ᠳᠤᠷᠠᠰᠤᠯ

ᠮᠦᠷᠦᠭᠡᠳᠦᠯ ᠭᠡᠵᠤ ᠭᠡᠴᠡᠭᠦᠤ ᠯᠠ ᠶᠤᠮ

ᠮᠡᠳᠡᠭ᠍ᠰᠡᠨ ᠶᠤᠮ ᠪᠣᠯ ᠰᠠᠯᠬᠤ ᠦᠭᠡᠶ ᠪᠢᠯᠠ ᠴᠢᠮ᠎ᠠ ᠡᠴᠡ

ᠮᠢᠩᠭ᠋ᠠᠨ ᠮᠢᠩᠭ᠋ᠠᠨ ᠳᠤᠷᠠᠰᠤᠯ ᠣᠷᠭᠤᠭᠤᠯᠤᠭᠠᠠᠤᠨ

ᠮᠥᠯᠢᠭᠡᠷ ᠰᠠᠨᠠᠭᠳᠠᠨ᠎ᠠ ᠬᠤᠷᠸ᠎ᠠ ᠨᠠᠳᠠ ᠳ᠋ᠤ


ᠰᠠᠨᠠᠨ᠎ᠠ ᠭᠡᠳᠡᠭ᠌ ᠭᠡᠴᠡᠭᠦᠤ ᠯᠠ ᠶᠤᠮ

ᠰᠡᠷᠡᠭ᠍ᠰᠡᠨ ᠶᠤᠮ ᠪᠣᠯ ᠬᠤᠯᠠᠳᠬᠤ ᠦᠭᠡᠶ ᠪᠢᠯᠠ ᠴᠢᠮ᠎ᠠ ᠡᠴᠡ

ᠰᠡᠳᠭᠢᠯ ᠢ ᠮᠢᠨᠢ ᠪᠠᠵᠠᠨ ᠪᠠᠵᠠᠨ ᠰᠢᠨᠠᠯᠭᠠᠭᠠᠤᠨ

ᠰᠠᠷᠠᠨ ᠤ ᠳᠤᠶᠠᠭ᠎ᠠ ᠴᠢᠨᠤ ᠳᠦᠷᠢ ᠪᠠᠷ ᠴᠡᠯᠮᠡᠭ᠍ᠰᠢᠨ᠎ᠡ


ᠳᠤᠷᠠᠰᠤᠨ᠎ᠠ ᠭᠡᠳᠡᠭ᠌ ᠭᠡᠴᠡᠭᠦᠤ  ᠯᠠ ᠶᠤᠮ

ᠳᠠᠭᠠᠭᠰᠠᠨ ᠶᠤᠮ ᠪᠣᠯ ᠵᠠᠢ᠌ᠳᠠᠬᠤ ᠦᠭᠡᠶ ᠪᠢᠯᠠ ᠴᠢᠮ᠎ᠠ ᠡᠴᠡ

ᠳᠤᠷᠠᠯᠠᠯ ᠬᠠᠢ᠌ᠷ᠎ᠠ ᠶᠢᠨ ᠮᠦᠩᠭᠦᠨ ᠴᠠᠭᠠᠨ ᠭᠦᠰᠢᠭᠡ ᠵᠢ

ᠳᠠᠳᠠᠭᠰᠠᠨ ᠶᠤᠮ ᠪᠣᠯ ᠳᠠᠭᠠᠷᠠᠬᠤ ᠪᠠᠢ᠌ᠭᠰᠠᠨ ᠴᠢᠮ᠎ᠠ ᠳᠠᠢ


ᠡᠷ᠎ᠡ ᠭᠦᠮᠤᠨ ᠣᠢ᠌ᠯᠠᠰ ᠤᠨ ᠲᠦᠯᠦᠭᠡ ᠳᠦᠷᠦᠭᠡ ᠴᠢᠩᠭ᠋ᠠᠯᠠᠬᠤ ᠶᠤᠰᠤᠳᠠᠢ ᠴᠤ

ᠡᠷᠭᠦᠭ᠍ᠰᠡᠨ ᠨᠠᠷ᠎ᠠ ᠪᠠᠨ ᠦᠨᠳᠦᠷ ᠲᠤ ᠡᠯᠭᠦᠭᠦ ᠭᠡᠵᠤ ᠮᠡᠷᠡᠢ᠌ᠭᠦ ᠶᠤᠰᠤᠳᠠᠢ ᠴᠤ

ᠬᠠᠢ᠌ᠯᠭᠠᠨ ᠴᠢᠮ᠎ᠠ ᠳᠠᠭᠠᠨ ᠰᠡᠳᠭᠢᠯ ᠬᠤᠷᠭᠤᠳᠠᠬᠤ ᠪᠠᠨ

                 ᠡᠷᠳᠡ ᠮᠡᠳᠡᠭ᠍ᠰᠡᠨ ᠶᠤᠮ ᠪᠣᠯ

ᠬᠠᠮᠢᠭ᠎ᠠ ᠶᠠᠭᠠᠭᠢᠭᠰᠠᠨ ᠴᠤ ᠰᠠᠯᠠᠬᠤ ᠦᠭᠡᠶ ᠪᠢᠯᠠ ᠴᠢᠮ᠎ᠠ ᠡᠴᠡ ᠪᠠᠨ


ᠵᠤᠬᠢᠶᠠᠭᠴᠢ ᠶᠢᠨ ᠬᠠ‍‌ᠶ‍ᠢᠭ ᠄ ᠣᠯᠠᠭᠠᠠᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤ ᠯᠢᠠᠲᠦ᠋ᠩ ᠪᠠᠯᠭᠠᠰᠤ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1335
ᠴᠠᠭ᠄ 2010 ᠤᠨ ᠤ 10 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁