠢᠶᠠᠯ ᠬᠠᠷᠠᠬᠠᠨ ᠣᠯᠳᠠᠭ᠎ᠠ ᠦᠭᠡᠶ᠃ ᠥᠨᠡ᠊ᠨᠳᠡᠭᠡᠨ ᠭᠦᠮᠤᠨ ᠮᠠᠯ ᠤᠨ ᠦᠨᠢᠷ ᠦᠰᠦᠯᠳᠠ ᠶᠢᠨ ᠰᠠᠭᠢᠭᠤᠯᠰᠤᠨ ᠪᠣᠯᠤᠭᠰᠠᠨ ᠴᠠᠭᠠᠨ ᠡᠪᠦᠭᠡᠨ ᠤ ᠳᠤᠬᠠᠢ ᠳᠠᠭᠢᠯᠭ᠎ᠠ ᠪᠠᠢ᠌ᠬᠤ ᠳᠤ ᠪᠠᠨ ᠳᠠᠭᠠᠷᠠᠨ᠎ᠠ᠃ ᠣᠴᠢᠷ ᠨᠢ ᠨᠤᠳᠤᠭ ᠤᠨ ᠡᠪᠦᠭᠡᠳ ᠨᠠᠰᠤᠳᠠᠤᠨ ᠮᠢᠨᠢ ᠴᠠᠭᠠᠨ ᠬᠤᠪᠴᠠᠰᠤᠳᠤ᠂ ᠣᠷᠢᠶᠠᠮᠠᠯ ᠯᠤᠤ ᠶᠢᠨ ᠳᠠᠶᠠᠭᠳᠤ ᠴᠠᠭᠠᠨ ᠰᠠᠬᠠᠯᠳᠤ ᠡᠪᠦᠭᠡᠨ ᠵᠡᠭᠦᠳᠤᠨ ᠳᠤ ᠢᠷᠡᠭᠡᠳ ᠶᠠᠮᠠᠷ ᠨᠢᠭᠡᠨ ᠪᠠᠯᠭᠡ ᠳᠠᠮᠪᠠᠷᠢᠯ ᠲᠡᠶ ᠰᠤᠷᠭᠠᠯ ᠬᠠᠢ᠌ᠷᠠᠯᠠᠵᠤ ᠠᠮᠢᠳᠤᠷᠠᠯ ᠠᠬᠤᠢ ᠳ᠋ᠤᠨᠢ ᠰᠠᠢ᠌ᠨ ᠰᠠᠢ᠌ᠬᠠᠨ ᠵᠠᠮ ᠮᠦᠷ ᠵᠢᠭᠠᠯ᠎ᠠ ᠭᠡᠵᠤ ᠵᠥᠩᠳᠡᠭᠡᠨ ᠶᠠᠷᠢᠭᠠᠤᠨ ᠪᠠᠢ᠌ᠳᠠᠭ᠃

《ᠰᠢᠪᠳᠠᠭ ᠤᠨ ᠣᠪᠣᠭ᠎ᠠ》 ᠪᠣᠯ ᠬᠤᠰᠢᠭᠤ ᠨᠤᠳᠤᠭ ᠡᠴᠡ ᠪᠣᠶᠤ ᠠᠢ᠌ᠯ ᠠᠢ᠌ᠮᠠᠭ ᠡᠴᠡ ᠣᠷᠤᠰᠢᠨ ᠰᠠᠭᠤᠭ᠎ᠠ ᠨᠤᠳᠤᠭ ᠣᠰᠤᠨ ᠤ ᠨᠠᠪᠳᠠᠭ ᠰᠢᠪᠳᠠᠭ᠂ ᠡᠵᠡᠳ ᠰᠠᠭᠢᠭᠤᠯᠰᠤᠨ ᠶᠢᠡᠨ ᠪᠠᠶᠠᠰᠬᠠᠬᠤ ᠭᠡᠵᠤ ᠥᠡᠳᠦᠷᠯᠢᠭ᠌ ᠭᠠᠵᠠᠷ ᠢ ᠰᠤᠩᠭ᠋ᠤᠵᠤ ᠪᠣᠰᠬᠠᠭᠰᠠᠨ ᠣᠪᠣᠭ᠎ᠠ ᠪᠣᠯᠤᠨ᠎ᠠ᠃ ᠡᠨᠡ ᠳᠦᠷᠤᠯ ᠤᠨ ᠣᠪᠣᠭ᠎ᠠ ᠨᠢ ᠮᠤᠩᠭ᠋ᠤᠯ ᠣᠷᠤᠨ ᠶᠢᠡᠷ ᠳᠤᠭ᠎ᠠ ᠳᠤᠮᠰᠢ ᠦᠭᠡᠶ ᠣᠯᠠᠨ ᠪᠠᠢ᠌ᠳᠠᠭ᠃ ᠳᠠᠷᠬᠠᠨ ᠬᠤᠰᠢᠭᠤᠨ ᠤ ᠬᠤᠸᠠᠬᠤᠰᠢᠭᠤ ᠰᠤᠮᠤ ᠶᠢᠨ《ᠬᠤᠩᠭ᠋ᠤᠷ ᠣᠪᠣᠭ᠎ᠠ》 (ᠪᠠᠢ᠌ᠨ ᠪᠠᠢ᠌ᠨ ᠳᠠᠭᠢᠳᠠᠭ)᠂ ᠣᠪᠣᠭᠠᠨ ᠠᠢ᠌ᠯ ᠤᠨ《ᠰᠢᠷᠤᠢ ᠶᠢᠨ ᠣᠪᠣᠭ᠎ᠠ》 (ᠪᠠᠢ᠌ᠨ ᠪᠠᠢ᠌ᠨ ᠳᠠᠭᠢᠳᠠᠭ) ᠬᠠᠭ ᠤᠨ ᠰᠦᠮ᠎ᠡ ᠶᠢᠨ《ᠴᠢᠯᠠᠭᠤᠨ ᠣᠪᠣᠭ᠎ᠠ》 (ᠳᠠᠪᠤᠨ ᠰᠠᠷ᠎ᠠ ᠶᠢᠨ ᠠᠷᠪᠠᠨ ᠭᠤᠷᠪᠠᠨ᠂ ᠳᠤᠯᠤᠭᠠᠨ ᠰᠠᠷ᠎ᠠ ᠶᠢᠨ ᠰᠢᠨ᠎ᠠ ᠶᠢᠨ ᠬᠤᠶᠠᠷ ᠲᠤ ᠳᠠᠭᠢᠳᠠᠭ)᠂ ᠰᠢᠪᠠᠭᠡᠬᠤᠧᠨ ᠰᠤᠮᠤ ᠶᠢᠨ《ᠪᠠᠶᠠᠠᠬᠤᠰᠢᠭᠤ ᠶᠢᠨ ᠣᠪᠣᠭ᠎ᠠ》᠂ ᠬᠤᠸᠠᠳᠤᠭᠤᠯ ᠰᠤᠮᠤ ᠶᠢᠨ《ᠵᠤ᠋ ᠶᠢᠨ ᠣᠪᠣᠭ᠎ᠠ》 (ᠳᠠᠭᠢᠯᠭ᠎ᠠ ᠵᠤᠭᠰᠤᠭᠰᠠᠨ)᠂ ᠵᠢᠷᠦᠭᠡ ᠶᠢᠨ《ᠵᠢᠷᠦᠭᠡᠨ ᠣᠪᠣᠭ᠎ᠠ》 ᠵᠡᠷᠭᠡ ᠶᠢᠨ ᠡᠷᠳᠡᠨ ᠡᠳᠦᠭᠡ ᠶᠢᠨ ᠣᠪᠣᠭ᠎ᠠ ᠨᠤᠭᠤᠳ ᠨᠢ ᠥᠩᠭᠡᠷᠡᠭ᠍ᠰᠡᠨ ᠳᠤ ᠳᠠᠭᠢᠵᠤ ᠪᠠᠢ᠌ᠭᠰᠠᠨ᠂ ᠣᠳᠤ ᠴᠤ ᠳᠠᠭᠢᠵᠤ ᠪᠠᠢ᠌ᠭ᠎ᠠ᠂ ᠡᠰᠡᠭᠦᠯ᠎ᠡ ᠣᠳᠤ ᠳᠠᠭᠢᠬᠤ ᠪᠠᠨ ᠪᠣᠯᠢᠭᠰᠠᠨ ᠴᠤ ᠰᠤᠮᠤ ᠶᠢᠨ ᠨᠠᠷ᠎ᠠ᠂ ᠠᠢ᠌ᠯ ᠤᠨ ᠨᠠᠷ᠎ᠠ ᠪᠣᠯᠵᠤ ᠥᠯᠡᠳᠡᠭ᠍ᠰᠡᠨ ᠮᠠᠳᠤ ᠶᠢᠨ ᠶᠠᠩᠵᠤ ᠪᠦᠷᠢ ᠶᠢᠨ ᠪᠠᠢ᠌ᠳᠠᠯ ᠪᠠᠢ᠌ᠨ᠎ᠠ᠃ 《ᠰᠢᠪᠳᠠᠭ ᠤᠨ ᠣᠪᠣᠭ᠎ᠠ》 ᠳ᠋ᠤ 《ᠰᠦᠮ᠎ᠡ ᠭᠡᠢ᠌ᠤᠨ ᠤᠨ ᠣᠪᠣᠭ᠎ᠠ》᠂ 《ᠠᠢ᠌ᠯ ᠠᠢ᠌ᠮᠠᠭ ᠤᠨ ᠣᠪᠣᠭ᠎ᠠ》᠂ 《ᠨᠠᠭᠤᠷ ᠣᠰᠤᠨ ᠤ ᠣᠪᠣᠭ᠎ᠠ》᠂ 《ᠠᠮᠢᠳᠠᠨ ᠣᠷᠭᠤᠮᠠᠯ ᠤᠨ ᠣᠪᠣᠭ᠎ᠠ》᠂ 《ᠠᠪᠠ ᠠᠩᠨᠠᠭᠤᠷ ᠤᠨ ᠣᠪᠣᠭ᠎ᠠ》᠂ 《ᠳᠠᠯ᠎ᠠ ᠶᠢᠨ ᠣᠪᠣᠭ᠎ᠠ》 (ᠵᠥᠭ᠌ ᠴᠢᠭᠯᠡᠯ ᠢ ᠵᠢᠭᠠᠬᠤ) ᠭᠡᠭᠦ ᠵᠡᠷᠭᠡ ᠪᠣᠢ᠃

《ᠳᠡᠮᠳᠡᠭ᠌ ᠣᠪᠣᠭ᠎ᠠ》 ᠪᠣᠯ ᠨᠠᠭᠤᠷ ᠣᠰᠤᠨ ᠤ ᠭᠦᠪᠠᠭᠡ᠂ ᠪᠠᠷᠳᠠᠭ᠎ᠠ ᠳᠠᠪᠠᠭᠠᠨ ᠤ ᠭᠦᠳᠦᠯ᠂ ᠵᠠᠮ ᠤᠨ ᠠᠭᠤᠯᠵᠠᠭᠤᠷ᠂ ᠵᠠᠬ᠎ᠠ ᠭᠢᠯᠢ ᠶᠢᠨ ᠥᠵᠦᠭᠦᠷ᠂ ᠡᠭᠡᠷᠡᠮ᠎ᠡ ᠳᠠᠯ᠎ᠠ ᠶᠢᠨ ᠳᠤᠮᠳᠠ ᠵᠡᠷᠭᠡ ᠭᠠᠵᠠᠷ ᠤᠳ ᠲᠤ ᠪᠣᠰᠬᠠᠵᠤ ᠳᠡᠮᠳᠡᠭ᠌ ᠪᠣᠯᠭᠠᠭᠰᠠᠨ ᠣᠪᠣᠭ᠎ᠠ ᠶᠢ ᠭᠡᠯᠡᠨ᠎ᠡ᠃ ᠳᠠᠷᠠ ᠨᠢ ᠣᠷᠤᠨ ᠨᠤᠳᠤᠭ ᠤᠨ ᠶᠢᠡᠨ ᠬᠠᠮᠤᠭ ᠦᠨᠳᠦᠷ ᠰᠦᠷᠯᠢᠭ᠌᠂ ᠥᠵᠡᠰᠭᠦᠯᠡᠩ ᠰᠠᠢ᠌ᠬᠠᠨ ᠰᠦᠷ ᠪᠠᠷᠳᠠᠭ᠎ᠠ ᠲᠡᠶ ᠠᠭᠤᠯᠠ᠂ ᠬᠤᠧᠨ᠂ ᠵᠤ᠋ ᠮᠠᠳᠤ ᠶᠢᠨ 《ᠬᠠᠮᠤᠭ ᠶᠢ ᠰᠥᠭᠦᠳᠭᠡᠭ᠍ᠰᠡᠨ ᠮᠠᠳᠤ ᠰᠦᠷ ᠵᠢᠪᠬᠤᠯᠠᠩᠳᠤ ᠥᠡᠳᠦᠷᠯᠢᠭ᠌ ᠭᠠᠵᠠᠷ᠎ᠠ》 ᠪᠣᠰᠬᠠᠳᠠᠭ᠃ 《ᠳᠠᠪᠠᠭᠠᠨ ᠣᠪᠣᠭ᠎ᠠ》 ᠨᠢ 《ᠴᠠᠭᠠᠨ ᠮᠦᠷ ᠲᠡᠶ᠂ ᠴᠢᠠᠳᠠᠮᠤᠨᠢ ᠭᠡᠰᠢᠭ᠌ ᠲᠡᠶ》 ᠪᠠᠢ᠌ᠭ᠎ᠠ ᠪᠠᠨ ᠪᠠᠯᠭᠡᠳᠡᠵᠤ᠂ ᠪᠠᠷᠳᠠᠭᠠᠳᠤ ᠳᠠᠪᠠᠭ᠎ᠠ ᠶᠢ ᠠᠶᠤᠯ ᠦᠭᠡᠶ ᠡᠷᠡᠭᠦᠯ ᠡᠩᠭᠡ ᠪᠠᠷ ᠳᠠᠭᠤᠯᠠᠨ ᠭᠠᠷᠤᠭᠰᠠᠨ ᠳᠠᠭᠠᠨ ᠳᠠᠪᠠᠭᠠᠨ ᠤ ᠨᠠᠪᠳᠠᠭ ᠰᠢᠪᠳᠠᠭ ᠳᠠᠭᠠᠨ ᠳᠠᠭᠠᠳᠬᠠᠵᠤ ᠪᠣᠰᠬᠠᠭᠰᠠᠨ ᠪᠠᠢ᠌ᠳᠠᠭ᠃ 《ᠵᠠᠬ᠎ᠠ ᠭᠢᠯᠢ ᠶᠢᠨ ᠣᠪᠣᠭ᠎ᠠ》 ᠨᠢ ᠠᠢ᠌ᠯ ᠠᠢ᠌ᠯ᠂ ᠬᠤᠰᠢᠭᠤ ᠬᠤᠰᠢᠭᠤ ᠶᠢᠨ ᠬᠤᠭᠤᠷᠤᠠᠳᠤ ᠪᠠᠨ ᠵᠠᠬ᠎ᠠ ᠭᠢᠯᠢ ᠪᠠᠨ ᠳᠤᠳᠤᠳᠬᠠᠭᠰᠠᠨ ᠣᠪᠣᠭ᠎ᠠ ᠪᠣᠯᠬᠤ ᠶᠤᠮ᠃ 《ᠵᠥᠭ᠌ ᠴᠢᠭ᠌ ᠤᠨ ᠣᠪᠣᠭ᠎ᠠ》 ᠭᠡᠵᠤ ᠨᠠᠩ ᠣᠯᠠᠨ ᠪᠠᠢ᠌ᠳᠠᠭ᠃ ᠵᠠᠮ ᠤᠨ ᠠᠭᠤᠯᠵᠠᠭᠤᠷ᠂ ᠡᠭᠡᠷᠡᠮ᠎ᠡ ᠳᠠᠯ᠎ᠠ ᠶᠢᠨ ᠳᠤᠮᠳᠠ ᠪᠣᠰᠬᠠᠵᠤ᠂ ᠠᠶᠠᠨ ᠳᠠᠢ᠌ᠨ ᠣᠳᠤᠷ ᠨᠡᠭᠦᠳᠡᠯ ᠭᠢᠵᠤ ᠶᠠᠪᠣᠬᠤ ᠶᠢᠨ ᠵᠥᠭ᠌ ᠴᠢᠭ᠌ ᠶᠢᠡᠨ ᠢᠯᠭᠠᠵᠤ ᠪᠣᠰᠬᠠᠵᠠᠢ᠃ ᠡᠷᠳᠡᠨ ᠤ ᠮᠤᠩᠭ᠋ᠤᠯ ᠴᠡᠷᠢᠭ᠌ ᠦᠷᠤᠨᠠᠳᠠᠭᠢᠨ ᠶᠢᠡᠷ ᠳᠠᠢ᠌ᠳᠤᠵᠤ ᠶᠠᠪᠣᠬᠤ ᠳᠤ ᠪᠠᠨ ᠵᠥᠭ᠌ ᠴᠢᠭ᠌ ᠶᠢᠡᠨ ᠢᠯᠭᠠᠵᠤ᠂ ᠪᠣᠴᠠᠬᠤ ᠵᠠᠮ ᠶᠢᠡᠨ ᠳᠡᠮᠳᠡᠭᠯᠡᠵᠤ ᠮᠤᠳᠤ ᠴᠢᠯᠠᠭᠤ ᠪᠠᠷ ᠣᠯᠠᠨ ᠣᠯᠠᠨ ᠣᠪᠣᠭ᠎ᠠ ᠪᠣᠰᠬᠠᠵᠤ ᠪᠠᠢ᠌ᠭᠰᠠᠨ ᠢ ᠰᠤᠷᠪᠣᠯᠵᠢ ᠪᠢᠴᠢᠭ᠌ ᠲᠤ ᠳᠡᠮᠳᠡᠭᠯᠡᠭᠦᠰᠢᠳᠡᠢ᠃ 《ᠳᠡᠮᠳᠡᠭ᠌ ᠣᠪᠣᠭ᠎ᠠ》 ᠶ᠋ᠢ ᠪᠣᠰᠬᠠᠬᠤ ᠳᠠᠭᠠᠨ ᠡᠩ ᠶᠡᠷᠦᠮᠳᠡᠭ᠌ ᠤᠨ ᠪᠠᠢ᠌ᠵᠤ ᠳᠡᠭᠡᠵᠤ ᠰᠠᠩ ᠪᠦᠳᠦᠭᠡᠨ ᠰᠢᠳᠦᠭᠡᠨ ᠠᠮᠢᠯᠠᠭᠤᠯᠳᠠᠭ ᠦᠭᠡᠶ᠂ ᠵᠥᠭᠡᠷ ᠪᠣᠰᠬᠠᠭᠰᠠᠨ ᠪᠠᠢ᠌ᠳᠠᠭ᠃

     ᠭᠤᠷᠪᠠ᠂ ᠣᠪᠣᠭ᠎ᠠ ᠪᠣᠰᠬᠠᠵᠤ ᠠᠮᠢᠯᠠᠭᠤᠯᠬᠤ

ᠣᠪᠣᠭ᠎ᠠ ᠪᠣᠰᠬᠠᠵᠤ ᠠᠮᠢᠯᠠᠭᠤᠯᠬᠤ ᠳᠤ ᠡᠷᠭᠡᠪᠰᠢ ᠳᠤᠬᠠᠢ ᠶᠢᠨ ᠭᠠᠵᠠᠷ ᠤᠨ ᠰᠢᠳᠠᠳᠤ ᠪᠦᠭᠡ ᠪᠣᠶᠤ ᠬᠤᠪᠢᠯᠭᠠᠨ ᠯᠠᠮ᠎ᠠ ᠶᠢ ᠵᠠᠯᠠᠵᠤ ᠠᠪᠣᠷᠠᠯ ᠰᠤᠩᠳᠠᠭ ᠠᠪᠳᠠᠭ᠃ ᠬᠤᠷᠴᠢᠨ ᠨᠤᠳᠤᠭ ᠲᠤ ᠪᠦᠭᠡ ᠣᠯᠠᠨ ᠪᠠᠢ᠌ᠳᠠᠭ ᠳᠤᠯᠠ ᠵᠠᠷᠢᠮ ᠣᠪᠣᠭ᠎ᠠ ᠶᠢ ᠪᠦᠭᠡ ᠨᠡᠷ ᠡᠷᠭᠢᠯᠡᠨ ᠥᠢᠯᠡᠳᠦᠳᠡᠭ᠌᠃ ᠡᠨᠡ ᠦᠶ᠎ᠡ ᠳᠤ ᠯᠠᠮ᠎ᠠ ᠨᠡᠷ ᠢ ᠤᠢ᠌ᠷᠠᠳᠠᠭᠤᠯᠳᠠᠭ ᠦᠭᠡᠶ ᠭᠡᠨ᠎ᠡ᠃ ᠡᠭᠦᠨ ᠳᠤ ᠪᠤᠭᠡ ᠶᠢ ᠵᠠᠯᠠᠭᠰᠠᠨ ᠴᠤ᠂ ᠯᠠᠮ᠎ᠠ ᠶᠢ ᠵᠠᠯᠠᠭᠰᠠᠨ ᠴᠤ ᠣᠪᠣᠭ᠎ᠠ ᠳᠠᠭᠢᠯᠭ᠎ᠠ ᠶᠢᠨ ᠶᠤᠰᠤᠨ ᠪᠣᠯ ᠡᠷᠳᠡᠨ ᠤ ᠪᠦᠭᠡ ᠮᠦᠷᠭᠦᠯ ᠤᠨ ᠰᠤᠶᠤᠯ ᠪᠣᠯᠬᠤᠷ ᠲ᠋ᠠᠭᠢᠯᠭ᠎ᠠ ᠶᠢᠨ ᠣᠪᠣᠭ᠎ᠠ ᠶᠢ ᠪᠣᠰᠬᠠᠵᠤ ᠠᠮᠢᠯᠠᠭᠤᠯᠬᠤ ᠠᠷᠭ᠎ᠠ ᠭᠡᠯᠪᠠᠷᠢ᠂ ᠶᠤᠰᠤ ᠵᠢᠷᠤᠮ ᠨᠢ ᠦᠨᠳᠦᠰᠦᠨ ᠳᠡᠭᠡᠨ ᠠᠳᠠᠯᠢᠪᠳᠤᠷ ᠪᠠᠢ᠌ᠳᠠᠭ᠃ ᠣᠴᠢᠷ ᠨᠢ ᠰᠢᠷ᠎ᠠ ᠶᠢᠨ ᠱᠠᠰᠢᠨ ᠮᠤᠩᠭ᠋ᠤᠯ ᠣᠷᠤᠨ ᠳᠤ ᠪᠦᠭᠡ ᠶᠢᠨ ᠱᠠᠰᠢᠨ ᠢ ᠣᠷᠤᠯᠠᠵᠤ ᠨᠤᠶᠠᠷᠬᠠᠬᠤ ᠪᠠᠢ᠌ᠷᠢ ᠵᠢ ᠡᠵᠡᠯᠡᠭᠦ ᠳᠤ ᠪᠠᠨ ᠣᠷᠤᠨ ᠨᠤᠳᠤᠭ ᠤᠨ ᠮᠤᠩᠭ᠋ᠤᠯᠴᠤᠳ ᠤᠨ ᠣᠤᠷ ᠱᠠᠰᠢᠨ ᠤ ᠦᠵᠡᠯ ᠰᠡᠳᠬᠢᠯᠭᠡ ᠶᠢ ᠠᠮᠠᠷᠬᠠᠨ ᠡᠵᠡᠮᠳᠡᠭᠦ ᠶᠢᠨ ᠲᠦᠯᠦᠭᠡ ᠠᠷᠭ᠎ᠠ ᠦᠭᠡᠶ ᠪᠦᠭᠡ ᠶᠢᠨ ᠱᠠᠰᠢᠨ ᠤ ᠵᠠᠷᠢᠮ ᠵᠣᠢ᠌ᠯ ᠢ ᠳᠠᠷᠠ ᠭᠡᠪ ᠶᠢᠡᠷ ᠨᠢ ᠰᠢᠩᠭᠡᠭᠡᠨ ᠠᠪᠣᠭᠰᠠᠨ ᠪᠠᠢ᠌ᠨ᠎ᠠ᠃ ᠳᠤᠬᠠᠢ᠌ᠯᠠᠪᠠᠯ᠂ ᠯᠠᠮ᠎ᠠ ᠶᠢᠨ ᠨᠤᠮ ᠤᠨ ᠣᠩᠰᠢᠯᠭ᠎ᠠ ᠳᠤ ᠪᠠᠰᠠ ᠪᠦᠭᠡ ᠵᠢᠨ ᠱᠠᠰᠢᠨ ᠤ ᠣᠩᠭ᠋ᠤᠳ ᠰᠢᠳᠦᠭᠡᠨ᠂ ᠡᠵᠡᠳ ᠰᠠᠭᠢᠭᠤᠰᠤ ᠶᠢ᠌ ᠣᠷᠤᠭᠤᠯᠰᠠᠨ ᠪᠠ ᠪᠦᠭᠡ ᠶᠢᠨ ᠱᠠᠰᠢᠨ ᠤ ᠣᠩᠭ᠋ᠤᠳ ᠰᠢᠳᠦᠭᠡᠨ ᠢ ᠯᠠᠮ᠎ᠠ ᠶᠢᠨ ᠱᠠᠰᠢᠨ ᠤ ᠭᠦᠷᠦᠭ᠌ ᠵᠢᠷᠤᠭ ᠶᠢᠡᠷ ᠣᠷᠤᠯᠠᠭᠤᠯᠬᠤ ᠭᠡᠳ ᠳᠠᠢ᠌ᠯᠦᠭᠰᠡᠨ ᠦᠭᠡᠶ ᠶᠤᠮ᠃ ᠵᠠᠯᠠᠭᠳᠠᠭᠰᠠᠨ ᠯᠠᠮ᠎ᠠ ᠨᠢ ᠱᠤ᠋ ᠣᠷᠭᠢᠬᠤ᠂ ᠲᠦᠯᠭᠡ ᠥᠵᠡᠭᠦ᠂ ᠨᠤᠮ ᠣᠩᠰᠢᠵᠤ ᠪᠦᠳᠦᠭᠡᠯᠭᠡ ᠪᠦᠳᠦᠭᠡᠭᠦ᠂ ᠭᠡᠳᠤᠨ ᠰᠦᠨᠢ ᠪᠠᠷ ᠵᠡᠭᠦᠳᠤ ᠮᠠᠨᠠᠬᠤ ᠵᠡᠷᠭᠡ ᠠᠷᠭ᠎ᠠ ᠪᠠᠷ ᠣᠪᠣᠭ᠎ᠠ ᠪᠣᠰᠬᠠᠬᠤ ᠭᠠᠵᠠᠷ ᠪᠠ ᠴᠠᠭ ᠡᠳᠦᠷ ᠶᠢᠡᠨ ᠳᠤᠭᠳᠠᠭᠠᠨ᠎ᠠ᠃ ᠬᠠᠨ ᠭᠦᠮᠤᠨ ᠤ ᠣᠪᠣᠭ᠎ᠠ ᠪᠣᠯ ᠦᠨᠳᠦᠷ ᠠᠭᠤᠯᠠ ᠶᠢᠨ ᠣᠷᠭᠢᠯ ᠢ ᠰᠤᠩᠭ᠋ᠤᠨ᠎ᠠ᠃ ᠥᠭᠡᠷ᠎ᠡ ᠪᠣᠰᠤᠳ ᠣᠪᠣᠭ᠎ᠠ ᠨᠢ ᠠᠭᠤᠯᠠ ᠣᠰᠤᠨ᠂ ᠮᠤᠳᠤᠨ ᠳᠡᠭᠦᠯᠳᠡᠷ ᠠᠷᠠᠤᠨ ᠣᠯᠠᠨ ᠴᠤᠭᠯᠠᠷᠠᠵᠤ ᠪᠣᠯᠬᠤ ᠰᠦᠷ ᠵᠢᠪᠬᠤᠯᠠᠩ ᠲᠡᠶ ᠥᠡᠳᠦᠷᠯᠢᠭ᠌ ᠭᠠᠵᠠᠷ᠂ ᠬᠤᠧᠨ ᠵᠤ᠋ ᠮᠠᠳᠤ ᠶᠢᠨ ᠬᠤᠯᠠ ᠡᠴᠡ ᠢᠯᠠ ᠬᠠᠷᠠᠭᠳᠠᠬᠤ ᠭᠠᠵᠠᠷ ᠲᠤ ᠪᠣᠰᠬᠠᠳᠠᠭ᠃

ᠣᠪᠣᠭ᠎ᠠ ᠪᠣᠰᠬᠠᠬᠤ ᠭᠠᠵᠠᠷ ᠶᠢᠡᠨ᠂ ᠴᠠᠭ ᠶᠢᠡᠨ ᠳᠤᠭᠳᠠᠭᠠᠭᠰᠠᠨ ᠤ ᠳᠠᠷᠠᠭ᠎ᠠ ᠡᠮᠦᠨ᠎ᠡ ᠭᠤᠷᠪᠠᠨ ᠡᠳᠦᠷ ᠳᠤᠨᠢ ᠣᠪᠣᠭ᠎ᠠ ᠪᠣᠰᠬᠠᠬᠤ ᠭᠠᠵᠠᠷ ᠲᠠᠭᠠᠨ ᠴᠠᠴᠠᠷ ᠳᠠᠭᠳᠤ᠂ ᠭᠡᠷ ᠮᠠᠢ᠌ᠬᠠᠨ ᠪᠠᠢ᠌ᠭᠤᠯᠤᠨ᠂ ᠨᠤᠮ ᠨᠤᠮᠯᠠᠬᠤ ᠯᠠᠮ᠎ᠠ ᠪᠠᠨ ᠳᠤᠭᠳᠠᠭᠠᠨ᠂ ᠥᠢᠯᠡᠴᠢᠯᠭᠡᠨ ᠤ ᠭᠦᠮᠦᠰ ᠶᠢᠡᠨ ᠰᠤᠩᠭ᠋ᠤᠵᠤ ᠪᠠᠷᠢᠯᠭᠠᠴᠢᠨ ᠠᠵᠢᠯᠳᠠᠨ ᠶᠢᠡᠨ ᠰᠢᠯᠢᠭᠦ ᠮᠠᠳᠤ ᠶᠢᠨ ᠪᠡᠯᠡᠳᠭᠡᠯ ᠠᠵᠢᠯ ᠢ ᠡᠷᠭᠡᠪᠰᠢ ᠪᠦᠷᠢᠨ ᠪᠠᠯᠠᠨ ᠭᠦᠢᠴᠡᠳᠭᠡᠭᠦ ᠭᠡᠷᠡᠭ᠍ᠳᠡᠢ᠃

ᠣᠵᠠᠭᠤᠷ ᠮᠤᠩᠭ᠋ᠤᠯᠴᠤᠳ ᠡᠴᠡ ᠣᠪᠣᠭ᠎ᠠ ᠪᠣᠯᠭᠠᠨ ᠳᠤ ᠡᠵᠡᠳ ᠰᠠᠭᠢᠭᠤᠰᠤ ᠲᠡᠶ ᠭᠡᠵᠤ ᠰᠡᠳᠭᠢᠳᠡᠭ᠌ ᠪᠣᠯᠬᠤᠷ ᠣᠯᠠᠩᠭᠢ ᠣᠪᠣᠭ᠎ᠠ ᠶᠢ ᠪᠣᠰᠬᠠᠬᠤ ᠡᠴᠡ ᠪᠠᠨ ᠡᠮᠦᠨ᠎ᠡ ᠭᠠᠵᠠᠷ ᠳᠤᠤᠷ᠎ᠠ ᠨᠥᠭᠡ ᠮᠠᠯᠳᠠᠨ ᠡᠵᠡᠳ ᠰᠠᠭᠢᠭᠤᠰᠤ ᠳᠤ ᠪᠠᠨ ᠣᠷᠳᠤᠨ ᠭᠡᠷ ᠪᠠᠢ᠌ᠭᠤᠯᠵᠤ ᠶᠡᠭᠡ ᠰᠠᠩ ᠪᠦᠳᠦᠭᠡᠨ᠎ᠡ᠃ ᠳᠠᠷᠤᠢ ᠪᠣᠰᠬᠠᠬᠤ ᠡᠳᠦᠷ ᠳᠡᠭᠡᠷ᠎ᠡ ᠨᠢ ᠯᠠᠮ᠎ᠠ ᠨᠡᠷ ᠨᠢ ᠰᠤᠩᠭ᠋ᠤᠭᠳᠠᠭᠰᠠᠨ ᠭᠠᠵᠠᠷ ᠲᠤ ᠬᠤᠷᠠᠯ ᠬᠤᠷᠠᠵᠤ ᠨᠤᠮ ᠣᠩᠰᠢᠨ ᠭᠠᠵᠠᠷ ᠣᠰᠤᠨ ᠤ ᠨᠠᠪᠳᠠᠭ ᠰᠢᠪᠳᠠᠭ ᠢ ᠵᠠᠯᠠᠵᠤ ᠪᠠᠢ᠌ᠮᠠᠨ ᠰᠠ‍‌ᠶᠢ ᠪᠣᠰᠬᠠᠬᠤ ᠭᠠᠵᠠᠷ ᠶᠢᠡᠨ ᠭᠦᠡᠳᠡᠵᠤ ᠣᠪᠣᠭ᠎ᠠ ᠪᠣᠰᠬᠠᠬᠤ ᠠᠵᠢᠯ ᠶᠢᠡᠨ ᠡᠭᠢᠯᠡᠳᠡᠭ᠌᠃ ᠪᠠᠷᠢᠭᠠᠴᠢᠨ ᠠᠵᠢᠯᠳᠠᠨ ᠨᠡᠷ ᠮᠤᠩᠭ᠋ᠤᠯ ᠭᠡᠷ ᠤᠨ ᠭᠡᠯᠪᠠᠷᠢ ᠲᠡᠶ ᠨᠢᠭᠡ ᠵᠠᠩ ᠭᠢᠷᠢ ᠭᠦᠨ ᠨᠥᠭᠡ ᠣᠬᠤᠵᠤ᠂ ᠨᠥᠭᠡ ᠶᠢᠨ ᠣᠷᠤᠢ ᠶᠢ ᠮᠤᠩᠭ᠋ᠤᠯ ᠭᠡᠷ ᠤᠨ ᠮᠠᠶ‍ᠢᠭ ᠶᠢᠡᠷ ᠳᠦᠷᠪᠠᠨ ᠳᠤᠯᠭᠠᠭᠤᠷ᠂ ᠨᠢ᠋ᠮᠠᠨ ᠣᠨᠢ᠌ ᠶᠢ ᠳᠠᠭᠠᠷᠠᠭᠤᠯᠤᠨ᠂ ᠮᠠᠰᠢ ᠪᠠᠭᠢᠯᠢᠭ᠌ ᠪᠠᠭᠢ ᠳᠡᠭᠡᠪᠦᠷᠢᠯᠡᠨ ᠪᠢᠳᠡᠭᠦᠯᠦᠨ᠎ᠡ᠃ ᠣᠷᠤᠭᠰᠢ ᠡᠭᠦᠳᠡ ᠭᠠᠷᠭᠠᠨ ᠣᠷᠳᠤᠨ ᠳᠤ ᠣᠷᠤᠬᠤ ᠵᠠᠮ ᠢ ᠴᠢᠯᠠᠭᠤ ᠳᠤᠭᠤᠰᠬ᠎ᠠ ᠪᠠᠷ ᠰᠠᠢ᠌ᠬᠠᠨ ᠳᠠᠪᠢᠰᠤᠨ᠎ᠠ᠃

ᠨᠤᠮ ᠡᠭᠢᠯᠡᠵᠤ ᠣᠩᠰᠢᠭᠰᠠᠨ ᠤ ᠬᠤᠷᠢᠨ ᠨᠢᠭᠡᠳᠦᠭᠡᠷ ᠡᠳᠦᠷ ᠳᠤᠨᠢ ᠣᠪᠣᠭ᠎ᠠ ᠪᠦᠳᠦᠭᠡᠯᠭᠡ ᠶᠢᠨ ᠠᠵᠢᠯ ᠪᠦᠷᠢᠮᠦᠰᠤᠨ ᠳᠠᠭᠤᠰᠬᠤ ᠭᠡᠷᠡᠭ᠍ᠳᠡᠢ᠃ ᠳᠡᠭᠡᠭᠡᠳ ᠯᠠᠮ᠎ᠠ ᠨᠡᠷ ᠣᠪᠣᠭᠠᠨ ᠡᠵᠡᠳ ᠲᠤ ᠳᠠᠭᠢᠯᠭ᠎ᠠ ᠪᠡᠯᠡᠳᠭᠡᠨ᠎ᠡ᠃ ᠬᠠᠮᠤᠭ ᠳᠡᠷᠢᠭᠦᠨ ᠳᠤ ᠣᠷᠳᠤᠨ ᠤ ᠭᠦᠰᠡᠷ ᠤᠨ ᠭᠤᠤᠯ ᠳᠤᠮᠳᠠ ᠪᠦᠳᠦᠭᠦᠨ ᠳᠦᠷᠪᠠᠯᠵᠢᠨ ᠱᠤᠩ ᠪᠣᠰᠬᠠᠵᠤ᠂ ᠳᠦᠷᠪᠠᠨ ᠨᠢᠭᠤᠷ ᠳᠠᠯ᠎ᠠ ᠳᠤ ᠨᠢ ᠣᠪᠣᠭ᠎ᠠ ᠪᠣᠰᠬᠠᠭᠰᠠᠨ ᠭᠦᠮᠤᠨ᠂ ᠬᠤᠰᠢᠭᠤ ᠠᠢ᠌ᠯ ᠠᠢ᠌ᠮᠠᠭ ᠤᠨ ᠨᠠᠷ᠎ᠠ᠂ ᠨᠤᠮᠯᠠᠭᠰᠠᠨ ᠳᠡᠭᠡᠳᠤ ᠯᠠᠮ᠎ᠠ᠂ ᠣᠩᠰᠢᠭᠰᠠᠨ ᠨᠤᠮ ᠤᠨ ᠨᠠᠷ᠎ᠠ ᠵᠢᠴᠢ ᠪᠠᠢ᠌ᠭᠤᠯᠤᠭᠰᠠᠨ ᠣᠨ᠂ ᠰᠠᠷ᠎ᠠ᠂ ᠡᠳᠦᠷ ᠵᠡᠷᠭᠡ ᠶᠢ ᠪᠢᠴᠢᠵᠤ᠂ ᠡᠰᠡᠭᠦᠯ᠎ᠡ ᠰᠠᠢ᠌ᠯᠵᠤ ᠭᠠᠷᠭᠠᠭᠠᠤᠨ ᠭᠠᠳᠠᠭᠤᠷ ᠨᠢ ᠣᠯᠠᠭᠠᠨ ᠳᠤᠷᠭ᠎ᠠ ᠪᠠᠷ ᠪᠦᠷᠭᠦᠵᠤ ᠪᠦᠳᠡᠭᠡᠵᠤ ᠳᠠᠯᠪᠢᠨ᠎ᠠ᠃ ᠠᠷᠤ ᠳᠠᠯ᠎ᠠ ᠶᠢᠨ ᠳᠠᠭᠢᠯᠭ᠎ᠠ ᠶᠢᠨ ᠳᠠᠪᠴᠠᠩ ᠤᠨ ᠣᠷᠳᠤ ᠳᠠᠯ᠎ᠠ ᠳᠤ ᠣᠪᠣᠭᠠᠨ ᠡᠵᠡᠨ ᠰᠢᠪᠳᠠᠭ ᠶᠢᠡᠨ ᠳᠠᠭᠢᠨ᠎ᠠ᠃ ᠵᠡᠭᠦᠨ᠂ ᠪᠠᠷᠠᠭᠤᠨ᠂ ᠬᠣᠢ᠌ᠳᠤ ᠭᠤᠷᠪᠠᠨ ᠳᠠᠯ᠎ᠠ ᠳᠤ ᠨᠢ ᠨᠠᠶᠠᠨ ᠬᠤᠶᠠᠷ ᠳ᠋ᠸᠪᠠᠵᠠᠨ ᠢ ᠳᠤᠭᠤᠷᠢᠭᠤᠯᠤᠨ ᠳᠠᠭᠢᠨ᠎ᠠ᠃ ᠡᠭᠦᠨ ᠳᠤ ᠰᠢᠪᠳᠠᠭ ᠪᠣᠶᠤ ᠳ᠋ᠸᠪᠠᠵᠠᠤᠨ ᠤᠨ ᠳᠦᠷᠢ ᠳᠦᠷᠭᠦ ᠶᠢ ᠪᠦᠰ ᠳᠡᠭᠡᠷ᠎ᠡ ᠵᠢᠷᠤᠬᠤ᠂ ᠮᠤᠳᠤᠨ ᠬᠠᠪᠳᠠᠰᠤᠨ ᠳᠡᠭᠡᠷ᠎ᠡ ᠰᠡᠢ᠌ᠯᠭᠦ ᠪᠠ ᠭᠠᠤᠯᠢ ᠵᠠᠰ᠂ ᠭᠦᠷᠡᠯ ᠮᠠᠳᠤ ᠶᠢᠨ ᠳᠡᠮᠦᠷᠯᠢᠭ᠌ ᠤᠨ ᠵᠣᠢ᠌ᠯᠠᠰ ᠶᠢᠡᠷ ᠴᠢᠳᠬᠤᠵᠤ ᠪᠦᠳᠦᠭᠡᠭ᠍ᠰᠡᠨ ᠪᠠᠢ᠌ᠳᠠᠭ᠃ ᠡᠮᠦᠨ᠎ᠡ ᠨᠢ ᠮᠥᠩᠭᠦ᠂ ᠭᠠᠤᠯᠢ ᠵᠠᠰ ᠤᠨ ᠭᠤᠷᠪᠠᠨ ᠳᠤᠮᠤ ᠴᠥᠭᠦᠴᠡ ᠳᠤ ᠵᠤᠯᠠ ᠠᠰᠠᠭᠠᠨ ᠣᠷᠳᠤᠨ ᠢ ᠦᠪᠴᠢ ᠭᠡᠷᠡᠯᠳᠦᠭᠦᠯᠦᠨ᠎ᠡ᠃ ᠭᠠᠤᠯᠢᠨ ᠠᠶᠠᠭᠠᠨ ᠳᠤ ᠮᠠᠩᠵᠢᠨ ᠤ ᠳᠡᠭᠡᠵᠢ᠂ ᠭᠠᠤᠯᠢᠨ ᠬᠤᠠᠳᠠᠭᠠᠨ ᠳᠤ ᠰᠠᠷᠬᠤᠤᠨ ᠤᠨ ᠳᠡᠭᠡᠵᠢ᠂ ᠭᠤᠷᠪᠠᠨ ᠭᠠᠤᠯᠢᠨ ᠫᠢᠯᠠ ᠳᠤ ᠴᠠᠭᠠᠨ ᠢᠳᠡᠭᠡ᠂ ᠪᠣᠤᠪᠣ ᠪᠣᠭᠤᠷᠰᠤᠭ᠂ ᠰᠢᠭᠢᠷ ᠪᠣᠷᠠᠮ ᠤᠨ ᠠᠮᠳᠠᠳᠠᠨ ᠢ ᠳᠠᠭᠢᠵᠤ ᠳᠠᠯᠪᠢᠨ᠎ᠠ᠃ ᠳᠡᠭᠦᠨ ᠤ ᠡᠮᠦᠨ᠎ᠡ ᠨᠢ ᠪᠠᠰᠠ ᠶ‍ᠢᠰᠤᠨ ᠶᠤᠸᠠᠮᠪᠣᠤ ᠶᠢ ᠵᠡᠷᠭᠡᠯᠡᠨ ᠳᠠᠯᠪᠢᠵᠤ ᠳᠠᠭᠢᠨ᠎ᠠ᠃ ᠪᠠᠷᠠᠭᠤᠨ ᠳᠠᠯ᠎ᠠ ᠶᠢᠨ ᠳᠠᠪᠴᠠᠩ ᠳᠡᠭᠡᠷ᠎ᠡ ᠨᠢ ᠣᠪᠣᠭᠠᠨ ᠰᠢᠪᠳᠠᠭ ᠤᠨ ᠭᠡᠷᠡᠭᠯᠡᠭᠦ ᠳᠦᠷᠪᠠᠨ ᠣᠯᠠᠷᠢᠯ ᠤᠨ ᠬᠤᠪᠴᠠᠰᠤ ᠬᠤᠨᠠᠷ᠂ ᠭᠢᠳᠤᠭ᠎ᠠ ᠰᠠᠯᠠᠮ᠎ᠠ᠂ ᠡᠮᠡᠭᠡᠯ ᠬᠠᠵᠠᠭᠠᠷ ᠵᠡᠷᠭᠡ ᠶᠢᠨ ᠵᠣᠢ᠌ᠯᠠᠰ ᠢ ᠳᠡᠭ᠍ᠰᠢᠭᠡᠨ ᠳᠠᠯᠪᠢᠨ᠎ᠠ᠃ ᠽᠠᠠᠳᠠᠨ ᠱᠤᠩ ᠤᠨ ᠡᠮᠦᠨ᠎ᠡ ᠳᠠᠯ᠎ᠠ ᠳ᠋ᠤᠨᠢ ᠳᠤᠯᠭ᠎ᠠ ᠶᠢᠨ ᠭᠦᠷᠢᠶ᠎ᠡ ᠳᠤᠭᠢᠷᠠᠭᠤᠯᠵᠤ᠂ ᠳᠤᠮᠳᠠ ᠨᠢ ᠭᠠᠤᠯᠢᠨ ᠳᠤᠭᠤᠭ᠎ᠠ ᠳᠠᠯᠪᠢᠭᠰᠠᠨ ᠭᠠᠩ ᠳᠤᠯᠭ᠎ᠠ ᠪᠣᠰᠬᠠᠵᠤ ᠳᠤᠳᠤᠷ᠎ᠠ ᠨᠢ ᠽᠠᠠᠳᠠᠠ᠂ ᠬᠠᠢ᠌ᠯᠠᠰᠤ ᠵᠡᠷᠭᠡ ᠶᠢᠨ ᠮᠤᠳᠤ ᠶᠢ ᠳᠢᠭ᠌ ᠲᠡᠶ ᠳᠠᠯᠪᠢᠵᠤ ᠭᠠᠯ ᠲᠦᠯᠦᠭᠦ ᠮᠠᠶ‍ᠢᠭ ᠭᠠᠷᠭᠠᠨ᠎ᠠ᠃ ᠭᠠᠤᠯᠢᠨ ᠳᠠᠪᠣᠷ᠎ᠠ᠂ ᠰᠠᠭᠤᠯᠭ᠎ᠠ᠂ ᠰᠢᠨᠠᠭ᠎ᠠ᠂ ᠬᠤᠰᠤᠭᠤᠷ ᠪᠠ ᠭᠠᠯ ᠤᠨ ᠬᠠᠢ᠌ᠴᠢ ᠵᠡᠷᠭᠡ ᠶᠢᠨ ᠭᠡᠷᠡᠭᠯᠡᠭᠦᠷ ᠢ ᠳᠠᠯᠪᠢᠨ᠎ᠠ᠃ ᠪᠦᠭᠦᠢᠯᠡ ᠳᠠᠭᠢᠯᠭ᠎ᠠ ᠶᠢᠨ ᠵᠣᠢ᠌ᠯ ᠶᠢᠡᠨ ᠪᠡᠯᠡᠳᠭᠡᠵᠤ ᠳᠠᠯᠪᠢᠭᠰᠠᠨ ᠤ ᠳᠠᠷᠠᠭ᠎ᠠ᠂ ᠣᠷᠳᠤᠨ ᠭᠡᠷ ᠲᠤ ᠦᠪᠴᠢ ᠳᠡᠪᠢᠰᠭᠡᠷ ᠳᠠᠪᠢᠰᠴᠤ ᠮᠦᠨ ᠭᠡᠳᠤᠨ ᠭᠡᠪᠢᠰ ᠣᠯᠪᠣᠭ ᠳᠠᠯᠪᠢᠵᠤ ᠭᠤᠷᠪᠠᠨ ᠯᠠᠮ᠎ᠠ ᠰᠠᠭᠤᠭᠠᠤᠨ ᠰᠠᠩ ᠤᠨ ᠣᠩᠰᠢᠯᠭ᠎ᠠ ᠰᠠᠷᠵᠢᠮ ᠤᠨ ᠣᠩᠰᠢᠯᠭ᠎ᠠ ᠶᠢ ᠭᠤᠷᠪᠠᠨ ᠡᠳᠦᠷ ᠣᠩᠰᠢᠨ᠎ᠠ᠃ ᠪᠠᠷᠠᠭᠰᠠᠨ ᠤ ᠳᠠᠷᠠᠭ᠎ᠠ ᠣᠷᠳᠤᠨ ᠡᠴᠡ ᠭᠠᠷᠬᠤ ᠳᠤ ᠪᠠᠨ ᠡᠭᠦᠳᠡ ᠶᠢ ᠰᠠᠢ᠌ᠬᠠᠨ ᠳᠠᠷᠤᠵᠤ᠂ ᠯᠠᠪᠠᠢ ᠳᠤᠩ᠂ ᠬᠠᠰ ᠤᠨ ᠳᠠᠮᠠᠭ᠎ᠠ ᠳᠠᠷᠤᠮᠯᠠᠨ ᠴᠢᠮᠡᠭᠯᠡᠭ᠍ᠰᠡᠨ ᠴᠠᠭᠠᠨ ᠳᠤᠷᠭ᠎ᠠ ᠪᠠᠷ ᠪᠦᠷᠭᠦᠭᠦ ᠪᠦᠭᠡᠳ ᠭᠠᠳᠠᠨ᠎ᠠ ᠡᠴᠡ ᠨᠢ ᠴᠢᠯᠠᠭᠤ ᠴᠤᠬᠤᠢ ᠪᠠᠷ ᠰᠠᠢ᠌ᠳᠤᠷ ᠪᠠᠭᠢᠯᠠᠵᠤ ᠰᠢᠷᠤᠢ ᠳᠤᠭᠤᠰᠤ ᠣᠰᠤ ᠴᠠᠰᠤ ᠣᠷᠤᠬᠤ ᠶᠢ ᠰᠡᠷᠭᠡᠢ᠌ᠯᠡᠨ᠎ᠡ᠃

ᠭᠡᠯᠡᠯᠭᠡᠨ ᠦᠭᠡᠶ ᠮᠤᠩᠭ᠋ᠤᠯ ᠭᠠᠵᠠᠷ ᠳᠤᠭ᠎ᠠ ᠳᠤᠮᠰᠢ ᠦᠭᠡᠶ ᠣᠯᠠᠨ ᠣᠪᠣᠭ᠎ᠠ ᠪᠠᠢ᠌ᠭ᠎ᠠ ᠪᠣᠯᠬᠤᠷ ᠳᠠᠷᠠ ᠪᠦᠭᠦᠨ ᠳ᠋ᠤᠨᠢ ᠳᠡᠭᠡᠷᠡᠭᠢ ᠮᠠᠳᠤ ᠰᠠᠩ ᠪᠦᠳᠦᠭᠡᠵᠤ ᠪᠣᠰᠬᠠᠬᠤ ᠪᠢᠰᠢ᠃ ᠠᠯᠢ ᠣᠯᠠᠨ ᠡᠩ ᠤᠨ ᠣᠪᠣᠭ᠎ᠠ᠂ ᠳᠡᠮᠳᠡᠭ᠌ ᠣᠪᠣᠭ᠎ᠠ ᠨᠢ ᠪᠦᠷ ᠴᠤ ᠰᠠᠩ ᠳᠠᠷᠤᠭᠰᠠᠨ ᠦᠭᠡᠶ ᠪᠠᠷ ᠵᠥᠭᠡᠷ ᠪᠣᠰᠬᠠᠭᠰᠠᠨ ᠪᠠᠢ᠌ᠳᠠᠭ᠃ ᠪᠠᠭ᠎ᠠ ᠰᠢᠭ ᠣᠪᠣᠭ᠎ᠠ ᠪᠣᠶᠤ ᠰᠤᠮᠤ ᠶᠢᠨ ᠣᠪᠣᠭ᠎ᠠ ᠶᠢ ᠪᠣᠰᠬᠠᠬᠤ ᠳᠤ ᠪᠠᠨ ᠯᠠᠮ᠎ᠠ ᠨᠡᠷ ᠶᠢᠡᠷ ᠳᠠᠷᠨᠢᠳᠠᠭᠤᠯᠤᠭᠰᠠᠨ ᠳᠠᠪᠤᠨ ᠳᠠᠷᠢᠶ᠎ᠠ ᠶᠢᠨ ᠦᠷ᠎ᠡ᠂ ᠮᠠᠯ ᠤᠨ ᠭᠡᠰᠢᠭ᠌᠂ ᠮᠠᠨᠢ ᠶᠢᠨ ᠵᠢᠷᠭᠤᠭᠠᠨ ᠥᠰᠦᠭ᠌ ᠲᠡᠶ ᠳᠠᠷᠴᠤᠭ ᠵᠡᠷᠭᠡ ᠶᠢ ᠰᠢᠷᠤᠢ ᠶᠢᠨ ᠯᠤᠩᠬᠤᠨ ᠳᠤ ᠭᠢᠭᠦ ᠪᠣᠶᠤ ᠴᠢᠯᠠᠭᠤᠨ ᠳᠤᠮᠳᠠ ᠬᠠᠰᠢᠵᠤ ᠳᠠᠯᠪᠢᠭᠠᠤᠨ ᠳᠡᠭᠡᠷ᠎ᠡ ᠨᠢ ᠣᠪᠣᠭ᠎ᠠ ᠪᠠᠨ ᠪᠣᠰᠬᠠᠳᠠᠭ᠃

ᠡᠨᠡᠭᠦ ᠪᠠᠢ᠌ᠭᠤᠯᠤᠭᠰᠠᠨ ᠣᠷᠳᠤᠨ ᠤ ᠳᠡᠭᠡᠷ᠎ᠡ ᠣᠪᠣᠭ᠎ᠠ ᠪᠣᠰᠬᠠᠬᠤ ᠳᠤ ᠪᠠᠨ ᠴᠢᠯᠠᠭᠤ᠂ ᠳᠤᠭᠤᠰᠬ᠎ᠠ᠂ ᠮᠤᠳᠤ᠂ ᠰᠢᠷᠤᠢ ᠵᠡᠷᠭᠡ ᠶᠢᠨ ᠠᠯᠢ ᠨᠢᠭᠡ ᠪᠠᠷ ᠨᠢ ᠶ‍ᠢᠰᠤᠨ ᠳᠤᠬᠤᠢ ᠦᠨᠳᠦᠷ᠂ ᠶ‍ᠢᠰᠤᠨ ᠳᠤᠬᠤᠢ ᠳ᠋ᠢᠶᠠᠮᠸᠲ᠋ᠷ ᠰᠠᠭᠤᠷᠢ ᠲᠡᠶ ᠭᠤᠷᠪᠠ ᠳᠡᠭ᠍ᠳᠡᠷᠯᠡᠨ ᠪᠣᠰᠬᠠᠵᠤ ᠳᠡᠭ᠍ᠳᠡᠷ ᠱᠠᠳᠤ ᠪᠦᠷᠢ ᠳᠤ ᠨᠠᠷᠠᠰᠤ᠂ ᠮᠠᠢ᠌ᠯᠠᠰᠤ᠂ ᠨᠠᠢ᠌ᠯᠵᠠᠭᠤᠷ ᠪᠣᠷᠭᠠᠰᠤ ᠵᠡᠷᠭᠡ ᠶᠢ ᠳᠤᠭᠤᠷᠢᠭᠤᠯᠤᠨ ᠢᠭᠴᠤ ᠬᠠᠳᠬᠤᠵᠤ ᠣᠪᠣᠭᠠᠨ ᠤ ᠣᠷᠤᠢ ᠶᠢᠨ ᠳᠡᠭ᠌ ᠳᠤᠮᠳᠠ ᠨᠢ ᠭᠠᠤᠯᠢᠨ ᠣᠷᠤᠢ ᠲᠡᠶ ᠽᠠᠠᠳᠠᠨ ᠮᠤᠳᠤᠨ ᠳ᠋ᠦᠭ ᠢ ᠪᠣᠰᠬᠠᠵᠤ ᠳᠡᠭᠦᠨ ᠡᠴᠡ ᠳᠦᠷᠪᠠᠨ ᠳᠠᠯ᠎ᠠ ᠳᠠᠰᠢ ᠪᠠᠨ ᠰᠤᠩᠳᠠᠭ ᠵᠠᠯ᠎ᠠ ᠳᠠᠳᠠᠵᠤ᠂ ᠰᠤᠩᠳᠠᠭ ᠡᠴᠡ ᠪᠠᠨ ᠳᠦᠷᠪᠠᠨ ᠭᠦᠴᠦᠳᠡᠨ ᠲ᠋ᠡᠭᠡᠷ᠎ᠡ ᠳᠠᠯ᠎ᠠ ᠶᠢᠨ ᠪᠠᠷᠠᠭᠤᠨ ᠥᠡᠴᠦᠭ᠌ ᠲᠤ ᠯᠤᠤ ᠵᠢᠷᠤᠵᠤ᠂ ᠵᠡᠭᠦᠨ ᠥᠡᠴᠦᠭ᠌ ᠲᠤ ᠭᠠᠷᠤᠳᠢ ᠵᠢᠷᠤᠨ᠎ᠠ᠃ ᠳᠤᠤᠷ᠎ᠠ ᠳᠠᠯ᠎ᠠ ᠶᠢᠨ ᠵᠡᠭᠦᠨ ᠥᠡᠴᠦᠭ᠌ ᠲᠤ ᠪᠠᠷᠰ ᠵᠢᠷᠤᠵᠤ᠂ ᠪᠠᠷᠠᠭᠤᠨ ᠥᠡᠴᠦᠭ᠌ ᠲᠤ ᠠᠷᠰᠯᠠᠨ ᠵᠢᠷᠤᠨ᠎ᠠ᠂ ᠳᠠᠪᠤᠨ ᠬᠤᠰᠢᠭᠤ ᠮᠠᠯ᠂ ᠮᠠᠨᠢ ᠶᠢᠨ ᠵᠢᠷᠭᠤᠭᠠᠨ ᠥᠰᠦᠭ᠌ ᠵᠡᠷᠭᠡ ᠶᠢ ᠵᠢᠷᠤᠵᠤ ᠪᠢᠴᠢᠨ ᠯᠠᠪᠷᠢ ᠪᠣᠯᠭᠠᠨ ᠣᠠᠵᠢᠭᠤᠯᠤᠨ ᠡᠯᠭᠦᠨ᠎ᠡ᠃

ᠣᠪᠣᠭ᠎ᠠ ᠪᠠᠷᠢᠯᠭ᠎ᠠ ᠪᠦᠳᠦᠭ᠍ᠰᠡᠨ ᠤ ᠳᠠᠷᠠᠭ᠎ᠠ ᠯᠠᠮ᠎ᠠ ᠨᠡᠷ ᠣᠩᠰᠢᠯᠭ᠎ᠠ ᠪᠠᠨ ᠣᠩᠰᠢᠵᠤ ᠬᠤᠩᠬᠤ ᠳᠠᠮᠠᠷᠤ ᠪᠠᠨ ᠳᠤᠤᠭᠠᠷᠭᠠᠨ᠂ ᠭᠡᠩᠭᠡᠷᠭᠡ ᠴᠠᠩ ᠶᠢᠡᠨ ᠳᠠᠯᠠᠳᠴᠤ᠂ ᠪᠦᠷᠢᠶ᠎ᠡ ᠪᠢᠰᠭᠢᠭᠦᠷ ᠦᠯᠢᠶᠠᠨ ᠴᠤᠭ ᠵᠢᠪᠬᠤᠯᠠᠩ ᠲᠡᠶ᠂ ᠰᠦᠷ ᠳᠠᠯᠠᠢ᠌ᠴᠠ ᠲᠡᠶ ᠬᠤᠷᠠᠯ ᠬᠤᠷᠠᠵᠤ ᠰᠠᠩ ᠳᠠᠯᠪᠢᠨ 《ᠫᠣᠩᠰᠤᠭᠷᠠᠰᠢ》 ᠪᠦᠷᠢᠨ ᠦᠯᠵᠡᠢ ᠭᠡᠮᠡᠭ᠍ᠳᠡᠭᠦ ᠳᠠᠯᠠᠯᠭ᠎ᠠ ᠣᠷᠤᠰᠢᠪᠠᠢ ᠣᠩᠰᠢᠨ᠎ᠠ᠃

ᠵᠢᠯ ᠪᠦᠷᠢ ᠶᠢᠨ ᠣᠪᠣᠭ᠎ᠠ ᠳᠠᠭᠢᠯᠭ᠎ᠠ ᠳᠤ ᠯᠠᠮ᠎ᠠ ᠨᠡᠷ ᠢ ᠵᠠᠯᠠᠵᠤ ᠡᠳᠦᠷ ᠥᠵᠡᠭᠦᠯᠦᠨ᠎ᠡ᠃ ᠳᠠᠷᠤᠢ ᠪᠢᠯᠢᠭ᠌ ᠤᠨ ᠣᠯᠠᠷᠢᠯ ᠤᠨ ᠳᠠᠪᠤᠨ ᠰᠠᠷ᠎ᠠ ᠶᠢᠨ ᠶ‍ᠢᠰᠤᠨ᠂ ᠠᠷᠪᠠᠨ ᠭᠤᠷᠪᠠᠨ᠂ ᠬᠤᠷᠢᠨ ᠳᠠᠪᠤᠨ ᠪᠣᠶᠤ ᠵᠢᠷᠭᠤᠭᠠᠨ ᠰᠠᠷ᠎ᠠ ᠶᠢᠨ ᠬᠤᠷᠢᠨ ᠳᠠᠪᠤᠨ᠂ ᠬᠤᠷᠢᠨ ᠵᠢᠷᠭᠤᠭᠠᠨ ᠡᠰᠡᠭᠦᠯ᠎ᠡ ᠳᠤᠯᠤᠭᠠᠨ ᠰᠠᠷ᠎ᠠ ᠶᠢᠨ ᠠᠷᠪᠠᠨ ᠳᠠᠪᠤᠨ ᠤ ᠡᠳᠦᠷ ᠲᠤ ᠲᠤᠬᠢᠶᠠᠯᠳᠤᠭᠤᠯᠵᠤ ᠳᠠᠭᠢᠵᠠᠭᠠᠳᠠᠭ᠃ ᠵᠠᠷᠢᠮ ᠳᠠᠭᠠᠨ ᠶᠡᠭᠡ ᠭᠠᠩ ᠭᠠᠴᠢᠭ ᠪᠣᠯᠤᠭᠰᠠᠨ ᠪᠣᠯ ᠴᠢᠯᠦᠭᠡᠳᠡᠢ ᠪᠠᠷ ᠡᠳᠦᠷ ᠰᠤᠩᠭ᠋ᠤᠵᠤ ᠳᠠᠭᠢᠵᠤ ᠴᠤ ᠪᠣᠯᠳᠠᠭ᠃

     ᠳᠦᠷᠪᠠ᠂ ᠣᠪᠣᠭᠠᠨ ᠳᠠᠭᠢᠯᠭ᠎ᠠ ᠶᠢᠨ ᠪᠡᠯᠡᠳᠭᠡᠯ ᠵᠢᠴᠢ ᠳᠠᠭᠢᠬᠤ ᠶᠠᠪᠣᠴᠠ

ᠰᠤᠩᠭ᠋ᠤᠭᠰᠠᠨ ᠣᠪᠣᠭ᠎ᠠ ᠳ᠋ᠠ ᠪᠣᠶᠤ ᠳᠤᠰᠬᠠᠢ ᠳᠤᠮᠢᠯᠠᠭᠰᠠᠨ ᠲᠦᠰᠢᠮᠠᠯ ᠬᠠᠷᠢᠭᠤᠴᠠᠨ ᠣᠪᠣᠭᠠᠨ ᠳᠠᠭᠢᠯᠭ᠎ᠠ ᠶᠢᠨ ᠠᠵᠢᠯ ᠤᠨ ᠪᠡᠯᠡᠳᠭᠡᠯ ᠢ ᠭᠦᠢᠴᠡᠳᠭᠡᠨ ᠡᠩ ᠳᠡᠷᠢᠭᠦᠨ ᠳᠤ ᠣᠪᠣᠭᠠᠨ ᠤ ᠳᠡᠷᠭᠡᠳᠡ ᠭᠡᠷ ᠳᠡᠷᠭᠡ ᠵᠡᠷᠭᠡ ᠶᠢ ᠪᠠᠢ᠌ᠭᠤᠯᠵᠤ᠂ ᠳᠠᠭᠢᠨ ᠵᠠᠷᠤᠳᠠᠯ ᠭᠡᠷᠡᠭ᠍ᠰᠡᠯ ᠤᠨ ᠵᠤᠭᠤᠰ ᠮᠥᠩᠭᠦ᠂ ᠢᠳᠡᠭᠡ ᠰᠢᠭᠦᠰᠤ ᠵᠡᠷᠭᠡ ᠶᠢ ᠰᠠᠭᠤᠷᠢ ᠮᠥᠩᠭᠦ ᠲᠡᠶ ᠪᠣᠯ ᠣᠷᠢᠳᠠᠪᠠᠷ ᠭᠠᠷᠭᠠᠵᠤ᠂ ᠦᠭᠡᠶ ᠪᠣᠯ ᠰᠤᠮᠤ ᠨᠤᠳᠤᠭ᠂ ᠠᠢ᠌ᠯ ᠡᠷᠦᠭᠡ ᠪᠠᠷ ᠠᠯᠪᠠ ᠳᠤᠰᠢᠶᠠᠨ ᠬᠤᠷᠠᠮᠳᠤᠭᠤᠯᠤᠨ᠎ᠠ᠃ ᠡᠰᠡᠭᠦᠯ᠎ᠡ ᠮᠠᠯ ᠭᠦᠷᠦᠩᠭᠡ ᠵᠤᠵᠠᠭᠠᠨ ᠲᠡᠶ ᠰᠥᠰᠦᠭ᠍ᠳᠡᠨ ᠨᠡᠷ ᠶᠡᠭᠡ ᠭᠡᠮᠵᠢᠶᠡᠨ ᠤ ᠮᠥᠩᠭᠦ ᠵᠤᠭᠤᠰ᠂ ᠮᠠᠯ ᠬᠠᠷ᠎ᠠ᠂ ᠡᠳ᠋ ᠪᠦᠳᠡᠰ ᠵᠡᠷᠭᠡ ᠶᠢ ᠪᠠᠷᠢᠴᠠ ᠡᠷᠭᠦᠨ᠎ᠡ᠃ ᠳᠠᠭᠢᠯᠭ᠎ᠠ ᠳᠤ ᠬᠤᠷᠠᠮᠳᠤᠭᠤᠯᠤᠭᠰᠠᠨ ᠭᠦᠷᠦᠩᠭᠡ ᠮᠥᠩᠭᠦ ᠶᠢ ᠬᠠᠭᠠᠰ ᠢ ᠨᠢ ᠣᠤᠪᠣᠭᠠᠨ ᠤ ᠭᠦᠷᠦᠩᠭᠡ ᠪᠣᠯᠭᠠᠨ ᠥᠯᠡᠳᠡᠭᠡᠨ᠎ᠡ᠃ ᠥᠯᠡᠳᠡᠭ᠍ᠰᠡᠨ ᠬᠠᠭᠠᠰ ᠤᠨ ᠭᠤᠷᠪᠠᠨ ᠤ ᠨᠢᠭᠡ ᠬᠤᠪᠢ ᠶᠢ ᠵᠠᠯᠠᠭᠰᠠᠨ ᠯᠠᠮ᠎ᠠ ᠨᠡᠷ ᠲᠤ ᠡᠷᠭᠦᠴᠡ ᠪᠠᠷᠢᠵᠤ᠂ ᠨᠢᠭᠡ ᠬᠤᠪᠢ ᠶᠢ ᠨᠢ ᠣᠪᠣᠭᠠᠨ ᠨᠠᠢ᠌ᠷ ᠤᠨ ᠱᠠᠩᠨᠠᠯ ᠳᠤ ᠭᠡᠷᠡᠭᠯᠡᠨ ᠥᠯᠡᠳᠡᠭ᠍ᠰᠡᠨ ᠨᠢᠭᠡ ᠬᠤᠪᠢ ᠶᠢ ᠨᠢ ᠡᠨᠡ ᠣᠳᠠᠭᠠᠨ ᠤ ᠣᠪᠣᠭᠠᠨ ᠳᠠᠭᠢᠯᠭ᠎ᠠ ᠶᠢᠨ ᠰᠤᠯᠠ ᠵᠠᠷᠤᠳᠠᠯ ᠳᠤ ᠭᠡᠷᠡᠭᠯᠡᠨ᠎ᠡ᠃

ᠳᠠᠭᠢᠬᠤ ᠪᠣᠯᠬᠤ ᠳᠤ ᠯᠠᠮ᠎ᠠ ᠨᠡᠷ ᠠᠯᠢᠪᠠ ᠭᠡᠷᠡᠭ᠍ᠰᠡᠯ ᠶᠢᠡᠨ ᠠᠪᠴᠤ ᠢᠷᠠᠨ ᠬᠤᠰᠢᠭᠤ ᠪᠣᠶᠤ ᠠᠢ᠌ᠯ ᠠᠢ᠌ᠮᠠᠭ ᠤᠨ ᠨᠤᠶᠠᠤᠨ ᠲᠦᠰᠢᠮᠠᠤᠨ ᠳᠡᠷᠢᠭᠦᠯᠡᠨ ᠪᠠᠰᠠ ᠬᠠᠷᠢ ᠶᠢᠨ ᠬᠤᠰᠢᠭᠤᠳ ᠤᠨ ᠠᠢ᠌ᠯ ᠳᠤᠰᠬᠠᠨ ᠤ ᠭᠡᠢ᠌ᠴᠢᠳ ᠵᠤᠴᠢᠳ ᠪᠠᠯᠡᠭ᠌ ᠡᠷᠭᠦᠴᠡ ᠪᠠ ᠣᠷᠤᠯᠳᠤᠭᠠᠨ ᠤ ᠪᠦᠭᠡ᠂ ᠮᠤᠷᠢ᠂ ᠬᠠᠷᠪᠣᠭᠠᠴᠢᠨ ᠶᠢᠡᠨ ᠠᠪᠴᠤ ᠢᠷᠠᠨ᠎ᠠ᠃ ᠳᠡᠭᠡᠭᠡᠳ ᠠᠢ᠌ᠯ ᠠᠢ᠌ᠮᠠᠭ᠂ ᠤᠢ᠌ᠷᠠᠨ ᠳᠤᠭᠤᠷᠢᠨ ᠤ ᠥᠳᠡᠯᠡᠭ᠍ᠰᠡᠨ ᠵᠠᠯᠠᠭᠤ᠂ ᠡᠮᠡᠰ ᠬᠡᠦᠬᠡᠳ᠂ ᠦᠬᠢᠳ ᠪᠠᠷᠢᠶᠠᠤᠨ ᠭᠡᠰᠡᠨ ᠦᠭᠡᠶ ᠪᠦᠷ ᠴᠤ ᠰᠠᠢ᠌ᠨ ᠰᠠᠢ᠌ᠬᠠᠨ ᠶᠢᠡᠨ ᠡᠮᠦᠰᠴᠡᠭᠡᠵᠤ ᠳᠦᠷᠪᠠᠨ ᠵᠥᠭ᠌ ᠨᠢ᠋ᠮᠠᠨ ᠵᠤᠪᠭᠢᠰ ᠡᠴᠡ ᠭᠦᠷᠦᠯᠴᠡᠨ ᠢᠷᠡᠵᠡᠭᠡᠨ᠎ᠡ᠃ ᠪᠠᠰᠠ ᠤᠢ᠌ᠷ᠎ᠡ ᠣᠷᠴᠢᠨ ᠤ ᠠᠷᠠᠯᠵᠢᠶᠠᠴᠢᠨ ᠮᠠᠢ᠌ᠮᠠᠢ᠌ᠴᠢᠨ ᠨᠡᠷ ᠳᠠᠯ᠎ᠠ ᠳᠠᠯ᠎ᠠ ᠡᠴᠡ ᠪᠠᠷᠠᠭ᠎ᠠ ᠳᠠᠸᠠᠷ᠂ ᠮᠠᠯ ᠤᠨ ᠠᠰᠢᠭ ᠰᠢᠮ᠎ᠠ ᠪᠠᠨ ᠠᠪᠴᠤ ᠢᠷᠠᠨ ᠬᠤᠳᠠᠯᠳᠤᠭ᠎ᠠ ᠡᠷᠭᠢᠯᠡᠨ᠎ᠡ᠃

ᠪᠠᠷᠤᠭ ᠦᠷᠯᠦᠭᠡ ᠶᠢᠨ ᠳᠠᠤᠯᠠᠢ ᠴᠠᠭ ᠤᠨ ᠦᠶ᠎ᠡ ᠪᠠᠷ ᠪᠦᠭᠦᠳᠡᠭᠡᠷ ᠣᠪᠣᠭᠠᠨ ᠳᠡᠭᠡᠷ᠎ᠡ ᠪᠠᠨ ᠴᠤᠭᠯᠠᠷᠠᠨ᠎ᠠ᠃ ᠰᠢᠨ᠎ᠠ ᠪᠣᠰᠬᠠᠭᠰᠠᠨ ᠣᠪᠣᠭ᠎ᠠ ᠪᠣᠯ ᠰᠢᠭᠤᠳ ᠳᠠᠭᠢᠨ᠎ᠠ᠃ ᠬᠠᠭᠤᠴᠢᠨ ᠣᠪᠣᠭ᠎ᠠ ᠪᠣᠯ ᠣᠷᠴᠢᠨ ᠳᠤᠭᠤᠷᠢᠨ ᠶᠢᠡᠨ ᠴᠠᠪᠠᠷᠯᠠᠨ ᠠᠷᠢᠯᠭᠠᠵᠤ᠂ ᠣᠪᠣᠭ᠎ᠠ ᠳᠤ ᠮᠤᠳᠤ ᠴᠢᠯᠠᠭᠤ᠂ ᠰᠢᠷᠤᠢ ᠳᠤᠭᠤᠰᠬ᠎ᠠ ᠵᠡᠷᠭᠡ ᠵᠢ ᠭᠦᠮᠤᠨ ᠪᠦᠷᠢ ᠬᠤᠪᠢ ᠬᠤᠪᠢᠨ ᠤ ᠪᠠᠨ ᠨᠠᠮᠠᠵᠤ ᠰᠢᠨᠡᠳᠭᠡᠨ ᠵᠠᠰᠠᠭᠠᠤᠨ ᠳ᠋ᠦ᠋ᠭ᠌ ᠡᠴᠡ ᠨᠢ ᠰᠢᠨ᠎ᠠ ᠰᠤᠩᠳᠠᠭ ᠳᠠᠳᠠᠵᠤ᠂ ᠮᠠᠨᠢ ᠶᠢᠨ ᠵᠢᠷᠭᠤᠭᠠᠨ ᠥᠰᠦᠭ᠌ ᠲᠡᠶ ᠳᠠᠪᠤᠨ ᠥᠩᠭᠡ ᠶᠢᠨ ᠳᠤᠷᠳᠤᠩ ᠶᠢᠡᠷ ᠳᠠᠷᠴᠤᠭ ᠣᠠᠵᠢᠭᠤᠯᠤᠨ᠂ ᠭᠡᠢ᠌ᠮᠦᠷᠢ ᠭᠡᠢ᠌ᠰᠭᠡᠵᠤ ᠬᠠᠳᠠᠭ ᠡᠷᠭᠦᠨ᠎ᠡ᠃ ᠣᠪᠣᠭᠠᠨ ᠤ ᠡᠮᠦᠨ᠎ᠡ ᠳᠠᠯ᠎ᠠ ᠳᠤ ᠳᠠᠭᠢᠯᠭ᠎ᠠ ᠶᠢᠨ ᠪᠦᠭᠦᠯᠢ ᠰᠢᠭᠦᠰᠤ᠂ ᠴᠠᠭᠠᠨ ᠢᠳᠡᠭᠡ ᠶᠢᠨ ᠵᠣᠢ᠌ᠯᠠᠰ᠂ ᠪᠣᠤᠪᠣ ᠪᠣᠭᠤᠷᠰᠤᠭ᠂ ᠠᠯᠢᠮ᠎ᠠ ᠵᠢᠮᠢᠰ ᠵᠡᠷᠭᠡ ᠶᠢ ᠦᠷᠤᠵᠤ ᠳᠠᠯᠪᠢᠨ᠎ᠠ᠃ ᠥᠨᠡ᠊ᠨᠳᠡᠭᠡᠨ ᠣᠪᠣᠭᠠᠨ ᠡᠵᠡᠳ᠂ ᠨᠠᠪᠳᠠᠭ ᠰᠢᠪᠳᠠᠭ᠂ ᠣᠩᠭ᠋ᠤᠳ ᠰᠢᠳᠦᠭᠡᠨ ᠨᠡᠷ ᠪᠣᠯ ᠴᠠᠭᠠᠨ ᠢᠳᠡᠭᠡ ᠵᠤᠭᠤᠭᠯᠠᠬᠤ ᠡᠴᠡ ᠪᠢᠰᠢ ᠣᠯᠠᠭᠠᠨ ᠢᠳᠡᠭᠡᠨ ᠠᠮᠰᠠᠳᠠᠭ ᠦᠭᠡᠶ ᠶᠤᠮ᠃ ᠭᠡᠪᠠᠴᠤ ᠮᠤᠩᠭ᠋ᠤᠯᠴᠤᠳ ᠡᠷᠳᠡ ᠣᠵᠠᠭᠤᠷ ᠡᠴᠡ ᠪᠠᠨ ᠪᠦᠭᠦᠯᠢ ᠰᠢᠭᠦᠰᠤ ᠪᠠᠷ ᠳᠠᠭᠢᠬᠤ ᠵᠠᠩᠰᠢᠯ ᠲᠡᠶ ᠪᠠᠢ᠌ᠭᠰᠠᠨ ᠳᠤᠯᠠ ᠮᠦᠨ ᠡᠨᠡᠭᠦ ᠶᠤᠰᠤ ᠪᠠᠨ ᠵᠠᠯᠭᠠᠮᠵᠢᠯᠠᠵᠤ ᠡᠳᠡᠭᠡᠷ ᠪᠦᠭᠦᠯᠢ ᠰᠢᠭᠦᠰᠤ ᠪᠠᠨ ᠣᠪᠣᠭᠠᠨ ᠡᠵᠡᠳ ᠲᠤ ᠳᠠᠯᠪᠢᠭᠠᠤᠨ᠂ ᠬᠠᠷᠢᠨ ᠪᠣᠰᠤᠳ ᠳᠤᠭᠰᠢᠳ ᠲᠤ ᠡᠷᠭᠦᠨ ᠵᠤᠭᠤᠭᠯᠠᠭᠤᠯᠬᠤ ᠶᠤᠮ ᠭᠡᠨ᠎ᠡ᠃ ᠪᠠᠷᠤᠭ ᠯᠤᠤ ᠴᠠᠭ ᠤᠨ ᠦᠶ᠎ᠡ ᠪᠠᠷ ᠣᠪᠣᠭᠠᠨ ᠳᠠᠭᠢᠯᠭ᠎ᠠ ᠡᠭᠢᠯᠡᠵᠤ ᠯᠠᠮ᠎ᠠ ᠨᠡᠷ ᠦᠨᠳᠦᠷ ᠭᠦᠭᠡ ᠳᠡᠭ᠍ᠷᠢ ᠵᠢᠨ ᠷᠠᠰᠢᠶᠠᠨ ᠬᠤᠷ᠎ᠠ ᠪᠠᠨ ᠬᠠᠢ᠌ᠷᠠᠯᠠᠵᠤ ᠥᠭ᠍‍ᠭᠢᠶᠡᠮᠦᠷ ᠨᠤᠭᠤᠭᠠᠨ ᠳᠡᠯᠡᠭᠡᠢ ᠡᠴᠡ ᠡᠪᠠᠰᠤ ᠪᠠᠯᠴᠢᠭᠡᠷ ᠶᠢᠡᠨ ᠢᠪᠠᠭᠡᠵᠤ ᠡᠪᠦᠯ ᠤᠨ ᠣᠯᠠᠷᠢᠯ ᠳᠠᠭᠠᠨ ᠴᠠᠰᠤᠨ ᠵᠤᠳ ᠦᠭᠡᠶ ᠰᠠᠢ᠌ᠬᠠᠨ ᠬᠠᠪᠣᠷ ᠴᠠᠭ ᠲᠠᠭᠠᠨ ᠬᠠᠪᠰᠤᠷᠭ᠎ᠠ ᠰᠠᠯᠭᠢᠨ ᠦᠭᠡᠶ ᠨᠠᠮᠵᠢᠭᠤᠨ ᠭᠢᠵᠢᠭ᠌ ᠡᠪᠡᠳᠴᠢᠨ ᠦᠭᠡᠶ ᠡᠷᠡᠭᠦᠯ ᠡᠩᠭᠡ ᠭᠡᠷᠡᠭᠦᠯ ᠴᠤᠤᠭᠢᠶᠠᠨ ᠦᠭᠡᠶ ᠡᠶᠡᠳᠡᠢ ᠡᠪᠳᠡᠢ ᠨᠠᠷᠠ ᠪᠣᠷᠤᠭᠠᠨ ᠳᠠᠩᠴᠠᠵᠤ ᠨᠠᠪᠴᠢ ᠴᠡᠴᠡᠭ᠌ ᠳᠡᠯᠭᠡᠷᠡᠵᠤ ᠳᠠᠪᠤᠨ ᠬᠤᠰᠢᠭᠤ ᠮᠠᠯ ᠳᠠᠯ᠎ᠠ ᠳᠦᠭᠦᠷᠡᠩ ᠪᠠᠯᠴᠢᠵᠤ ᠳᠠᠷᠠᠭ ᠠᠢ᠌ᠷᠠᠭ ᠢᠳᠡᠭᠡᠨ ᠭᠦᠨᠦᠭ᠌ ᠳᠦᠭᠦᠷᠡᠩ ᠪᠢᠯᠬᠠᠵᠤ ᠰᠠᠢ᠌ᠨ ᠰᠠᠢ᠌ᠬᠠᠨ ᠪᠦᠭᠦᠨ ᠢ ᠰᠠᠨᠠᠭ᠎ᠠ ᠭᠦᠰᠡᠯ ᠡᠴᠡ ᠪᠠᠨ ᠪᠠᠯᠭᠡᠳᠡᠵᠤ ᠭᠤᠷᠪᠠᠠᠳᠠ ᠰᠥᠭᠦᠳᠴᠤ ᠶ‍ᠢᠰᠤᠠᠳᠠ ᠮᠦᠷᠭᠦᠨ ᠬᠤᠨ ᠴᠠᠭᠠᠨ ᠬᠤᠨᠢᠨ ᠰᠢᠭᠦᠰᠤ ᠪᠠᠨ ᠨᠢᠶᠠᠠᠳᠠᠷ ᠪᠣᠯᠭᠠᠨ ᠳᠠᠭᠢᠵᠤ ᠬᠤᠷᠤᠳ ᠦᠷᠤᠮ᠎ᠠ ᠴᠠᠭᠠᠨ ᠢᠳᠡᠭᠡ ᠪᠠᠨ ᠳᠡᠭᠡᠵᠢ ᠪᠣᠯᠭᠠᠨ ᠡᠷᠭᠦᠵᠤ ᠬᠤᠤᠷᠠᠵᠠ ᠠᠷᠠᠵᠠ ᠴᠡᠭᠡ ᠪᠠᠨ ᠰᠠᠷᠵᠢᠮ ᠪᠣᠯᠭᠠᠨ ᠪᠠᠷᠢᠵᠤ ᠭᠦᠵᠢ᠂ ᠠᠷᠴᠠ᠂ ᠠᠭᠢ ᠡᠪᠠᠰᠤ ᠪᠠᠨ ᠰᠠᠩ ᠪᠣᠯᠭᠠᠨ ᠡᠭᠦᠰᠭᠡᠵᠤ ᠬᠤᠷᠠᠭᠰᠠᠨ ᠣᠯᠠᠨ ᠪᠦᠭᠦᠳᠡᠭᠡᠷ ᠶᠢᠡᠨ ᠠᠮᠳᠠᠳᠠᠨ ᠤ ᠳᠡᠭᠡᠵᠢ ᠪᠠᠨ ᠠᠳᠬᠤᠵᠤ ᠬᠤᠷᠤᠢ᠂ ᠬᠤᠷᠤᠢ᠂ ᠬᠤᠷᠤᠢ ᠭᠡᠵᠤ ᠭᠡᠰᠢᠭ᠌ ᠪᠣᠶᠠᠨ ᠶᠢᠡᠨ ᠳᠠᠯᠠᠯᠵᠤ ᠬᠤᠳᠠ ᠣᠰᠤᠨ ᠤ ᠣᠪᠣᠭ᠎ᠠ ᠪᠠᠨ ᠵᠦᠪ ᠶᠢᠡᠷ ᠶ‍ᠢᠰᠤᠠᠳᠠ ᠳᠤᠭᠤᠷᠢᠵᠤ ᠬᠤᠷᠠᠯ ᠳᠠᠭᠢᠯᠭ᠎ᠠ ᠶᠢᠨ ᠯᠠᠮ᠎ᠠ ᠳᠠᠭᠠᠨ ᠵᠠᠯᠪᠢᠷᠠᠵᠤ ᠰᠥᠰᠦᠭᠯᠡᠨ ᠮᠦᠷᠭᠦᠵᠤ ᠬᠤᠨᠢ᠂ ᠢᠮᠠᠭ᠎ᠠ ᠢᠰᠢᠭᠡ ᠭᠡᠳ ᠬᠠᠳᠠᠭ ᠪᠠᠷᠢᠨ ᠠᠮᠠᠯᠠᠵᠤ ᠳᠠᠭᠢᠯᠭ᠎ᠠ ᠳᠠᠢ᠌ᠯᠭ᠎ᠠ ᠶᠢᠨ ᠶᠠᠪᠣᠳᠠᠯ ᠶᠢᠡᠨ ᠳᠠᠭᠠᠳᠠᠢ ᠰᠠᠢ᠌ᠬᠠᠨ ᠭᠦᠢᠴᠡᠳᠭᠡᠵᠤ᠁ ᠭᠡᠵᠤ ᠳᠠᠭᠢᠯᠭ᠎ᠠ ᠶᠢᠨ ᠢᠷᠦᠭᠡᠯ ᠣᠩᠰᠢᠵᠤ ᠪᠦᠭᠦᠳᠡ ᠣᠯᠠᠨ ᠶᠢᠡᠷ ᠶᠢᠡᠨ ᠡᠷᠭᠢᠮ ᠳᠤᠤᠷᠠᠳᠤ ᠭᠡᠵᠤ ᠢᠯᠭᠠᠯ ᠦᠭᠡᠶ ᠣᠪᠣᠭᠠᠨ ᠳ᠋ᠠᠭᠠᠨ ᠭᠤᠷᠪᠠᠨ ᠰᠥᠭᠦᠳᠦᠯ ᠶ‍ᠢᠰᠤᠨ ᠮᠦᠷᠭᠦᠯ (ᠡᠨᠡ ᠮᠦᠷᠭᠦᠯ ᠪᠣᠯ ᠮᠤᠩᠭ᠋ᠤᠯᠴᠤᠳ ᠤᠨ ᠡᠷᠳᠡ ᠦᠶ᠎ᠡ ᠡᠴᠡ ᠪᠠᠨ ᠣᠯᠠᠮᠵᠢᠯᠠᠨ ᠢᠷᠡᠭ᠍ᠰᠡᠨ ᠨᠢᠭᠡ ᠰᠥᠭᠦᠳᠴᠤ ᠡᠩᠭᠡᠷ ᠤᠨ ᠬᠤᠷᠮᠤᠢ ᠪᠠᠨ ᠣᠷᠤᠭᠰᠢ ᠳᠠᠪᠢᠰᠴᠤ ᠭᠠᠷ ᠤᠨ ᠠᠯᠠᠭ᠎ᠠ ᠪᠠᠨ ᠭᠠᠵᠠᠷ ᠳᠤᠯᠭᠠᠨ ᠭᠤᠷᠪᠠ ᠣᠳᠠᠭ᠎ᠠ ᠮᠠᠩᠨᠠᠢ ᠪᠠᠨ ᠬᠤᠷᠮᠤᠢ ᠳᠡᠭᠡᠷ᠎ᠡ ᠪᠠᠨ ᠭᠦᠷᠭᠡᠵᠤ ᠮᠦᠷᠭᠦᠨ ᠡᠨᠡ ᠮᠠᠳᠤ ᠪᠠᠷ ᠭᠤᠷᠪᠠ ᠳᠠᠭᠢᠬᠤ ᠶᠢ ᠭᠡᠯᠡᠨ᠎ᠡ) ᠶ᠋ᠢᠡᠷ ᠮᠦᠷᠭᠦᠵᠤ ᠵᠠᠯᠪᠢᠷᠠᠭᠠᠤᠨ ᠳᠠᠭᠢᠨ ᠬᠠᠳᠠᠭ ᠡᠷᠭᠦᠨ ᠬᠨ ᠪᠣᠶᠤ ᠢᠳᠡᠭᠡᠨ ᠤ ᠳᠡᠭᠡᠵᠢ ᠪᠠᠨ ᠪᠠᠷᠢᠨ

ᠪᠣᠶᠠᠨ ᠭᠡᠰᠢᠭ᠌ ᠬᠤᠷᠠᠬᠤ ᠪᠣᠯᠳᠤᠭᠠᠢ

ᠬᠤᠷᠤᠢ ᠬᠤᠷᠤᠢ ᠬᠤᠷᠤᠢ

ᠪᠣᠳᠤᠭᠰᠠᠨ ᠰᠠᠨᠠᠭᠰᠠᠨ ᠢ ᠮᠢᠨᠢ ᠪᠦᠳᠦᠭᠡᠨ ᠰᠤᠶᠤᠷᠬ᠎ᠠ

ᠬᠤᠷᠤᠢ ᠬᠤᠷᠤᠢ ᠬᠤᠷᠤᠢ ᠁   

ᠣᠨ ᠪᠦᠷᠢ ᠳᠤ ᠦᠯᠵᠡᠢ ᠲᠡᠶ ᠪᠣᠯᠭᠠᠨ ᠰᠤᠶᠤᠷᠬ᠎ᠠ

ᠠᠰ ᠤᠨ ᠪᠠᠶ᠎ᠠ ᠳᠤ ᠮᠢᠨᠢ ᠨᠠᠰᠤᠨ ᠬᠤᠳᠤᠭ ᠣᠯᠭᠤᠵᠤ

ᠠᠳᠤᠭᠤ ᠮᠠᠯ ᠢ ᠮᠢᠨᠢ ᠥᠰᠭᠡᠨ ᠰᠤᠶᠤᠷᠬ᠎ᠠ᠁

ᠠᠳᠠ ᠴᠢᠳᠭᠦᠷ ᠡᠪᠡᠳᠴᠢᠨ ᠡᠮᠭᠡᠭ᠌ ᠡᠴᠡ ᠵᠠᠢ᠌ᠯᠠᠭᠤᠯᠵᠤ

ᠠᠵᠤ ᠠᠮᠢᠳᠤᠷᠠᠯ ᠢ ᠮᠢᠨᠢ ᠠᠮᠤᠷ ᠳᠠᠢ᠌ᠪᠣᠩ ᠪᠣᠯᠭ᠎ᠠ

ᠠᠵᠠ ᠵᠢᠷᠭᠠᠯ ᠡᠳ᠋ ᠠᠭᠤᠷᠰᠤᠨ ᠢ ᠠᠰᠢᠳᠠ ᠭᠦᠢᠴᠡᠳ ᠡᠳ᠋ᠯᠡᠭᠦᠯᠤᠨ ᠰᠤᠶᠤᠷᠬ᠎ᠠ᠁

ᠠᠰ ᠤᠨ ᠪᠠᠶ᠎ᠠ ᠳᠤ ᠮᠢᠨᠢ ᠠᠮᠠᠷᠠᠭ ᠭᠡᠷᠭᠡᠢ ᠲᠡᠶ ᠪᠣᠯᠭᠠᠨ

ᠠᠩᠭ᠋᠎ᠠ ᠬᠡᠦᠬᠡᠳ ᠳᠡᠭ᠍ᠰᠢ ᠦᠷᠤᠰᠢᠶᠠᠨ ᠰᠤᠶᠤᠷᠬ᠎ᠠ

ᠠᠳᠤᠭᠤ ᠮᠠᠯ ᠢ ᠦᠨᠢᠷ ᠰᠠᠢ᠌ᠬᠠᠨ ᠥᠰᠭᠡᠵᠤ

ᠠᠳᠠᠯ ᠠᠮᠢᠳᠤᠷᠠᠯ ᠢ ᠥᠭᠡᠳᠡᠯᠡᠭᠦᠯᠤᠨ ᠰᠤᠶᠤᠷᠬ᠎ᠠ ᠭᠡᠭᠦ ᠮᠠᠳᠤᠴᠢᠯᠠᠨ ᠦᠪᠡᠷ ᠦᠪᠡᠷ ᠤᠨ ᠭᠦᠰᠡᠯ ᠰᠡᠳᠭᠢᠯ ᠶᠢᠡᠨ ᠢᠯᠡᠳᠭᠡᠨ ᠳᠠᠯᠠᠯᠭ᠎ᠠ ᠳᠠᠯᠯᠭᠠᠤᠨ ᠣᠪᠣᠭ᠎ᠠ ᠪᠠᠨ ᠭᠤᠷᠪᠠᠨ ᠭᠤᠷᠪᠠ ᠶ‍ᠢᠰᠤ ᠪᠠᠷ ᠳᠤᠭᠤᠷᠢᠨ ᠡᠷᠭᠢᠨ᠎ᠡ᠃

《ᠣᠪᠣᠭᠠᠨ ᠤ ᠭᠡᠰᠢᠭ᠌ ᠢ ᠣᠯᠠᠨ ᠶᠢᠡᠷ ᠶᠢᠡᠨ》 ᠭᠡᠵᠤ ᠣᠪᠣᠭ᠎ᠠ ᠳᠠᠭᠢᠭᠰᠠᠨ ᠮᠢᠬ᠎ᠠ᠂ ᠴᠠᠭᠠᠨ ᠢᠳᠡᠭᠡ᠂ ᠵᠢᠮᠢᠰ ᠪᠣᠭᠤᠷᠰᠤᠭ ᠵᠡᠷᠭᠡ ᠶᠢ ᠣᠯᠠᠨ ᠶᠢᠡᠷ ᠶᠢᠡᠨ ᠬᠤᠪᠢᠶᠠᠯᠴᠠᠨ ᠢᠳᠡᠵᠡᠭᠡᠵᠤ ᠭᠡᠳᠦᠢ ᠣᠯᠠᠨ ᠣᠯᠵᠤ ᠢᠳᠡᠭ᠍ᠰᠡᠨ ᠪᠣᠯ ᠳᠠᠳᠤᠢ ᠰᠠᠢ᠌ᠨ ᠭᠡᠵᠤ ᠪᠠᠯᠭᠡᠰᠢᠶᠡᠨ ᠥᠵᠡᠭᠦ ᠪᠣᠯᠬᠤᠷ ᠵᠠᠪᠳᠤᠨ ᠢᠳᠠᠨ᠎ᠠ᠃ ᠳᠡᠭᠡᠭ᠍ᠡᠳ ᠳᠠᠭᠢᠯᠭ᠎ᠠ ᠳᠡᠭᠦᠰᠦᠨ᠎ᠡ᠃

      ᠲ᠋ᠠᠪᠣ᠂ ᠣᠪᠣᠭᠠᠨ ᠨᠠᠢ᠌ᠷ

《ᠨᠠᠭᠠᠳᠤᠮ ᠤᠨ ᠳᠡᠭᠡᠵᠢ ᠰᠢᠳᠠᠷ᠎ᠠ ᠨᠠᠭᠠᠳᠤᠮ᠂ ᠨᠠᠢ᠌ᠷ ᠤᠨ ᠳᠡᠭᠡᠵᠢ ᠣᠪᠣᠭᠠᠨ ᠨᠠᠢ᠌ᠷ》 ᠭᠡᠵᠤ ᠡᠵᠡᠳ ᠰᠠᠭᠢᠭᠤᠰᠤ ᠪᠠᠨ ᠳᠠᠭᠢᠵᠤ ᠡᠷ᠎ᠡ ᠶᠢᠨ ᠭᠤᠷᠪᠠᠨ ᠨᠠᠭᠠᠳᠤᠮ ᠶᠢᠡᠨ ᠦᠷᠭᠦᠯᠵᠢᠯᠡᠭᠦᠯᠭᠦ ᠪᠣᠯ ᠨᠠᠢ᠌ᠳᠠ ᠮᠤᠩᠭ᠋ᠤᠯᠴᠤᠳ ᠤᠨ ᠨᠢᠭᠡ ᠶᠡᠭᠡ ᠳᠤᠷᠠᠰᠬᠠᠯᠳᠤ ᠨᠠᠢ᠌ᠷ ᠪᠣᠯᠬᠤ ᠶᠤᠮ᠃ ᠨᠠᠢ᠌ᠷ ᠤᠨ ᠳᠠᠯᠠᠪᠣᠷ ᠤᠨ ᠠᠷᠤ ᠳᠠᠯ᠎ᠠ ᠳᠤ ᠪᠣᠰᠬᠠᠭᠰᠠᠨ ᠦᠨᠳᠦᠷ ᠰᠦᠷᠯᠢᠭ᠌ ᠶᠡᠭᠡ ᠴᠠᠴᠠᠷ ᠲᠤ᠂ ᠵᠡᠭᠦᠨ ᠳᠠᠯ᠎ᠠ ᠪᠠᠷ ᠨᠢ ᠨᠤᠶᠠᠤᠨ ᠲᠦᠰᠢᠮᠠᠤᠨ᠂ ᠨᠠᠢ᠌ᠷ ᠤᠨ ᠠᠬᠠᠮᠠᠤᠨ᠂ ᠭᠡᠢ᠌ᠴᠢᠨ ᠵᠤᠴᠢᠨ ᠰᠠᠭᠤᠵᠤ᠂ ᠪᠠᠷᠠᠭᠤᠨ ᠳᠠᠯ᠎ᠠ ᠪᠠᠷ ᠨᠢ ᠬᠤᠪᠢᠯᠭᠠᠨ ᠭᠡᠭᠡᠳ᠂ ᠯᠠᠮ᠎ᠠ ᠨᠡᠷ ᠰᠠᠭᠤᠯᠴᠠᠨ᠂ ᠥᠵᠡᠭ᠍ᠴᠢᠳ ᠣᠯᠠᠨ ᠲᠦᠮᠡᠨ ᠨᠠᠢ᠌ᠷ ᠤᠨ ᠳᠠᠯᠠᠪᠣᠷ ᠢ ᠳᠤᠭᠤᠷᠢᠵᠤ ᠭᠦᠷᠢᠶᠡᠯᠡᠨ ᠰᠠᠭᠤᠨ᠎ᠠ᠃

ᠣᠪᠣᠭᠠᠨ ᠨᠠᠢ᠌ᠷ ᠤᠨ ᠳᠡᠷᠢᠭᠦᠨ ᠳᠤ ᠪᠦᠭᠡ ᠪᠠᠷᠢᠯᠳᠦᠨ᠎ᠡ᠃ ᠪᠦᠭᠡ ᠶᠢᠨ ᠮᠡᠷᠭᠡᠵᠢᠯ ᠠᠷᠭ᠎ᠠ ᠪᠠᠷᠢᠯ ᠳᠤ ᠪᠠᠷᠢᠴᠠ ᠪᠣᠯᠢᠶᠠᠯᠳᠤᠬᠤ ᠳᠠᠰᠢᠬᠤ᠂ ᠠᠴᠢᠬᠤ᠂ ᠪᠣᠬᠠᠬᠤ᠂ ᠭᠤᠬᠠᠳᠠᠬᠤ᠂ ᠳᠡᠭᠡᠭᠡᠯᠡᠭᠦ᠂ ᠬᠠᠪᠰᠤᠷᠬᠤ ᠳᠠᠳᠠᠭ᠎ᠠ ᠵᠠᠢ᠌ᠯᠠᠭ᠎ᠠ ᠵᠡᠷᠭᠡ ᠶᠢᠨ ᠮᠡᠷᠭᠡᠵᠢᠯ ᠭᠡᠷᠡᠭᠯᠡᠨ᠎ᠡ᠃ ᠤᠷᠦᠯᠴᠡᠬᠤ ᠪᠦᠭᠡ ᠶᠢᠨ ᠳᠤᠭ᠎ᠠ ᠨᠢ ᠨᠠᠢ᠌ᠷ ᠤᠨ ᠶᠡᠭᠡ ᠪᠠᠭ᠎ᠠ ᠪᠠᠷ ᠭᠡᠪᠴᠢᠶᠡᠯᠡᠨ ᠳᠤᠭᠳᠠᠭᠠᠨ᠎ᠠ᠃ ᠣᠳᠤ ᠮᠤᠩᠭ᠋ᠤᠯ ᠪᠦᠭᠡ ᠶᠢᠨ ᠭᠦᠭ᠍ᠵᠢᠯᠳᠡ ᠶᠢ ᠳᠠᠭᠠᠯᠳᠤᠨ ᠨᠠᠯᠢᠶᠠᠤᠨ ᠥᠭᠡᠷᠡᠴᠢᠯᠡᠯᠳᠡ ᠲᠡᠶ ᠪᠣᠯᠵᠤ ᠣᠯᠠᠮ ᠳᠡᠭᠦᠯᠳᠡᠷᠵᠢᠵᠤ ᠪᠠᠢ᠌ᠨ᠎ᠠ᠃

ᠬᠤᠶᠠᠳᠤᠭᠠᠷ ᠲᠤ᠂ ᠮᠤᠷᠢᠨ ᠣᠷᠤᠯᠳᠤᠭᠠᠨ ᠶᠠᠪᠣᠭᠳᠠᠨ᠎ᠠ᠃ ᠣᠷᠤᠯᠳᠤᠭᠠᠨ ᠳᠤ ᠬᠤᠯᠠ ᠭᠦᠶ‍ᠦᠳᠡᠯ ᠤᠨ ᠣᠷᠤᠯᠳᠤᠭᠠᠨ᠂ ᠤᠢ᠌ᠷ᠎ᠡ ᠭᠦᠶ‍ᠦᠳᠡᠯ ᠤᠨ ᠣᠷᠤᠯᠳᠤᠭᠠᠨ᠂ ᠦᠷᠢᠶ᠎ᠠ ᠮᠤᠷᠢᠨ ᠤ ᠣᠷᠤᠯᠳᠤᠭᠠᠨ᠂ ᠳᠠᠭ᠎ᠠ ᠮᠤᠷᠢᠨ ᠤ ᠣᠷᠤᠯᠳᠤᠭᠠᠨ᠂ ᠵᠢᠷᠤᠭ᠎ᠠ ᠮᠤᠷᠢᠨ ᠤ ᠣᠷᠤᠯᠳᠤᠭᠠᠨ ᠪᠠ ᠬᠠᠳᠠᠷᠢᠭ᠎ᠠ ᠮᠤᠷᠢᠨ ᠤ ᠣᠷᠤᠯᠳᠤᠭᠠᠨ ᠭᠡᠵᠤ ᠵᠢᠷᠭᠤᠭᠠᠨ ᠵᠣᠢ᠌ᠯ ᠬᠤᠪᠢᠶᠠᠬᠤ ᠪᠦᠭᠡᠳ ᠮᠦᠨ ᠨᠠᠢ᠌ᠷ ᠤᠨ ᠶᠡᠭᠡ ᠪᠠᠭ᠎ᠠ ᠶᠢᠨ ᠭᠡᠪᠴᠢᠶ᠎ᠡ ᠪᠠᠷ ᠣᠷᠤᠯᠳᠤᠭᠠᠨ ᠤ ᠭᠡᠯᠪᠠᠷᠢ ᠪᠠᠢ᠌ᠳᠠᠯ ᠢ ᠳᠤᠭᠳᠠᠭᠠᠨ᠎ᠠ᠃ ᠨᠠᠢ᠌ᠷ ᠪᠣᠯᠭᠠᠨ ᠳᠤ ᠡᠨᠡ ᠵᠢᠷᠭᠤᠭᠠᠨ ᠵᠣᠢ᠌ᠯ ᠤᠨ ᠣᠷᠤᠯᠳᠤᠭᠠᠨ ᠪᠦᠷ ᠶᠠᠪᠣᠭᠳᠠᠨ᠎ᠠ ᠭᠡᠰᠡᠨ ᠥᠭᠡ ᠪᠢᠰᠢ᠃ ᠪᠠᠭ᠎ᠠ ᠰᠢᠭ ᠨᠠᠢ᠌ᠷ ᠲᠤ ᠨᠢᠭᠡ ᠪᠣᠶᠤ ᠬᠤᠶᠠᠷ ᠵᠣᠢ᠌ᠯ ᠢ ᠰᠤᠩᠭ᠋ᠤᠵᠤ ᠡᠷᠭᠢᠯᠡᠨ ᠶᠠᠪᠣᠭᠳᠠᠭᠤᠯᠳᠠᠭ᠃ ᠣᠷᠤᠯᠳᠤᠭᠠᠨ ᠤ ᠮᠤᠷᠢᠳ ᠢ ᠣᠷᠤᠨ ᠨᠤᠳᠤᠭ ᠭᠡᠵᠤ ᠬᠤᠪᠢᠶᠠᠬᠤ ᠥᠭᠡᠢ ᠵᠡᠷᠭᠡ ᠳᠡᠭ᠍ᠰᠢ ᠪᠠᠷ ᠬᠠᠠᠳᠤᠨ᠎ᠠ᠃ ᠳ᠋ᠤᠭᠠᠷ ᠲᠤ ᠣᠷᠤᠭᠰᠠᠨ ᠮᠤᠷᠢᠳ ᠢ ᠳᠤᠰ ᠳᠤᠰ ᠴᠤᠯᠠ ᠳᠠᠭᠤᠳᠠᠵᠤ᠂ ᠮᠠᠭᠳᠠᠭᠠᠯ ᠣᠩᠰᠢᠨ᠂ ᠰᠠᠭᠠᠯᠢ ᠶᠢᠨ ᠠᠷᠢᠭᠢ ᠪᠣᠯᠤᠨ ᠠᠷᠢᠭᠤᠨ ᠴᠠᠭᠠᠨ ᠰᠦ᠋ ᠪᠠᠷ ᠮᠢᠯᠢᠶᠠᠳᠠᠭ᠃

ᠭᠤᠷᠪᠠᠳᠤᠭᠠᠷ ᠲᠤ᠂ ᠰᠤᠷ ᠬᠠᠷᠪᠣᠬᠤ ᠣᠷᠤᠯᠳᠤᠭᠠᠨ ᠪᠣᠯᠤᠨ᠎ᠠ᠃ ᠮᠤᠩᠭ᠋ᠤᠯᠴᠤᠳ ᠰᠠᠭᠠᠳᠠᠭ ᠨᠤᠮᠤ ᠪᠠᠨ ᠠᠮᠢ ᠲᠡᠶ ᠪᠠᠨ ᠬᠤᠯᠪᠣᠵᠤ ᠬᠠᠢ᠌ᠷᠠᠯᠠᠳᠠᠭ᠃ 1225 ᠣᠨ ᠳᠤ ᠣᠢ᠌ᠭᠤᠷᠵᠢᠨ ᠮᠤᠩᠭ᠋ᠤᠯ ᠥᠰᠦᠭ᠌ ᠶᠢᠡᠷ ᠰᠡᠢ᠌ᠯᠦᠭ᠍ᠰᠡᠨ 《ᠴᠢᠩᠭᠢᠰ ᠤᠨ ᠴᠢᠯᠠᠭᠤᠨ ᠪᠢᠴᠢᠭ᠌》 ᠪᠣᠯ ᠴᠢᠩᠭᠢᠰ ᠬᠠᠭᠠᠨ ᠰᠠᠷᠳᠠᠭᠤᠯ ᠠᠢ᠌ᠮᠠᠭ ᠢ ᠪᠠᠢ᠌ᠯᠳᠤᠨ ᠳᠠᠭᠠᠭᠤᠯᠤᠭᠰᠠᠨ ᠳᠠᠢ᠌ᠨ ᠤ ᠢᠯᠠᠯᠳᠠ ᠪᠠᠨ ᠪᠠᠯᠭᠡᠯᠡᠭᠦ ᠨᠠᠢ᠌ᠷ ᠳᠡᠭᠡᠷ᠎ᠡ ᠬᠠᠰᠠᠷ ᠤᠨ ᠭᠦᠪᠠᠭᠦᠨ ᠶ‍ᠢᠰᠦᠩᠭᠡ 335 ᠠᠯᠴᠢᠮ ᠤᠨ ᠵᠠᠢ ᠡᠴᠡ ᠫᠠᠢ ᠶᠢ ᠣᠨᠤᠭᠠᠭᠰᠠᠨ ᠭᠠᠢ᠌ᠬᠠᠮᠰᠢᠭᠳᠤ ᠰᠤᠷ ᠬᠠᠷᠪᠣᠯᠳᠠ ᠶᠢᠨ ᠮᠡᠷᠭᠡᠵᠢᠯ ᠢ ᠦᠨᠢᠳᠠ ᠳᠤᠷᠠᠰᠬᠠᠬᠤ ᠶᠢᠨ ᠲᠦᠯᠦᠭᠡ ᠪᠣᠰᠬᠠᠵᠤ ᠦᠭ‍ᠭᠦᠭ᠍ᠰᠡᠨ ᠭᠦᠰᠢᠶ᠎ᠡ ᠮᠦᠨ᠃ ᠰᠤᠷ ᠬᠠᠷᠪᠣᠯᠳᠠ ᠳᠤ ᠡᠷᠡᠭ᠍ᠳᠡᠢ ᠡᠮᠡᠭ᠍ᠳᠡᠢ ᠭᠦᠭ᠍ᠰᠢᠨ ᠵᠠᠯᠠᠭᠤ ᠭᠡᠵᠤ ᠢᠯᠭᠠᠯ ᠦᠭᠡᠶ ᠪᠦᠷ ᠣᠷᠤᠯᠴᠠᠬᠤ ᠪᠣᠯᠤᠨ᠎ᠠ᠃ ᠵᠤᠭᠰᠤᠭ᠎ᠠ ᠪᠠᠷ ᠬᠠᠷᠪᠣᠬᠤ ᠪᠠ ᠳᠠᠪᠭᠢᠭ᠎ᠠ ᠮᠤᠷᠢᠨ ᠳᠡᠭᠡᠷ᠎ᠡ ᠡᠴᠡ ᠨᠠᠮᠨᠠᠬᠤ ᠭᠡᠵᠤ ᠬᠤᠶᠠᠷ ᠵᠣᠢ᠌ᠯ ᠬᠤᠪᠢᠶᠠᠳᠠᠭ᠃ ᠡᠨᠡ ᠦᠶ᠎ᠡ ᠳᠤ ᠪᠦᠭᠡ ᠶᠢᠨ ᠪᠠᠷᠢᠯᠳᠤᠭᠠᠨ ᠢᠯᠭᠠᠷᠠᠭ᠎ᠠ ᠦᠭᠡᠶ ᠪᠣᠯ ᠮᠦᠨ ᠦᠷᠭᠦᠯᠵᠢᠯᠡᠨ ᠬᠠᠮᠳᠤᠪᠠᠷ ᠶᠠᠪᠣᠭᠳᠠᠨ᠎ᠠ᠃

ᠣᠷᠤᠯᠳᠤᠭᠠᠨ ᠤ ᠱᠠᠩᠨᠠᠯ ᠳᠤ ᠥᠵᠦᠭᠦᠷ᠂ ᠳᠠᠳ᠋᠂ ᠭᠤᠳᠠᠭᠠᠷ᠂ ᠳᠦᠳᠡᠭᠡᠷ ᠁᠂ ᠭᠡᠵᠤ ᠶᠡᠭᠡ ᠱᠠᠩᠨᠠᠯ ᠶᠢᠡᠷ ᠱᠠᠩᠨᠠᠨ᠎ᠠ᠃ ᠳᠠᠷᠤᠢ ᠡᠮᠡᠭᠡᠯ ᠬᠠᠵᠠᠭᠠᠷ ᠲᠡᠶ ᠮᠤᠷᠢ᠂ ᠮᠥᠩᠭᠦᠨ ᠪᠣᠢ᠌ᠯᠠ ᠲᠡᠶ ᠴᠠᠭᠠᠨ ᠳᠡᠮᠡᠭᠡ᠂ ᠳᠠᠪᠠᠯ ᠤᠨ ᠳᠤᠷᠭ᠎ᠠ᠂ ᠭᠡᠪ ᠤᠨ ᠴᠠᠢ᠂ ᠥᠭᠡᠷ ᠬᠤᠨᠢ᠂ ᠮᠥᠩᠭᠦ ᠵᠤᠭᠤᠰ ᠭᠡᠵᠤ ᠣᠯᠠᠨ ᠶᠠᠩᠵᠤ ᠪᠠᠷ ᠱᠠᠩᠨᠠᠳᠠᠭ᠃ ᠭᠦᠮᠦᠰ ᠪᠠᠶᠠᠷᠯᠠᠨ ᠨᠠᠢ᠌ᠷᠯᠠᠪᠠᠯ 《ᠠᠭᠤᠯᠠ ᠣᠰᠤᠨ ᠤ ᠡᠵᠡᠳ ᠰᠠᠭᠢᠭᠤᠰᠤ ᠴᠤ ᠪᠠᠶᠠᠰᠴᠤ ᠪᠣᠷᠤᠭᠠᠨ ᠬᠤᠷ᠎ᠠ ᠪᠠᠨ ᠪᠠᠭᠤᠯᠭᠠᠳᠠᠭ》 ᠭᠡᠳᠡᠭ᠌᠃ ᠥᠨᠡᠭᠡᠷ ᠤᠪᠤᠭ᠎ᠠ ᠳᠠᠭᠢᠭᠰᠠᠨ ᠡᠳᠦᠷ ᠣᠯᠠᠩᠭᠢ ᠳᠠᠭᠠᠨ ᠪᠣᠷᠤᠭᠠᠨ ᠣᠷᠤᠳᠠᠭ ᠪᠠᠢ᠌ᠨ᠎ᠠ᠃

      ᠵᠢᠷᠭᠤᠭ᠎ᠠ᠂ ᠣᠪᠣᠭᠠᠨ ᠴᠢᠭᠤᠯᠭᠠᠨ

ᠣᠪᠣᠭᠠᠨ ᠴᠢᠭᠤᠯᠭᠠᠨ ᠨᠢ ᠮᠦᠨ ᠣᠪᠣᠭᠠᠨ ᠳᠠᠭᠢᠯᠭ᠎ᠠ ᠶᠢᠨ ᠶᠤᠰᠤᠨ ᠤ ᠨᠢᠭᠡᠨ ᠴᠢᠬᠤᠯᠠ ᠠᠭᠤᠯᠭ᠎ᠠ ᠮᠦᠨ᠃ ᠡᠷᠳᠡᠨ ᠤ ᠦᠶ᠎ᠡ ᠶᠢᠨ ᠵᠠᠰᠠᠭ ᠳᠦᠷᠤ ᠶᠢᠨ ᠳᠠᠯ᠎ᠠ ᠡᠴᠡ ᠡᠰᠡᠭᠦᠯ᠎ᠡ ᠠᠢ᠌ᠯ ᠠᠢ᠌ᠮᠠᠭ ᠤᠨ ᠡᠪᠦᠭᠡᠳ ᠤᠨ ᠵᠠᠰᠠᠭ ᠤᠨ ᠳᠠᠯ᠎ᠠ ᠡᠴᠡ ᠣᠪᠣᠭᠠᠨ ᠳᠠᠭᠢᠯᠭ᠎ᠠ ᠳᠤ ᠣᠯᠠᠨ ᠭᠦᠮᠤᠨ ᠴᠤᠭᠯᠠᠷᠠᠬᠤ ᠶᠢ ᠲᠤᠬᠢᠶᠠᠯᠳᠠᠭᠤᠯᠤᠨ ᠴᠢᠭᠤᠯᠭᠠᠨ ᠴᠢᠭᠤᠯᠵᠤ᠂ ᠬᠤᠷᠠᠯ ᠬᠤᠷᠠᠯᠳᠠᠭᠤᠯᠤᠨ᠂ ᠥᠩᠭᠡᠷᠡᠭ᠍ᠰᠡᠨ ᠤ ᠰᠢ᠌ᠳᠪᠦᠷᠢᠯᠡᠭᠦ ᠴᠢᠬᠤᠯᠠᠳᠠᠢ ᠳᠤᠮᠤ ᠭᠡᠷᠡᠭ᠌ ᠶᠡᠭᠡ ᠶᠠᠪᠣᠳᠠᠯ ᠶᠢᠡᠨ ᠳᠠᠰᠤᠯᠠᠨ ᠰᠢ᠌ᠳᠭᠡᠵᠤ ᠣᠯᠠᠨ ᠤ ᠡᠮᠦᠨ᠎ᠡ ᠳᠤᠷᠭᠤᠭᠠᠬᠤ ᠴᠢᠬᠤᠯᠳᠠᠢ ᠶᠢ ᠨᠢ ᠶᠠᠯᠠᠯᠠᠨ ᠳᠤᠷᠭᠤᠭᠠᠵᠤ᠂ ᠱᠠᠩᠨᠠᠬᠤ ᠴᠢᠬᠤᠯᠳᠠᠢ ᠶᠢ ᠭᠦᠭᠢᠭᠦᠯᠤᠨ ᠱᠠᠩᠨᠠᠨ᠎ᠠ᠃ ᠵᠢᠱᠢᠶᠠᠯᠠᠪᠠᠯ᠂ ᠡᠷᠭᠦᠤ ᠶᠢᠨ ᠭᠡᠷᠡᠭ᠌᠂ ᠬᠤᠯᠠᠭᠠᠢ ᠳᠡᠭᠡᠷᠡᠮ ᠤᠨ ᠣᠴᠢᠷ᠂ ᠭᠠᠵᠠᠷ ᠨᠤᠳᠤᠭ ᠪᠠᠯᠴᠢᠭᠡᠷ ᠭᠦᠷᠢᠶ᠎ᠡ ᠶᠢᠨ ᠵᠠᠬ᠎ᠠ ᠵᠠᠭᠠᠭ ᠤᠨ ᠭᠢᠮᠤᠷᠠᠯᠳᠤᠭᠠᠨ ᠵᠡᠷᠭᠡ ᠨᠡᠢ᠌ᠭᠡᠮ ᠤᠨ ᠭᠡᠷᠡᠭ᠌ ᠵᠠᠷᠭᠤ ᠡᠴᠡ ᠣᠷᠤᠭ ᠰᠠᠯᠬᠤ᠂ ᠡᠶ‍ᠢ ᠪᠠᠷᠢ ᠶᠢᠨ ᠵᠢᠭᠤᠷᠭᠠᠨ᠂ ᠨᠢᠯᠬ᠎ᠠ ᠪᠠᠨ ᠬᠠᠢ᠌ᠷᠠᠯᠠᠬᠤ ᠦᠭᠡᠶ ᠨᠠᠰᠤᠳᠠᠨ ᠶᠢᠡᠨ ᠬᠠᠷᠠᠳᠠᠭᠰᠠᠨ ᠭᠡᠷᠡᠭ᠌ ᠵᠡᠷᠭᠡ ᠶᠢᠨ ᠭᠡᠷᠭᠡᠨ ᠵᠠᠭᠤᠷ᠎ᠠ ᠶᠢᠨ ᠭᠡᠷᠡᠭ᠌ ᠣᠴᠢᠷ ᠲᠤ ᠭᠦᠷᠳᠡᠯ᠎ᠡ ᠰᠢᠳᠭᠡᠨ ᠰᠢ᠌ᠤᠠᠪᠣᠷᠢᠯᠠᠨ᠎ᠠ᠃

ᠮᠤᠩᠭ᠋ᠤᠯᠴᠤᠳ ᠤᠨ ᠣᠤᠷ ᠰᠤᠶᠤᠯ ᠣᠪᠣᠭᠠᠨ ᠳᠠᠭᠢᠯᠭ᠎ᠠ ᠳᠤ ᠡᠭᠡ ᠪᠠᠢ᠌ᠭᠠᠯᠢ ᠪᠠᠨ ᠬᠠᠢ᠌ᠷᠠᠯᠠᠬᠤ᠂ ᠡᠪᠦᠭᠡ ᠳᠡᠭᠡᠳᠦᠰ ᠶᠢᠡᠨ ᠭᠦᠡᠳᠦᠳᠭᠡᠭᠦ᠂ ᠪᠠᠭᠠᠳᠤᠷ ᠭᠦᠮᠦᠰ ᠢ ᠪᠠᠬᠠᠳᠤᠨ ᠪᠢᠰᠢᠷᠡᠭᠦ᠂ ᠪᠠᠭᠠᠴᠤᠳ ᠬᠡᠦᠬᠡᠳ ᠶᠢᠡᠨ ᠳᠤᠷᠨᠢᠭᠤᠨ ᠥᠰᠭᠡᠭᠦ ᠰᠠᠢ᠌ᠨ ᠰᠠᠢ᠌ᠬᠠᠨ ᠤ ᠡᠷᠢᠯ ᠭᠦᠰᠡᠯ ᠤᠨ ᠰᠠᠨᠠᠭ᠎ᠠ ᠠᠬᠤᠯᠠᠭᠳᠠᠵᠤ ᠪᠠᠢ᠌ᠬᠤ ᠪᠦᠭᠡᠳ ᠮᠠᠯᠴᠢᠨ ᠠᠷᠠᠤᠨ ᠤᠨ ᠠᠭᠤᠯᠵᠠᠨ ᠵᠤᠯᠭᠠᠬᠤ᠂ ᠡᠷᠢᠯ ᠰᠤᠷᠠᠭ ᠤᠨ ᠴᠢᠮᠡᠭᠡ ᠳᠠᠯᠪᠢᠬᠤ᠂ ᠰᠤᠨᠢᠨ ᠰᠤᠨᠤᠰᠬᠠᠯ ᠶᠢᠡᠨ ᠳᠠᠮᠵᠢᠭᠤᠯᠬᠤ᠂ ᠵᠠᠮ ᠳᠦᠭᠡᠷᠡᠭ᠍ᠰᠡᠳ ᠲᠤ ᠵᠥᠭ᠌ ᠴᠢᠭ᠌ ᠣᠯᠭᠤᠬᠤ᠂ ᠪᠣᠶᠤ ᠬᠤᠷᠢᠮᠯᠠᠭᠠᠤᠨ ᠭᠡᠳᠤᠨ ᠵᠢᠯ ᠪᠣᠯᠤᠭᠠᠤᠨ ᠬᠡᠦᠬᠡᠳ ᠭᠠᠷᠤᠭ᠎ᠠ ᠦᠭᠡᠶ ᠭᠦᠮᠤᠨ ᠦᠷ᠎ᠡ ᠶᠢᠨ ᠬᠤᠳᠤᠭ ᠭᠤᠶᠤᠬᠤ ᠪᠣᠶᠤ ᠵᠠᠯᠠᠭᠤᠴᠤᠳ ᠤᠨ ᠳᠠᠨᠢᠯᠴᠠᠨ ᠳᠠᠰᠤᠯᠴᠠᠵᠤ᠂ ᠢᠨᠠᠭ ᠰᠡᠳᠭᠢᠯ ᠶᠢᠡᠨ ᠶᠠᠷᠢᠯᠴᠠᠬᠤ ᠳᠤ ᠳᠤᠩ ᠳᠤᠭᠢᠷᠠᠮᠵᠢᠳᠠᠢ ᠭᠠᠵᠠᠷ ᠣᠷᠤᠨ ᠪᠣᠯᠵᠤ ᠪᠠᠢ᠌ᠭᠰᠠᠨ ᠶᠤᠮ᠃ ᠵᠢᠱᠢᠶᠠᠯᠠᠪᠠᠯ᠂ ᠬᠤᠷᠴᠢᠨ ᠠᠷᠠᠤᠨ ᠤᠨ ᠳᠠᠭᠤᠤ 《ᠣᠪᠣᠭᠠᠨ ᠳ᠋ᠠᠭᠢ ᠠᠭᠤᠯᠵᠠᠯᠳᠠ》 ᠳ᠋ᠤ

ᠠᠷᠪᠠᠨ ᠳᠠᠪᠤᠨ ᠤ ᠰᠠᠷ᠎ᠠ ᠴᠢᠨᠢ

ᠠᠭᠠᠷ ᠳᠡᠭᠡᠷ᠎ᠡ ᠳᠡᠭ᠍ᠳᠡᠯ᠎ᠡ ᠭᠦᠶ‍ᠢ

ᠠᠷᠤ ᠦᠪᠣᠷ ᠢ ᠨᠢ ᠳᠠᠭᠠᠭᠠᠤᠨ

ᠡᠭᠦᠯᠡ ᠦᠭᠡᠶ ᠨᠢ ᠶᠠᠭᠤ ᠶᠤᠮ ᠳ᠋ᠡ ᠭᠦᠶ‍ᠢ

ᠬᠠᠢ᠌ᠷᠠᠳᠠᠢ ᠬᠤᠩᠭ᠋ᠤᠷ ᠠᠬ᠎ᠠ ᠮᠢᠨᠢ

ᠬᠠᠯᠠᠰᠢᠷᠠᠯ ᠦᠭᠡᠶ ᠭᠦᠯᠢᠶᠡᠪᠠᠯ ᠭᠦᠶ‍ᠢ

ᠬᠠᠢ᠌ᠷᠠᠯᠠᠵᠤ ᠰᠠᠨᠠᠭᠰᠠᠨ ᠬᠤᠩᠭ᠋ᠤᠷ ᠳᠡᠭᠦᠤ ᠴᠢᠨᠢ

ᠠᠶᠠᠠᠳᠠᠭᠠᠨ ᠭᠦᠷᠦᠭᠡᠳ ᠢᠷᠡᠭᠦ ᠦᠭᠡᠶ ᠦᠦ ᠳ᠋ᠡ ᠭᠦᠶ‍ᠢ ᠭᠡᠵᠤ ᠳᠠᠭᠤᠯᠠᠵᠤ ᠪᠠᠢ᠌ᠭᠰᠠᠨ ᠨᠢ ᠳᠤᠬᠠᠢ ᠶᠢᠨ ᠦᠶ᠎ᠡ ᠭᠦᠮᠤᠨ ᠪᠠᠢ᠌ᠭᠠᠯᠢ ᠶᠢᠨ ᠵᠤᠭᠢᠴᠠᠩᠭ᠋ᠤᠢ ᠰᠠᠢ᠌ᠬᠠᠨ ᠠᠭᠤᠷ ᠠᠮᠢᠰᠬᠤᠯ ᠭᠡᠴᠢᠨᠡᠨ ᠦᠳᠭᠡᠨ ᠵᠤᠵᠠᠭᠠᠨ ᠪᠠᠢ᠌ᠯ᠎ᠠ ᠭᠡᠰᠡᠨ ᠢ ᠪᠢᠳᠠ ᠳᠤᠳᠤᠷᠬᠠᠢ ᠣᠯᠵᠤ ᠬᠠᠷᠠᠬᠤ ᠶᠤᠮ᠃

ᠣᠪᠣᠭᠠᠨ ᠳᠠᠭᠢᠯᠭ᠎ᠠ ᠪᠣᠯ 《ᠪᠣᠳᠠᠰ ᠤᠨ ᠪᠣᠰᠤ》 ᠰᠤᠶᠤᠯ ᠤᠨ ᠭᠦᠷᠢᠶ᠎ᠡ ᠴᠠᠷ᠎ᠠ ᠳ᠋ᠠᠭᠢ ᠪᠣᠯᠪᠠᠰᠤᠨ ᠰᠤᠶᠤᠯ ᠪᠣᠯᠬᠤ ᠪᠦᠭᠡᠳ 《ᠣᠶᠤᠨ ᠤ ᠰᠤᠶᠤᠯ》 ᠊ᠤᠨ ᠴᠢᠬᠤᠯᠠ ᠪᠦᠷᠢᠯᠳᠦᠭᠦᠨ ᠮᠦᠨ᠃ ᠭᠦᠮᠤᠨ ᠳᠦᠷᠤᠯᠭᠢᠳᠠᠨ ᠠᠮᠢᠳᠤᠷᠠᠯ ᠳᠠᠮᠠᠴᠠᠯ ᠤᠨ ᠳᠤᠮᠳᠠ ᠪᠠᠨ ᠭᠦᠮᠤᠨ ᠪᠠᠢ᠌ᠭᠠᠯᠢ ᠶᠢᠨ ᠬᠤᠭᠤᠷᠤᠠᠳᠤ᠂ ᠭᠦᠮᠤᠨ ᠭᠦᠮᠤᠨ ᠤ ᠬᠤᠭᠤᠷᠤᠠᠳᠤ ᠡᠶ᠎ᠡ ᠨᠠᠢ᠌ᠷᠠᠮᠳᠠᠭᠤ ᠵᠤᠭᠢᠴᠠᠯᠳᠠᠩᠭ᠋ᠤᠢ ᠣᠷᠤᠰᠢᠬᠤ ᠶᠢᠨ ᠰᠠᠢ᠌ᠨ ᠰᠠᠢ᠌ᠬᠠᠨ ᠣᠴᠢᠷ ᠣᠬᠠᠭᠠᠨ ᠢ ᠣᠯᠠᠮ ᠡᠴᠡ ᠣᠯᠠᠮ ᠰᠡᠭᠡᠭᠡᠷᠡᠨ ᠣᠬᠠᠭᠠᠷᠠᠵᠤ᠂ ᠪᠠᠢ᠌ᠭᠠᠯᠯᠢᠭ ᠰᠤᠶᠤᠯ ᠤᠨ ᠥᠯᠡᠳᠡᠭ᠍ᠳᠡᠯ ᠪᠣᠯ ᠦᠴᠦᠭᠡᠳᠦᠷ ᠤᠨ ᠦᠪ᠂ ᠦᠨᠦᠳᠤᠷ ᠤᠨ ᠵᠠᠯᠭᠠᠮᠵᠢ᠂ ᠢᠷᠡᠭᠡᠳᠦᠢ ᠶᠢᠨ ᠴᠤᠭᠴᠠᠯᠠᠪᠣᠷᠢ ᠪᠣᠯᠬᠤ ᠶᠢ ᠨᠠᠩ ᠭᠦᠨ ᠳᠠᠨᠢᠵᠤ ᠣᠯᠤᠭᠰᠠᠨ ᠪᠠᠢ᠌ᠨ᠎ᠠ᠃ ᠡᠢ᠌ᠮᠦᠷᠭᠦ ᠡᠭᠡ ᠪᠠᠢ᠌ᠭᠠᠯᠢ ᠪᠠᠨ ᠬᠠᠢ᠌ᠷᠠᠯᠠᠬᠤ᠂ ᠬᠠᠮᠠᠭᠠᠯᠠᠬᠤ᠂ ᠭᠦᠭ᠍ᠵᠢᠭᠦᠯᠭᠦ ᠪᠣᠯ ᠭᠦᠮᠤᠨ ᠪᠠᠢ᠌ᠭᠠᠯᠢ ᠶᠢᠨ ᠡᠶ᠎ᠡ ᠵᠤᠭᠢᠴᠠᠩᠭ᠋ᠤᠢ ᠭᠦᠭ᠍ᠵᠢᠭᠦ ᠭᠦᠨ ᠣᠬᠠᠭᠠᠨ ᠮᠦᠨ᠃ ᠳᠡᠭᠡᠳᠦᠰ ᠤᠨ ᠶᠢᠡᠨ ᠪᠣᠭᠤᠷᠤᠯ ᠳᠡᠦᠭᠡ ᠣᠵᠠᠭᠤᠷ ᠰᠤᠶᠤᠯ ᠢ ᠦᠷ᠎ᠡ ᠬᠣᠢ᠌ᠴᠢᠰ ᠲᠠᠭᠠᠨ ᠵᠠᠯᠭᠠᠮᠵᠢᠯᠠᠨ ᠪᠠᠳᠠᠷᠠᠭᠤᠯᠵᠤ᠂ ᠦᠷᠭᠦᠯᠵᠢᠯᠡᠨ ᠭᠦᠭ᠍ᠵᠢᠭᠦᠯᠭᠦ ᠪᠣᠯ ᠬᠣᠢ᠌ᠰᠢᠳᠠ ᠶᠢᠨ ᠡᠶ᠎ᠡ ᠨᠠᠢ᠌ᠷᠠᠮᠳᠠᠭᠤ ᠨᠡᠢ᠌ᠭᠡᠮ ᠤᠨ ᠪᠦᠳᠦᠭᠡᠨ ᠪᠠᠢ᠌ᠭᠤᠯᠤᠯᠳᠠ᠂ ᠰᠤᠶᠤᠯ ᠤᠨ ᠳᠤᠮᠤ ᠬᠤᠰᠢᠭᠤ ᠶᠢᠨ ᠪᠦᠳᠦᠭᠡᠨ ᠪᠠᠢ᠌ᠭᠤᠯᠤᠯᠳᠠ ᠳᠤ ᠪᠦᠷ ᠭᠦᠡᠳᠤ ᠴᠢᠬᠤᠯᠠ ᠠᠴᠢ ᠬᠤᠯᠪᠣᠭᠳᠠᠯ ᠲᠡᠶ ᠶᠤᠮ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 3507
ᠴᠠᠭ᠄ 2011 ᠤᠨ ᠤ 08 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ