ᠣᠷᠴᠢᠨ ᠴᠠᠭ ᠤᠨ ᠮᠤᠩᠭ᠋ᠤᠯ ᠭᠡᠯᠡᠨ ᠤ ᠪᠢᠴᠢᠭ᠌ ᠳᠠᠭᠢ ᠨᠠᠮᠠᠯᠳᠠ ᠳᠦᠷᠰᠦ ᠶᠢᠨ ᠳᠤᠬᠠᠢ

ᠮᠤᠩᠭ᠋ᠤᠯ ᠭᠡᠯᠡᠨ ᠤ ᠪᠢᠴᠢᠭ᠌ ᠤᠨ ᠭᠡᠯᠡ ᠨᠢ ᠣᠷᠳᠤ ᠣᠳᠠᠭᠠᠨ ᠭᠦᠭ᠍ᠵᠢᠯ ᠤᠨ ᠶᠠᠪᠣᠴᠠ ᠳᠤᠮᠳᠠ ᠪᠠᠨ ᠮᠠᠰᠢ ᠣᠯᠠᠨ ᠥᠭᠡᠷᠡᠴᠢᠯᠡᠯᠳᠡ ᠰᠠᠢ᠌ᠵᠢᠷᠠᠭᠤᠯᠤᠯᠳᠠ ᠶᠢ ᠥᠩᠭᠡᠷᠡᠭᠦᠯᠵᠤ ᠪᠣᠯᠪᠠᠰᠤᠷᠠᠨ ᠳᠡᠭᠦᠯᠳᠡᠷᠵᠢᠵᠤ ᠢᠷᠡᠭ᠍ᠰᠡᠨ ᠶᠤᠮ᠃ ᠡᠨᠡ ᠭᠦ ᠶᠠᠪᠣᠴᠠ ᠳᠤ ᠭᠠᠷᠤᠭᠰᠠᠨ ᠵᠦᠪ ᠪᠢᠴᠢᠯᠭᠡ ᠶᠢᠨ ᠳᠠᠯ᠎ᠠ ᠪᠠᠷ ᠬᠢ ᠵᠠᠷᠢᠮ ᠬᠤᠪᠢᠷᠠᠯᠳᠠ ᠰᠢᠨᠠᠳᠤᠯ ᠤᠨ ᠭᠡᠯᠪᠠᠷᠢ ᠶᠢ ᠳᠤᠬᠠᠢ ᠶᠢᠨ ᠴᠠᠭ ᠲᠤ ᠨᠢ ᠳᠤᠰ ᠨᠢᠭᠡᠪᠦᠷᠢᠴᠢᠯᠡᠨ ᠳᠤᠳᠤᠷᠬᠠᠢ᠌ᠯᠠᠵᠤ ᠣᠨᠤᠯᠵᠢᠭᠤᠯᠤᠭᠰᠠᠨ ᠦᠭᠡᠶ ᠪᠣᠶᠤ ᠣᠮᠳᠤᠭᠠᠢ᠌ᠯᠠᠭᠰᠠᠨ ᠡᠴᠡ ᠪᠣᠯᠵᠤ ᠵᠠᠷᠢᠮ ᠵᠣᠢ᠌ᠯ ᠨᠢ ᠬᠤᠵᠢᠮ ᠤᠨ ᠭᠦᠮᠦᠰ ᠲᠤ ᠮᠠᠳᠠᠭ ᠠᠳᠠᠷᠠᠮ᠎ᠠ ᠲᠡᠶ ᠰᠠᠳᠤᠪ ᠪᠣᠯᠤᠨ ᠥᠯᠡᠳᠡᠭ᠍ᠰᠡᠨ ᠪᠠᠢ᠌ᠳᠠᠭ ᠢ ᠬᠤᠵᠢᠮ ᠤᠨ ᠭᠦᠮᠦᠰ ᠳᠠᠯ᠎ᠠ ᠳᠡᠯ᠎ᠡ ᠡᠴᠡ ᠨᠢ ᠰᠤᠳᠤᠯᠤᠨ ᠬᠠᠢ᠌ᠵᠤ ᠦᠪᠡᠷ ᠦᠪᠡᠷ ᠤᠨ ᠦᠵᠡᠯᠳᠠ ᠣᠢ᠌ᠯᠠᠭᠠᠯᠳᠠ ᠪᠠᠨ ᠳᠡᠯᠭᠡᠵᠤ ᠮᠤᠩᠭ᠋ᠤᠯ ᠪᠢᠴᠢᠭ᠌ ᠤᠨ ᠭᠦᠭ᠍ᠵᠢᠯ ᠪᠣᠯᠪᠠᠰᠤᠷᠠᠯ ᠢ ᠠᠠᠭᠢᠭᠤᠯᠤᠭᠰᠠᠭᠠᠷ ᠪᠣᠢ ᠪᠣᠯᠪᠠᠴᠤ ᠪᠠᠰᠠ ᠵᠠᠷᠢᠮ ᠵᠣᠢ᠌ᠯ ᠨᠢ ᠣᠳᠤ ᠪᠣᠯᠳᠠᠯ᠎ᠠ ᠳᠣᠢ᠌ᠯᠪᠣᠷᠢᠳᠠᠢ ᠰᠢ᠌ᠳᠪᠦᠷᠢᠯᠡᠭ᠍ᠳᠡᠭᠡᠳᠦᠢ ᠪᠣᠶᠤ ᠪᠦᠷᠢᠨ ᠰᠢ᠌ᠳᠪᠦᠷᠢᠯᠡᠭ᠍ᠳᠡᠭᠡᠳᠦᠢ ᠪᠠᠢ᠌ᠭ᠎ᠠ ᠶᠤᠮ᠃ ᠳᠡᠭᠦᠨ ᠤ ᠳᠤᠳᠤᠷ᠎ᠠ ᠡᠴᠡ ᠮᠤᠩᠭ᠋ᠤᠯ ᠪᠢᠴᠢᠭ᠌ ᠤᠨ ᠭᠡᠰᠡᠭ᠌ 《ᠨᠠᠮᠠᠯᠳᠠ ᠳᠦᠷᠰᠦ》 ᠶᠢᠨ ᠳᠤᠬᠠᠢ ᠣᠳᠤ ᠪᠣᠯᠳᠠᠯ᠎ᠠ ᠣᠨᠤᠯ ᠤᠨ ᠳᠠᠯ᠎ᠠ ᠡᠴᠡ ᠨᠤᠳᠠᠯᠠᠵᠤ ᠳᠤᠭᠳᠠᠭᠠᠭᠰᠠᠨ ᠳᠤᠰᠬᠠᠢ ᠥᠭᠦᠯᠡᠯ ᠵᠤᠬᠢᠶᠠᠯ ᠬᠠᠷᠠᠬᠠᠨ ᠬᠠᠷᠠᠭᠳᠠᠭ᠎ᠠ ᠦᠭᠡᠶ ᠪᠠᠢ᠌ᠭᠰᠠᠭᠠᠷ ᠶᠤᠮ᠃ ᠳᠠᠢ᠌ᠮᠤ ᠡᠴᠡ ᠳᠤᠮᠳᠠᠳᠤ ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠶᠢᠨ ᠥᠢᠯᠡᠳᠦᠯᠭᠡ ᠳᠤᠮᠳᠠ ᠳᠡᠭᠦᠨ ᠢ ᠭᠡᠷᠭᠢᠨ ᠳᠠᠢ᠌ᠯᠪᠣᠷᠢᠯᠠᠬᠤ ᠰᠢᠰᠲ᠋ᠸᠮ ᠲᠡᠶ ᠣᠨᠤᠯ ᠤᠨ ᠡᠰᠢ ᠪᠠᠷᠢᠮᠳᠠ ᠦᠭᠡᠶ ᠪᠠᠢ᠌ᠵᠤ᠂ ᠮᠤᠩᠭ᠋ᠤᠯ ᠭᠡᠯᠡᠨ ᠤ ᠥᠰᠦᠭ᠌᠂ ᠦᠶ᠎ᠡ ᠴᠠᠭᠠᠰᠢᠯᠠᠭᠠᠤᠨ ᠵᠦᠪ ᠪᠢᠴᠢᠯᠭᠡ ᠶᠢᠨ ᠳᠤᠬᠠᠢ ᠳᠠᠢ᠌ᠯᠪᠣᠷᠢᠯᠠᠬᠤ ᠳᠤ ᠡ᠊ᠨᠳᠡ ᠭᠡᠯᠡᠵᠤ ᠪᠠᠢ᠌ᠭ᠎ᠠ 《ᠨᠠᠮᠠᠯᠳᠠ ᠳᠦᠷᠰᠦ》 ᠲᠡᠶ ᠬᠤᠯᠪᠣᠭᠳᠠᠬᠤ ᠵᠠᠷᠢᠮ ᠵᠣᠢ᠌ᠯ ᠨᠢ ᠮᠠᠰᠢ ᠶᠡᠭᠡ ᠳᠦᠪᠠᠭ᠌ ᠪᠣᠳᠤᠯᠢᠶᠠᠨ ᠣᠴᠠᠷᠠᠭᠤᠯᠳᠠᠭ ᠡᠴᠡ ᠵᠠᠷᠢᠮ ᠪᠠᠭᠰᠢ ᠨᠡᠷ 《ᠪᠠᠢ᠌ᠳᠠᠯ ᠢ ᠦᠵᠡᠨ ᠨᠤᠬᠤᠵᠤ ᠶᠠᠷᠢᠬᠤ》 ᠡᠴᠡ ᠥᠭᠡᠷ᠎ᠡ ᠠᠷᠭ᠎ᠠ ᠦᠭᠡᠶ ᠪᠣᠯᠳᠠᠭ᠃ ᠬᠤᠪᠢ ᠭᠦᠮᠤᠨ ᠦᠪᠡᠷ ᠤᠨ ᠵᠢᠭᠠᠨ ᠰᠤᠷᠭᠠᠯᠳᠠ ᠶᠢᠨ ᠥᠢᠯᠡᠳᠦᠯᠭᠡ ᠳᠤᠮᠳᠠ ᠠᠩᠬᠠᠷᠤᠨ ᠰᠢᠡᠵᠢᠯᠡᠭ᠍ᠰᠡᠨ ᠵᠣᠢ᠌ᠯ ᠶᠢᠡᠨ ᠦᠨᠳᠦᠰᠦᠯᠠᠵᠤ ᠮᠤᠩᠭ᠋ᠤᠯ ᠭᠡᠯᠡᠨ ᠤ ᠪᠢᠴᠢᠭ᠌᠂ ᠪᠢᠴᠢᠯᠭᠡ ᠶᠢᠨ ᠣᠠᠴᠠᠯᠢᠭ ᠲᠡᠶ ᠣᠶᠠᠯᠳᠤᠭᠤᠯᠵᠤ᠂ ᠣᠷᠴᠢᠨ ᠴᠠᠭ ᠤᠨ ᠮᠤᠩᠭ᠋ᠤᠯ ᠭᠡᠯᠡᠨ ᠤ ᠭᠡᠰᠡᠭ᠌ ᠪᠢᠴᠢᠯᠭᠡ ᠶᠢᠨ ᠳᠦᠷᠰᠦ ᠶᠢ 《ᠨᠠᠮᠠᠯᠳᠠ ᠳᠦᠷᠰᠦ》 ᠭᠡᠮᠡᠨ ᠳᠤᠳᠤᠷᠬᠠᠢ᠌ᠯᠠᠵᠤ᠂ ᠠᠪᠢᠶ᠎ᠠ ᠳᠡᠮᠳᠡᠭᠯᠡᠭᠦ ᠥᠰᠦᠭ᠌ ᠤᠨ ᠰᠢᠰᠲ᠋ᠸᠮ ᠡᠴᠡ ᠢᠯᠭᠠᠨ ᠨᠠᠷᠠᠯᠠᠪᠠ᠃ ᠡᠷᠳᠡᠮᠳᠡᠳ ᠭᠡᠭᠡᠨ ᠳᠤ ᠪᠠᠨ ᠳᠤᠯᠢᠯᠠᠮᠤ︕

ᠡ᠊ᠨᠳᠡ ᠭᠡᠯᠡᠵᠤ ᠪᠠᠢ᠌ᠭ᠎ᠠ 《ᠨᠠᠮᠠᠯᠳᠠ ᠳᠦᠷᠰᠦ》 ᠪᠣᠯᠬᠤ ᠪᠢᠴᠢᠯᠭᠡ ᠶᠢᠨ ᠭᠡᠯᠪᠠᠷᠢ ᠨᠢ ᠳᠡᠦᠭᠡᠨ ᠭᠠᠷᠤᠯ ᠤᠨ ᠬᠤᠪᠢ ᠳᠤ ᠪᠣᠯ᠂ ᠡᠷᠳᠡᠨ ᠤ ᠮᠤᠩᠭ᠋ᠤᠯ ᠭᠡᠯᠡᠨ ᠳᠤ ᠵᠠᠷᠢᠮ ᠨᠢ ᠥᠨᠡᠭᠡᠷ ᠨᠢᠭᠡ ᠠᠪᠢᠶ᠎ᠠ ᠶᠢ᠂ ᠵᠠᠷᠢᠮ ᠨᠢ ᠬᠤᠶᠠᠷ ᠠᠪᠢᠶ᠎ᠠ ᠪᠣᠶᠤ ᠭᠤᠷᠪᠠᠨ ᠠᠪᠢᠶ᠎ᠠ ᠶᠢ ᠴᠤ ᠳᠡᠮᠳᠡᠭᠯᠡᠭᠦ ᠣᠢ᠌ᠯᠠᠳᠤᠯ ᠭᠡᠷᠡᠭ᠍ᠴᠡᠭᠡ ᠲᠡᠶ ᠪᠠᠢ᠌ᠭᠰᠠᠨ ᠪᠠᠢ᠌ᠵᠤ ᠪᠣᠯᠤᠨ᠎ᠠ᠃ ᠭᠡᠳᠡᠯ᠎ᠡ ᠳᠠᠷᠠ ᠨᠢ ᠮᠤᠩᠭ᠋ᠤᠯ ᠭᠡᠯᠡᠨ ᠤ ᠭᠦᠭ᠍ᠵᠢᠯ ᠤᠨ ᠶᠠᠪᠣᠴᠠ ᠳᠤ ᠣᠤᠯ ᠤᠨ ᠳᠠᠷᠠ ᠭᠦ ᠣᠢ᠌ᠯᠠᠳᠤᠯ ᠭᠡᠷᠡᠭ᠍ᠴᠡᠭᠡ ᠪᠠᠨ ᠠᠯᠳᠠᠵᠤ ᠰᠢᠨ᠎ᠡ ᠡᠭᠦᠷᠭᠡ ᠴᠢᠳᠠᠪᠭᠢ ᠭᠦᠢᠴᠡᠳᠭᠡᠭᠦ ᠪᠣᠯᠤᠭᠰᠠᠨ ᠳᠤᠯᠠ ᠡᠨᠡ ᠭᠦ ᠰᠢᠨ᠎ᠡ ᠡᠭᠦᠷᠭᠡ ᠴᠢᠳᠠᠪᠭᠢ ᠶᠢᠨ ᠳᠠᠯ᠎ᠠ ᠡᠴᠡ ᠨᠢ ᠰᠤᠳᠤᠯᠤᠨ ᠨᠠᠷᠠᠯᠠᠵᠤ ᠳᠤᠳᠤᠷᠬᠠᠢ᠌ᠯᠠᠪᠠᠯ ᠰᠤᠷᠴᠤ ᠭᠡᠷᠡᠭᠯᠡᠭᠦ ᠳᠤ ᠣᠯᠠᠮ ᠪᠣᠳᠠᠳᠤ ᠠᠴᠢ ᠬᠤᠯᠪᠣᠭᠳᠠᠯ ᠲᠡᠶ᠂ ᠨᠠᠩ ᠳᠦᠭᠦᠮ ᠣᠢ᠌ᠯᠠᠭᠠᠮᠵᠢᠳᠠᠢ ᠪᠣᠯᠬᠤ ᠨᠢ ᠳᠠᠮᠵᠢᠭ ᠦᠭᠡᠶ᠃ ᠮᠤᠩᠭ᠋ᠤᠯ ᠭᠡᠯᠡᠨ ᠤ ᠥᠰᠦᠭ᠌ ᠨᠢ ᠭᠡᠳᠥᠢᠪᠠᠷ ᠭᠠᠯᠢᠭ ᠪᠢᠰᠢ ᠪᠢᠴᠢᠭ᠌ ᠪᠣᠯᠬᠤ ᠪᠣᠯᠪᠠᠴᠤ ᠪᠢᠴᠢᠯᠭᠡ ᠶᠢᠨ ᠭᠡᠯᠪᠠᠷᠢ ᠶᠢᠨ ᠳᠤᠭᠳᠠᠴᠠ ᠨᠢᠭᠡᠪᠦᠷᠢ ᠳᠤ ᠨᠢ ᠳᠤᠰ ᠳᠤᠰ ᠳᠤᠳᠤᠷᠬᠠᠢ ᠣᠨᠤᠪᠴᠢᠳᠠᠢ ᠨᠠᠷ᠎ᠠ᠂ ᠳᠤᠮᠢᠶᠠᠯᠠᠯ ᠣᠨᠤᠭᠠᠵᠤ ᠨᠡᠷᠡᠯᠡᠭᠦ ᠨᠢ ᠵᠣᠢ᠌ᠳᠠᠢ ᠶᠤᠮ᠃

《ᠨᠠᠮᠠᠯᠳᠠ ᠳᠦᠷᠰᠦ》 ᠭᠡᠳᠡᠭ᠌ ᠨᠢ ᠶᠠᠷᠢᠶ᠎ᠠ ᠣᠩᠰᠢᠯᠭ᠎ᠠ ᠳ᠋ᠠᠭᠢ ᠶᠠᠮᠠᠷ ᠨᠢᠭᠡᠨ ᠪᠣᠳᠠᠳᠠᠢ ᠠᠪᠢᠶ᠎ᠠ ᠶᠢ ᠳᠡᠮᠳᠡᠭᠯᠡᠭᠦ ᠪᠢᠰᠢ ᠬᠠᠷᠢᠨ ᠶᠠᠷᠢᠶ᠎ᠠ ᠣᠩᠰᠢᠯᠭ᠎ᠠ ᠳ᠋ᠠᠭᠢ ᠶᠠᠮᠠᠷ ᠨᠢᠭᠡᠨ ᠪᠣᠳᠠᠳᠠᠢ ᠠᠪᠢᠶ᠎ᠠ ᠶᠢ ᠳᠡᠮᠳᠡᠭᠯᠡᠭᠦ ᠳᠤ ᠳᠤᠰᠠᠯᠠᠬᠤ᠂ ᠳᠤᠳᠤᠷᠬᠠᠢ᠌ᠯᠠᠬᠤ ᠣᠢ᠌ᠯᠠᠳᠤᠯ ᠲᠡᠶ ᠭᠡᠷᠡᠭᠯᠡᠭ᠍ᠳᠡᠵᠤ ᠪᠠᠢ᠌ᠭ᠎ᠠ ᠳᠦᠷᠰᠦ ᠪᠣᠯᠤᠨ ᠪᠢᠴᠢᠭ᠌ ᠳᠠᠭᠢ ᠶᠠᠮᠠᠷ ᠨᠢᠭᠡᠨ ᠪᠢᠴᠢᠯᠭᠡ ᠶᠢᠨ ᠭᠡᠯᠪᠠᠷᠢ ᠶᠢ ᠳᠤᠰᠠᠯᠠᠬᠤ᠂ ᠨᠥᠭᠦᠪᠦᠷᠢᠯᠡᠭᠦ ᠣᠢ᠌ᠯᠠᠳᠤᠯ ᠲᠡᠶ ᠭᠡᠷᠡᠭᠯᠡᠭ᠍ᠳᠡᠵᠤ ᠪᠠᠢ᠌ᠭ᠎ᠠ ᠳᠦᠷᠰᠦ ᠶᠢ ᠭᠡᠯᠡᠨ᠎ᠡ᠃ ᠡᠢ᠌ᠮᠦᠷᠭᠦ ᠳᠦᠷᠰᠦ ᠳᠤ 《᠊ᠠ᠊᠂ ᠎ᠡ᠂ ᠊ᠣ᠊᠂ ᠊ᠤ᠂ ᠸ᠂ ᠊ᠭᠠ᠊᠂ ᠭᠡ᠊᠂ ᠬᠢ᠊᠂ ᠊ᠭᠣ᠊᠂ ᠭᠦ᠂ ᠊ᠭ᠍᠊᠂ ᠶᠠ᠊᠂ ᠊ᠶ᠎ᠠ᠂ ᠪ᠊᠂ ᠊ᠮᠢ᠊᠂ ᠊ᠮᠤ᠊》 ᠵᠡᠷᠭᠡ ᠪᠠᠭᠳᠠᠨ᠎ᠠ᠃ ᠡᠳᠡᠭᠡᠷ ᠢ ᠶᠡᠷᠦᠩᠭᠡᠢ ᠳᠤ ᠨᠢ ᠪᠢᠴᠢᠯᠭᠡ ᠳᠤ ᠳᠤᠰᠠᠯᠠᠬᠤ ᠨᠠᠮᠠᠯᠳᠠ ᠳᠦᠷᠰᠦ ᠪᠣᠯᠤᠨ ᠠᠪᠢᠶ᠎ᠠ ᠳᠡᠮᠳᠡᠭᠯᠡᠭᠦ ᠳᠤ ᠳᠤᠰᠠᠯᠠᠬᠤ ᠨᠠᠮᠠᠯᠳᠠ ᠳᠦᠷᠰᠦ ᠭᠡᠵᠤ ᠬᠤᠶᠠᠷ ᠵᠣᠢ᠌ᠯ ᠳᠤ ᠬᠤᠪᠢᠶᠠᠵᠤ ᠪᠣᠯᠤᠨ᠎ᠠ᠃

ᠪᠢᠴᠢᠯᠭᠡ ᠳᠤ ᠳᠤᠰᠠᠯᠠᠬᠤ ᠨᠠᠮᠠᠯᠳᠠ ᠳᠦᠷᠰᠦ ᠨᠢ ᠭᠡᠷᠡᠭ᠌ ᠳᠡᠭᠡᠷ᠎ᠡ ᠪᠠᠨ ᠣᠷᠴᠢᠨ ᠴᠠᠭ ᠤᠨ ᠮᠤᠩᠭ᠋ᠤᠯ ᠭᠡᠯᠡᠨ ᠤ ᠪᠢᠴᠢᠭ᠌ ᠳᠠᠭᠢ ᠳᠦᠷᠰᠦ ᠢᠯᠭᠠᠬᠤ ᠣᠢ᠌ᠯᠠᠳᠤᠯ ᠲᠡᠶ ᠨᠡᠮᠡᠭ᠍ᠳᠡᠭ᠍ᠰᠡᠨ ᠭᠡᠰᠡᠭ᠌ ᠳᠦᠷᠰᠦ ᠪᠣᠯᠤᠨ ᠬᠤᠶᠠᠷ ᠥᠰᠦᠭ᠌ ᠢ ᠬᠤᠤᠭᠤᠷᠤᠠᠳᠤ ᠨᠢ ᠵᠠᠯᠭᠠᠬᠤ ᠣᠢ᠌ᠯᠠᠳᠤᠯ ᠭᠠᠷᠭᠠᠳᠠᠭ ᠵᠠᠷᠢᠮ ᠳᠦᠷᠰᠦ ᠶᠢ ᠵᠢᠭᠠᠵᠤ ᠪᠠᠢ᠌ᠭ᠎ᠠ ᠶᠤᠮ᠃ ᠡᠭᠦᠨ ᠳᠤ ᠳᠦᠷᠰᠦ ᠢᠯᠭᠠᠬᠤ ᠭᠡᠷᠡᠭ᠍ᠴᠡᠭᠡ ᠲᠡᠶ ᠨᠠᠮᠠᠯᠳᠠ ᠳᠦᠷᠰᠦ ᠳᠤ ᠨᠢ 《᠎ᠡ᠂ ᠊ᠣ᠊᠂ ᠊ᠤ᠂ ᠊ᠭᠠ᠊᠂ ᠭᠡ᠊᠂ ᠊ᠭ᠍᠊᠂ ᠊ᠮᠣ᠊᠂ ᠊ᠮᠢ》 ᠵᠡᠷᠭᠡ ᠳᠦᠷᠰᠦ ᠪᠠᠭᠳᠠᠨ᠎ᠠ᠃ ᠬᠤᠶᠠᠷ ᠥᠰᠦᠭ᠌ ᠢ ᠬᠤᠯᠪᠣᠬᠤ ᠣᠢ᠌ᠯᠠᠳᠤᠯ ᠲᠡᠶ ᠨᠠᠮᠠᠯᠳᠠ ᠳᠦᠷᠰᠦ ᠳᠤ ᠨᠢ 《᠊ᠠ᠊᠂ ᠊ᠣ᠊᠂ ᠸ》ᠭᠤᠷᠪᠠᠨ ᠳᠦᠷᠰᠦ ᠪᠠᠭᠳᠠᠨ᠎ᠠ᠃

ᠳᠦᠷᠰᠦ ᠢᠯᠭᠠᠬᠤ ᠣᠢ᠌ᠯᠠᠳᠤᠯ ᠲᠡᠶ ᠨᠠᠮᠠᠯᠳᠠ ᠳᠦᠷᠰᠦ ᠪᠣᠯ ᠬᠤᠶᠠᠷ ᠥᠭᠡ ᠶᠢᠨ ᠪᠢᠴᠢᠯᠭᠡ ᠶᠢ ᠳᠦᠷᠰᠦ ᠪᠠᠷ ᠢᠯᠭᠠᠵᠤ ᠣᠤᠠᠬ᠎ᠠ ᠶᠢ ᠳᠤᠳᠤᠷᠠᠭᠤᠯᠬᠤ ᠠᠷᠭ᠎ᠠ ᠳᠤ ᠭᠡᠷᠡᠭᠯᠡᠭ᠍ᠰᠡᠨ ᠵᠤᠷᠢᠭᠤᠳᠠ ᠨᠠᠮᠠᠵᠤ ᠪᠢᠴᠢᠭ᠍ᠰᠡᠨ ᠳᠦᠷᠰᠦ ᠶᠢ ᠭᠡᠯᠡᠵᠤ ᠪᠣᠢ᠃ ᠡᠨᠡ ᠨᠢ ᠵᠦᠪ ᠪᠢᠴᠢᠯᠭᠡ ᠶᠢᠨ ᠳᠦᠷᠢᠮ ᠤᠨ 《ᠳᠦᠷᠰᠤ ᠢᠯᠭᠠᠬᠤ ᠵᠠᠷᠴᠢᠮ》 ᠳ᠋ᠠᠭᠢ 《ᠰᠠᠷ᠎ᠠ ᠊᠊᠊᠊᠊᠊᠊᠊᠊᠊᠊᠊᠊᠊᠊ ᠰᠠᠷᠠ᠂ ᠬᠠᠷ᠎ᠠ ᠊᠊᠊᠊᠊᠊᠊᠊᠊᠊᠊᠊᠊᠊᠊ ᠬᠠᠷᠠ ᠊᠊᠊᠊᠊᠊᠊᠊᠊᠊᠊᠊᠊᠊᠊ ᠬᠠᠷᠤ᠂ ᠠᠮᠠ ᠊᠊᠊᠊᠊᠊᠊᠊᠊᠊᠊᠊᠊᠊᠊ ᠠᠮᠤ᠂ ᠣᠨᠤᠬᠤ ᠊᠊᠊᠊᠊᠊᠊᠊᠊᠊᠊᠊᠊᠊᠊ ᠣᠨᠠᠬᠤ᠁》 ᠮᠠᠳᠤ ᠶᠢᠨ ᠠᠳᠠᠯᠢ ᠪᠣᠰᠤ ᠬᠤᠶᠠᠷ ᠥᠭᠡ ᠶᠢᠨ ᠪᠢᠴᠢᠯᠭᠡ ᠶᠢ 《ᠳᠦᠷᠰᠤ ᠬᠤᠪᠢᠷᠠᠭᠤᠯᠬᠤ》 ᠠᠷᠭ᠎ᠠ ᠪᠠᠷ ᠪᠢᠴᠢᠭ᠍ᠰᠡᠨ ᠳᠦᠷᠰᠦ ᠶᠢ ᠵᠢᠭᠠᠵᠤ ᠪᠠᠢ᠌ᠭ᠎ᠠ ᠪᠢᠰᠢ᠂ ᠣᠤᠯ ᠪᠢᠴᠢᠯᠭᠡ ᠶᠢᠨ ᠳᠡᠭᠡᠷ᠎ᠡ ᠥᠭᠡᠷ᠎ᠡ ᠳᠡᠮᠳᠡᠭ᠌ (ᠳᠦᠷᠰᠤ) ᠨᠡᠮᠡᠭᠦ ᠭᠡᠯᠪᠠᠷᠢ ᠪᠠᠷ ᠳᠦᠷᠰᠦ ᠢᠯᠭᠠᠭᠰᠠᠨ ᠪᠢᠴᠢᠯᠭᠡ ᠶᠢ ᠵᠢᠭᠠᠵᠤ ᠪᠣᠢ ᠶᠤᠮ᠃

ᠵᠢᠱᠢᠶᠠᠯᠠᠪᠠᠯ᠄

᠎ᠡ ᠊᠊᠊᠊᠊᠊᠊᠊᠊᠊᠊᠊᠊᠊᠊ ᠳᠠᠪᠬᠤᠷ᠎ᠠ (ᠲ᠋ᠠᠪᠬᠤᠷ᠎ᠠ ᠨᠢᠳᠤ ᠭᠡᠭᠦ ᠵᠢᠨ)᠂ ᠭᠡᠷ᠎ᠡ (ᠭᠡᠷ᠎ᠡ ᠬᠠᠴᠠᠷ ᠭᠡᠭᠦ ᠵᠢᠨ)᠂ ᠬᠤᠤᠷ᠎ᠠ (ᠬᠤᠤᠷ᠎ᠠ ᠳᠠᠷᠢᠬᠤ ᠭᠡᠭᠦ ᠵᠢᠨ)᠁

᠊ᠤ᠊ ᠊᠊᠊᠊᠊᠊᠊᠊᠊᠊᠊᠊᠊᠊᠊ ᠣᠤᠭᠤᠬᠤ᠂ ᠳᠤᠤᠷ᠂ ᠭᠤᠤᠯ᠂ ᠬᠤᠤᠷ᠁

᠊ᠤ ᠊᠊᠊᠊᠊᠊᠊᠊᠊᠊᠊᠊᠊᠊᠊ ᠳᠠᠭᠤᠤ᠂ ᠠᠭᠤᠤ᠂ ᠡᠷᠭᠢᠭᠦᠤ᠂ ᠭᠦᠵᠦᠭᠦᠤ᠁

᠊ᠭᠠ᠊ ᠊᠊᠊᠊᠊᠊᠊᠊᠊᠊᠊᠊᠊᠊᠊ ᠳᠠᠭᠠᠭᠠᠬᠤ (ᠣᠨᠢᠰᠤᠭ᠎ᠠ ᠳᠠᠭᠠᠭᠠᠬᠤ ᠵᠢᠨ)᠂ ᠳᠠᠭᠠᠭᠠᠬᠤ (ᠡᠷᠭᠦᠵᠤ ᠳᠠᠭᠠᠭᠠᠬᠤ ᠵᠢᠨ)᠂

ᠭᠡ᠊ ᠊᠊᠊᠊᠊᠊᠊᠊᠊᠊᠊᠊᠊᠊᠊ ᠡᠭᠡᠭᠡᠭᠦ (ᠨᠠᠷᠠᠨ ᠳᠤ ᠡᠭᠡᠭᠡᠭᠦ)᠂ ᠳᠡᠭᠡᠭᠡᠭᠦ (ᠲ᠋ᠡᠷᠭᠡᠨ ᠳᠤ ᠳᠡᠭᠡᠭᠡᠭᠦ)᠂ ᠵᠥᠭᠡᠭᠡᠭᠦ (ᠰᠢᠯᠵᠢᠭᠦᠯᠵᠤ ᠵᠥᠭᠡᠭᠡᠭᠦ) ᠨᠡᠭᠡᠭᠡᠭᠦ (ᠨᠢᠳᠤ ᠨᠡᠭᠡᠭᠡᠭᠦ)᠁

᠊ᠮᠤ᠋ ᠊᠊᠊᠊᠊᠊᠊᠊᠊᠊᠊᠊᠊᠊᠊ ᠭᠦᠮᠤᠨ

᠊ᠮᠢ᠊ ᠊᠊᠊᠊᠊᠊᠊᠊᠊᠊᠊᠊᠊᠊᠊ ᠬᠠᠮᠢᠭ᠎ᠠ

᠊ᠭ᠍᠊ ᠊᠊᠊᠊᠊᠊᠊᠊᠊᠊᠊᠊᠊᠊᠊ ᠦᠭ‍ᠭᠦᠭ᠍ᠰᠡᠨ᠂ ᠦᠭ‍ᠭᠦᠶ᠎ᠡ᠂ ᠦᠭ‍ᠭᠦᠨ᠎ᠡ᠂ ᠦᠭ‍ᠭᠦᠯ᠎ᠡ *᠁

* 《ᠦᠭ‍ᠭᠦᠭ᠍ᠰᠡᠨ᠂ ᠦᠭ‍ᠭᠦᠶ᠎ᠡ᠁》 ᠮᠠᠳᠤ ᠶᠢᠨ 《ᠥᠭ᠌》 ᠢᠵᠠᠭᠤᠷ ᠲᠤ ᠬᠤᠪᠢᠯᠭᠠᠭᠴᠢ ᠡᠭᠢᠳᠡᠢ ᠳᠠᠭᠠᠪᠣᠷᠢ ᠶᠢ ᠵᠠᠯᠭᠠᠬᠤ ᠳᠤ ᠬᠤᠯᠪᠣᠬᠤ ᠥᠰᠦᠭ᠌ ᠤᠨ ᠳᠦᠷᠢᠮ ᠤᠨ ᠶᠤᠰᠤᠭᠠᠷ ᠰᠢᠭᠤᠳ ᠬᠤᠯᠪᠣᠬᠤ ᠥᠰᠦᠭ᠌ ᠠᠪᠴᠤ ᠪᠢᠴᠢᠪᠠᠯ 《ᠥᠭᠦ》 (ᠥᠭᠦᠵᠤ ᠣᠨᠠᠬᠤ ᠶᠢᠨ ᠥᠭᠦ) ᠭᠡᠭᠦ ᠢᠵᠠᠭᠤᠷ ᠲᠡᠶ ᠳᠦᠷᠰᠦ ᠠᠳᠠᠯᠢ ᠪᠣᠯᠬᠤ ᠳᠤᠯᠠ ᠳᠡᠭᠦᠨ ᠡᠴᠡ ᠢᠯᠭᠠᠬᠤ ᠶᠢᠨ ᠳᠦᠯᠦᠭᠡ ᠬᠤᠯᠪᠣᠬᠤ ᠥᠰᠦᠭ᠍ᠳᠤ ᠦᠶ᠎ᠡ ᠶᠢᠨ ᠳᠡᠭᠡᠷ᠎ᠡ ᠨᠢ 《᠊ᠭ᠍᠊》 ᠳᠦᠷᠰᠦ ᠨᠠᠮᠠᠵᠤ ᠳᠦᠷᠰᠦ ᠢᠯᠭᠠᠵᠤ ᠪᠠᠢ᠌ᠭ᠎ᠠ ᠶᠤᠮ᠃ ᠬᠠᠷᠢᠨ ᠣᠳᠤ ᠶᠢᠨ ᠭᠡᠯᠡᠨ ᠵᠣᠢ᠌ᠴᠢᠳ ᠤᠨ ᠶᠠᠷᠢᠳᠠᠭ ᠰᠢᠭ 〈《ᠭᠦ〉 ᠦᠶ᠎ᠡ ᠪᠠᠷ ᠬᠠᠯᠬᠠᠯᠠᠨ ᠪᠢᠴᠢᠵᠤ〉〉 ᠪᠠᠢ᠌ᠭ᠎ᠠ ᠶᠠᠪᠣᠳᠠᠯ ᠣᠭᠳᠤ ᠪᠢᠰᠢ ᠶᠤᠮ᠃ ᠣᠴᠢᠷ ᠨᠢ ᠳᠠᠷᠠ 《ᠭᠦ》 ᠦᠶ᠎ᠡ ᠨᠢ 《ᠬᠠᠯᠬᠠᠯᠠᠵᠤ》 ᠪᠠᠢ᠌ᠭ᠎ᠠ ᠨᠠᠮᠠᠯᠳᠠ ᠳᠦᠷᠰᠦ ᠪᠢᠰᠢ ᠬᠤᠯᠪᠣᠬᠤ ᠥᠰᠦᠭ᠌ ᠠᠪᠣᠭᠰᠠᠨ ᠣᠤᠯ ᠭᠡᠯᠪᠠᠷᠢ ᠨᠢ ᠪᠠᠢ᠌ᠭ᠎ᠠ ᠰᠢᠤ ᠳ᠋ᠠ︕ ᠬᠠᠷᠢᠨ ᠳᠡᠭᠦᠨ ᠤ ᠳᠡᠭᠡᠷᠡᠭᠢ 《᠊ᠭ᠍᠊》 ᠳᠦᠷᠰᠦ ᠪᠣᠯ ᠰᠠ‍‌ᠶᠢ ᠳᠦᠷᠰᠦ ᠢᠯᠭᠠᠭᠰᠠᠨ ᠨᠠᠮᠠᠯᠳᠠ ᠳᠦᠷᠰᠦ ᠪᠣᠯᠬᠤ ᠶᠤᠮ᠃

ᠬᠤᠶᠠᠷ ᠥᠰᠦᠭ᠌ ᠢ ᠬᠤᠯᠪᠣᠬᠤ ᠣᠢ᠌ᠯᠠᠳᠤᠯ ᠲᠡᠶ ᠨᠠᠮᠠᠯᠳᠠ ᠳᠦᠷᠰᠦ ᠭᠡᠳᠡᠭ᠌ ᠨᠢ ᠮᠤᠩᠭ᠋ᠤᠯ ᠭᠡᠯᠡᠨ ᠤ ᠪᠢᠴᠢᠯᠭᠡ ᠶᠢᠨ ᠳᠦᠷᠢᠮ ᠳᠤ ᠰᠢᠭᠤᠳ ᠵᠠᠯᠭᠠᠨ ᠪᠢᠴᠢᠵᠤ ᠪᠣᠯᠬᠤ ᠦᠭᠡᠶ ᠬᠤᠶᠠᠷ ᠳᠦᠷᠰᠦ ᠶᠢ ᠵᠠᠯᠭᠠᠨ ᠪᠢᠴᠢᠭᠦ ᠭᠡᠷᠡᠭ᠍ᠳᠡᠢ ᠪᠣᠯᠤᠭᠰᠠᠨ ᠲᠤᠬᠢᠶᠠᠯᠳᠤᠯ ᠳᠤ ᠳᠠᠷᠠ ᠬᠤᠶᠠᠷ ᠳᠦᠷᠰᠦ ᠶᠢᠨ ᠳᠤᠮᠳᠠ ᠵᠢᠭᠢᠷᠢᠭᠯᠡᠨ ᠪᠢᠴᠢᠭ᠍ᠰᠡᠨ ᠨᠠᠮᠠᠯᠳᠠ ᠳᠦᠷᠰᠦ ᠶᠢ ᠵᠢᠭᠠᠵᠤ ᠪᠠᠢ᠌ᠭ᠎ᠠ ᠶᠤᠮ᠃ ᠡᠭᠦᠨ ᠳᠤ ᠨᠡᠢ᠌ᠳᠡᠯᠢᠭ᠌ ᠴᠢᠨᠠᠷ ᠲᠡᠶ᠂ ᠮᠠᠰᠢ ᠣᠯᠠᠨ ᠥᠭᠡᠨ ᠳᠤ ᠳᠦᠭᠡᠮᠡᠯ ᠲᠤᠬᠢᠶᠠᠯᠳᠤᠬᠤ 《᠊ᠤ᠊》ᠳᠦᠷᠰᠦ ᠶᠢ ᠨᠢ ᠬᠤᠯᠪᠣᠬᠤ ᠥᠰᠦᠭ᠌ ᠭᠡᠳᠡᠭ᠌᠃ ᠴᠥᠭᠡᠨ ᠥᠭᠡᠨ ᠳᠤ ᠯᠠ ᠲᠤᠬᠢᠶᠠᠯᠳᠤᠬᠤ 《᠊ᠠ᠊》 ᠳᠦᠷᠰᠦ ᠶᠢᠨ ᠭᠢᠨᠢ ᠬᠤᠶᠠᠷ ᠭᠡᠢ᠌ᠭᠦᠯᠦᠭ᠍ᠴᠢ ᠶᠢᠨ ᠳᠤᠮᠳᠠ ᠵᠢᠭᠢᠷᠢᠭ᠍ᠯᠡᠨ ᠪᠢᠴᠢᠭ᠍ᠳᠡᠭ᠍ᠰᠡᠨ ᠢ ᠨᠢ ᠬᠤᠯᠪᠣᠬᠤ ᠥᠰᠦᠭ᠌ ᠤᠨ ᠣᠠᠴᠠᠭᠠᠢ ᠳᠦᠷᠢᠮ ᠳᠤ ᠪᠠᠭᠳᠠᠭᠠᠨ ᠳᠠᠢ᠌ᠯᠪᠣᠷᠢᠯᠠᠭᠰᠠᠨ ᠴᠤ ᠣᠳᠤ ᠪᠣᠯᠳᠠᠯ᠎ᠠ ᠴᠤᠬᠤᠮ ᠬᠤᠯᠪᠣᠬᠤ ᠥᠰᠦᠭ᠌᠂ ᠵᠢᠭᠢᠷᠢᠭ᠌ ᠥᠰᠦᠭ᠌᠂ ᠡᠭᠡᠰᠢᠭ᠌ ᠨᠡᠮᠡᠭ᠍ᠳᠡᠭᠦ᠁ ᠭᠡᠭᠦ ᠮᠠᠳᠤ ᠪᠠᠷ ᠨᠢᠭᠡᠳᠦᠯ ᠦᠭᠡᠶ ᠨᠠᠷᠠᠯᠠᠵᠤ ᠳᠠᠢ᠌ᠯᠪᠣᠷᠢᠯᠠᠵᠤ ᠪᠠᠢ᠌ᠭ᠎ᠠ ᠪᠦᠭᠡᠳ ᠬᠤᠶᠠᠷ ᠡᠭᠡᠰᠢᠭ᠌ ᠤᠨ ᠬᠤᠭᠤᠷᠤᠠᠳᠤ ᠲᠤᠬᠢᠶᠠᠯᠳᠤᠬᠤ ᠨᠠᠮᠠᠯᠳᠠ ᠳᠦᠷᠰᠦ 《ᠸ》 ᠪᠣᠯᠤᠨ ᠭᠡᠢ᠌ᠭᠦᠯᠦᠭ᠍ᠴᠢ ᠡᠭᠡᠰᠢᠭ᠌ ᠢ ᠬᠤᠯᠪᠣᠬᠤ ᠣᠢ᠌ᠯᠠᠳᠤᠯ ᠲᠡᠶ 《᠊ᠠ᠊》 ᠳᠦᠷᠰᠦ ᠶᠢ ᠨᠢ ᠨᠠᠩ ᠴᠤ ᠨᠢᠭᠡᠳᠦᠯ ᠦᠭᠡᠶ ᠶᠠᠷᠢᠵᠤ ᠳᠠᠢ᠌ᠯᠪᠣᠷᠢᠯᠠᠭᠰᠠᠭᠠᠷ ᠪᠠᠢ᠌ᠭ᠎ᠠ ᠶᠤᠮ᠃ ᠪᠣᠳᠠᠳᠠᠢ ᠪᠠᠷ ᠵᠢᠱᠢᠶᠠᠯᠠᠨ ᠶᠠᠷᠢᠪᠠᠯ᠄

(1) ᠬᠤᠯᠪᠣᠬᠤ ᠥᠰᠦᠭ᠌ (ᠬᠤᠶᠠᠷ ᠭᠡᠢ᠌ᠭᠦᠯᠦᠭ᠍ᠴᠢ ᠶᠢ ᠬᠤᠯᠪᠣᠬᠤ ᠣᠢ᠌ᠯᠠᠳᠤᠯ ᠪᠦᠭᠦᠢ) ᠪᠣᠯᠵᠤ ᠪᠠᠢ᠌ᠭ᠎ᠠ ᠨᠠᠮᠠᠯᠳᠠ ᠳᠦᠷᠰᠦ ᠨᠢ

᠊ᠤ᠊ ᠊᠊᠊᠊᠊᠊᠊᠊᠊᠊᠊᠊᠊᠊᠊ ᠰᠤᠷᠤᠭᠴᠢ᠂ ᠣᠯᠤᠯᠳᠠ᠂ ᠪᠠᠶᠠᠰᠤᠨ᠎ᠠ᠂ ᠭᠦᠮᠦᠭᠦᠵᠢᠭᠦᠯᠦᠯ᠂ ᠠᠪᠣᠪᠠ᠂ ᠬᠠᠨᠤᠯ᠂ ᠨᠠᠭᠠᠳᠤᠭᠤᠯᠤᠨ᠎ᠠ᠁

᠊ᠠ᠊ ᠊᠊᠊᠊᠊᠊᠊᠊᠊᠊᠊᠊᠊᠊᠊ ᠵᠣᠢ᠌ᠯᠠᠰ᠂ ᠳᠦᠭᠦᠷᠡᠩ᠂ ᠪᠣᠴᠠᠯᠠᠩ᠂ ᠢᠳᠡᠷᠡᠭᠦᠨ᠂ ᠰᠠᠯᠠᠩ᠂ ᠭᠠᠷᠠᠮ᠂ ᠰᠡᠭᠦᠯᠡᠷ᠁

(2) ᠬᠤᠶᠠᠷ ᠡᠭᠡᠰᠢᠭ᠌ ᠢ ᠬᠤᠯᠪᠣᠵᠤ ᠪᠠᠢ᠌ᠭ᠎ᠠ ᠨᠠᠮᠠᠯᠳᠠ ᠳᠦᠷᠰᠦ ᠨᠢ

ᠸ ᠊᠊᠊᠊᠊᠊᠊᠊᠊᠊᠊᠊᠊᠊᠊ ᠬᠤᠧᠨ᠂ ᠳᠤᠸᠠᠯᠠᠬᠤ᠂ ᠬᠤᠸᠠᠷ᠂ ᠭᠤᠧᠨ᠁

(3) ᠭᠡᠢ᠌ᠭᠦᠯᠦᠭ᠍ᠴᠢ ᠡᠭᠡᠰᠢᠭ᠌ ᠢ ᠬᠤᠯᠪᠣᠬᠤ ᠣᠢ᠌ᠯᠠᠳᠤᠯ ᠲᠡᠶ ᠨᠠᠮᠠᠯᠳᠠ ᠳᠦᠷᠰᠦ ᠪᠣᠯᠵᠤ ᠪᠠᠢ᠌ᠭ᠎ᠠ ᠨᠢ

᠊ᠠ᠊ ᠊᠊᠊᠊᠊᠊᠊᠊᠊᠊᠊᠊᠊᠊᠊ ᠠᠯᠪᠠ᠂ ᠠᠪᠠ᠂ ᠦᠵᠡᠪᠠ᠂ ᠭᠡᠯᠡᠪᠡ᠂ ᠠᠮᠠᠷᠢᠺᠠ᠂ ᠭᠡᠯᠡᠯᠭᠡ᠂ ᠳᠦᠯᠭᠡ᠂ ᠰᠥᠭᠡ᠂ ᠮᠡᠭᠡ᠁

ᠠᠪᠢᠶ᠎ᠠ ᠳᠡᠮᠳᠡᠭᠯᠡᠭᠦ ᠳᠤ ᠳᠤᠰᠠᠯᠠᠬᠤ ᠨᠠᠮᠠᠯᠳᠠ ᠳᠦᠷᠰᠦ

ᠮᠤᠩᠭ᠋ᠤᠯ ᠭᠡᠯᠡᠨ ᠤ ᠪᠢᠴᠢᠭ᠌ ᠤᠨ ᠭᠡᠯᠡᠨ ᠳᠤ ᠣᠷᠳᠤ ᠡᠭᠡᠰᠢᠭ᠌ ᠢ ᠳᠡᠮᠳᠡᠭᠯᠡᠭᠦ ᠳᠤᠰᠬᠠᠢ ᠳᠡᠮᠳᠡᠭ᠌ ᠦᠭᠡᠶ ᠳᠤᠯᠠ ᠣᠷᠴᠢᠨ ᠴᠠᠭ ᠤᠨ ᠮᠤᠩᠭ᠋ᠤᠯ ᠭᠡᠯᠡᠨ ᠳᠤ ᠰᠢᠭᠤᠳ ᠣᠤᠯ ᠤᠨ ᠪᠣᠭᠤᠨᠢ ᠡᠭᠡᠰᠢᠭ᠌ ᠢ ᠳᠡᠮᠳᠡᠭᠯᠡᠭᠦ ᠭᠡᠯᠪᠠᠷᠢ ᠪᠠᠷ ᠨᠢ ᠳᠡᠮᠳᠡᠭᠯᠡᠭᠦ ᠡᠴᠡ ᠭᠠᠳᠠᠨ᠎ᠠ ᠣᠤᠯ ᠡᠭᠡᠰᠢᠭ᠌ ᠢ ᠳᠠᠪᠬᠤᠷᠯᠠᠨ ᠪᠢᠴᠢᠵᠤ ᠳᠡᠮᠳᠡᠭᠯᠡᠭᠦ᠂ ᠬᠤᠤᠰ ᠡᠭᠡᠰᠢᠭ᠌ ᠤᠨ ᠭᠡᠯᠪᠠᠷᠢ ᠪᠠᠷ ᠶᠢᠡᠷ ᠳᠡᠮᠳᠡᠭᠯᠡᠭᠦ᠂ ᠦᠶ᠎ᠡ ᠨᠠᠮᠠᠵᠤ ᠳᠡᠮᠳᠡᠭᠯᠡᠭᠦ ᠠᠷᠭ᠎ᠠ ᠶᠢ ᠠᠪᠳᠠᠭ᠃ ᠳᠡᠳᠡᠭᠡᠷ ᠨᠠᠮᠠᠯᠳᠠ ᠳᠦᠷᠰᠦ ᠨᠢ ᠰᠢᠭᠤᠳ ᠣᠷᠳᠤ ᠡᠭᠡᠰᠢᠭ᠌ ᠢ ᠨᠢ ᠳᠡᠮᠳᠡᠭᠯᠡᠵᠤ ᠪᠠᠢ᠌ᠭ᠎ᠠ ᠪᠢᠰᠢ᠂ ᠵᠥᠪᠭᠡᠨ ᠳᠡᠭᠦᠨ ᠤ ᠡᠮᠦᠨᠡᠭᠢ ᠡᠭᠡᠰᠢᠭ᠌ ᠨᠢ ᠶᠠᠮᠠᠷ ᠨᠢᠭᠡᠨ ᠣᠷᠳᠤ ᠡᠭᠡᠰᠢᠭ᠌ ᠪᠣᠯᠤᠭᠰᠠᠨ ᠢ ᠳᠤᠳᠤᠷᠬᠠᠢ᠌ᠯᠠᠨ ᠢᠯᠡᠷᠭᠡᠢ᠌ᠯᠡᠭᠦ ᠣᠢ᠌ᠯᠠᠳᠤᠯ ᠲᠡᠶ ᠨᠠᠮᠠᠯᠳᠠ ᠳᠦᠷᠰᠦ ᠪᠣᠯᠬᠤ ᠶᠤᠮ᠃

ᠵᠢᠱᠢᠶᠠᠯᠠᠪᠠᠯ᠄

᠊ᠭᠠ᠊ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠭᠠᠬᠤ᠂ ᠬᠠᠭᠠᠬᠤ᠂ ᠰᠠᠨᠠᠭ᠎ᠠ᠂ ᠣᠨᠤᠭ᠎ᠠ᠂ ᠣᠨᠤᠭᠤ᠂ ᠣᠶᠤᠭᠠᠤᠨ᠂ ᠰᠤᠷᠤᠭᠠᠤᠨ

ᠭᠡ᠊ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠡᠭᠡᠷ᠎ᠡ᠂ ᠭᠡᠭᠡᠷ᠎ᠡ᠂ ᠥᠵᠡᠭᠡᠳ᠂ ᠡᠷᠢᠭᠡᠳ᠂ ᠪᠢᠴᠢᠭᠦᠯᠦᠭᠡᠳ᠂ ᠭᠦᠭᠡᠰᠤ

ᠬᠢ᠊ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠴᠢᠭᠢᠭ᠌᠂ ᠴᠢᠭᠢᠷᠠᠭ᠂ ᠰᠢᠭᠢᠷ᠎ᠠ᠂

᠊ᠭᠤ᠋ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠭᠤᠯᠠ᠂ ᠰᠤᠷᠤᠭᠤᠯ᠂ ᠰᠤᠷᠭᠠᠭᠤᠯᠢ᠂ ᠳᠤᠭ᠎ᠠ᠂ ᠪᠣᠭᠤᠯ᠂ ᠰᠢᠨᠤᠭᠠᠤᠨ

ᠭᠦ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠡᠭᠦᠵᠢᠯᠡᠭᠦ᠂ ᠳᠡᠭᠦᠪᠦᠷᠢ᠂ ᠡᠭᠦᠳᠡ᠂ ᠨᠡᠭᠦᠳᠡᠯ᠂ ᠡᠭᠦᠰᠦᠯᠳᠡ᠂ ᠵᠢᠰᠢᠭᠦᠯᠵᠢᠨ

ᠪ᠊ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠠᠯ᠂ ᠦᠪᠡᠷ

ᠶᠠ᠊ ᠊᠊᠊᠊᠊᠊᠊᠊᠊᠊᠊᠊᠊᠊᠊᠊᠊᠊᠊᠊᠊᠊᠊᠊᠊᠊᠊᠊᠊ ᠬᠠᠰᠢᠶᠠᠯᠠᠬᠤ᠂ ᠭᠡᠵᠢᠶᠡᠳᠡ᠂ ᠳᠠᠷᠢᠶᠠᠴᠢᠨ᠂ ᠵᠢᠱᠢᠶᠡᠯᠡᠭᠦ᠂ ᠥᠷᠦᠰᠢᠶᠡᠭᠦ᠂ ᠳᠦᠷᠢᠶᠠᠰᠤ

᠊ᠶ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠭᠢᠶ᠎ᠠ᠂ ᠡᠷᠢᠶ᠎ᠡ᠂ ᠬᠠᠷᠢᠶ᠎ᠠ᠂ ᠬᠤᠷᠰᠢᠶ᠎ᠠ᠂ ᠭᠦᠰᠢᠶ᠎ᠡ᠂ ᠦᠷᠢᠶ᠎ᠠ᠂

ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ᠂ ᠣᠩᠨᠢᠭᠤᠳ

ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2681
ᠴᠠᠭ᠄ 2009 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁