ᠰᠢᠯᠢ ᠶᠢᠨ ᠴᠡᠩᠭᠡᠷ ᠮᠠᠨᠠᠨ

ᠴᠡᠯᠮᠡᠭ᠌ ᠦᠷ ᠤᠨ ᠪᠢᠳᠡᠭᠦᠤ ᠳ᠋ᠤ

ᠭᠦᠡᠳᠡᠢ ᠣᠷᠤᠭᠤᠳᠠᠨ ᠨᠡᠭᠦᠳᠡᠯᠯᠡᠭᠦ

ᠴᠡᠩᠭᠡᠷ ᠠᠯᠤᠰ ᠤᠨ ᠪᠠᠷ᠎ᠠ ᠳ᠋ᠤ

ᠬᠠᠩᠭ᠋ᠠᠢ ᠨᠦᠮᠤᠷᠤᠨ ᠰᠦᠮᠠᠢ᠌ᠵᠤ

ᠣᠶᠠᠭᠠᠨ ᠳᠤ ᠬᠤᠨᠤᠭᠯᠠᠭᠰᠠᠨ ᠬᠤᠷᠳᠤᠨ ᠮᠤᠷᠢᠳ ᠤᠨ

ᠳᠠᠯ ᠢ ᠰᠠᠮᠨᠠᠨ ᠣᠨᠠᠵᠤ

ᠣᠳᠤᠭ᠎ᠠ ᠪᠠᠨ ᠥᠵᠡᠭᠦᠯᠦᠭ᠍ᠰᠡᠨ ᠰᠢᠨᠡᠭᠡᠨ ᠠᠢ᠌ᠯ ᠤᠨ

ᠡᠷᠦᠭᠡ ᠪᠠᠷ ᠰᠡᠮᠭᠡᠨ ᠱᠭᠠᠢ᠌ᠵᠤ

ᠭᠡᠪᠢᠯᠭᠡ ᠳᠠᠢ᠌ᠪᠣᠭᠤᠬᠠᠨ ᠳᠠᠷᠭᠤᠨ ᠬᠤᠨᠢᠳ ᠤᠨ

ᠨᠢᠷᠤᠭᠤ ᠶᠢ ᠵᠥᠭᠡᠯᠡᠨ ᠱᠠᠪᠰᠢᠵᠤ

ᠭᠡᠪᠳᠡᠷᠢ ᠳᠡᠭᠡᠨ ᠭᠡᠪᠢᠳᠡᠭ᠌ ᠳᠠᠷᠭᠤᠨ ᠱᠠᠷ ᠤᠨ

ᠵᠤ᠋ ᠶᠢ ᠳᠠᠷᠤᠨ ᠰᠠᠭᠠᠳᠠᠵᠤ

ᠡᠩᠭᠡᠷ ᠤᠨ ᠭᠡᠡᠵᠡ ᠨᠤᠭᠤᠭᠠᠨ ᠤ

ᠨᠠᠪᠴᠢᠨ ᠳᠡᠭᠡᠷ᠎ᠡ ᠨᠢ ᠨᠠᠮᠢᠷᠠᠵᠤ

ᠳᠠᠯ᠎ᠠ ᠶᠢᠨ ᠭᠠᠩᠭ᠋ᠠᠩ ᠴᠡᠴᠡᠭ᠌ ᠤᠨ

ᠳᠡᠯᠪᠢᠭᠡᠨ ᠳᠡᠭᠡᠷ᠎ᠡ ᠨᠢ ᠮᠠᠯᠳᠠᠷᠠᠵᠤ

ᠡᠪᠦᠭᠡᠳ ᠤᠨ ᠰᠡᠷᠢᠭᠦᠨ ᠨᠣᠢ᠌ᠷ ᠤᠨ

ᠵᠠᠢ ᠶᠢ ᠬᠤᠯᠠᠭᠠᠢ᠌ᠯᠠᠨ ᠨᠠᠭᠠᠳᠴᠤ

ᠡᠷᠳᠡᠴᠢ ᠵᠠᠩ ᠲᠡᠶ ᠮᠠᠯᠴᠢᠨ ᠪᠦᠰᠡᠭᠦᠢ ᠶᠢᠨ

ᠵᠡᠭᠦᠳᠤ ᠶᠢ ᠰᠡᠷᠢᠭᠡᠨ ᠳᠤᠭᠰᠢᠵᠤ

ᠦᠷ ᠤᠨ ᠭᠡᠭᠡ ᠳᠤ ᠵᠠᠯᠭᠢᠭᠳᠠᠰᠠᠨ

ᠣᠳᠤᠳ ᠢ ᠬᠠᠷᠠᠵᠤ ᠣᠶᠠᠷᠠᠨ

ᠡᠪᠠᠰᠤᠨ ᠨᠠᠮᠠᠭᠠᠨ ᠡᠴᠠ ᠬᠤᠴᠤᠷᠤᠭᠰᠠᠨ

ᠨᠠᠢ᠌ᠵᠠᠰ ᠶᠢᠡᠨ ᠰᠠᠨᠠᠨ ᠣᠭᠢᠯᠠᠵᠤ

ᠰᠠᠯᠭᠢ ᠣᠷᠤᠭᠤᠳᠠᠨ ᠨᠡᠭᠦᠳᠡᠯᠯᠡᠭ᠍ᠰᠡᠨ

ᠡᠭᠦᠯᠡᠰ ᠤᠨ ᠰᠡᠵᠢᠭᠦᠷ ᠡᠴᠠ ᠵᠡᠭᠦᠭ᠍ᠳᠡᠵᠤ

ᠰᠡᠷᠢᠭᠦᠨ ᠵᠤᠨ ᠢ ᠢᠰᠭᠢᠷᠦᠭᠦᠯᠦᠭ᠍ᠰᠡᠨ

ᠦᠷᠯᠦᠭᠡ ᠶᠢ ᠳᠠᠭᠠᠵᠤ ᠬᠤᠯᠠᠳᠤᠭᠰᠠᠨ

ᠴᠠᠴᠠᠨ ᠣᠳᠤᠳ ᠭᠢᠯᠪᠠᠯᠵᠠᠭᠰᠠᠨ

ᠦᠷ ᠤᠨ ᠪᠢᠳᠡᠭᠦᠤ ᠪᠠᠷ ᠠᠢ᠌ᠯᠴᠢᠯᠠᠵᠤ

ᠴᠡᠯᠮᠡᠭ᠌ ᠳᠡᠭ᠍ᠷᠢ ᠳᠤ ᠮᠥᠰᠢᠶᠡᠭ᠍ᠰᠡᠨ

ᠨᠠᠷᠢᠨ ᠰᠤᠷᠠᠭ ᠶᠢᠡᠷ ᠠᠶᠠᠷᠯᠠᠳᠠᠭ

ᠴᠡᠯᠡᠭᠡᠷ ᠬᠠᠩᠭ᠋ᠠᠢ ᠶᠢᠨ ᠨᠤᠭᠤᠭᠠᠨ ᠵᠤᠨ ᠤ

ᠭᠠᠢ᠌ᠬᠠᠮᠰᠢᠭᠳᠤ ᠨᠢᠭᠡᠨ ᠵᠤᠴᠢᠨ ︕

ᠴᠡᠩᠭᠡᠷᠭᠡᠨ ᠣᠨᠢᠶᠠᠷᠳᠤ ᠨᠤᠳᠤᠭ ᠤᠨ

ᠰᠢᠯᠢ ᠶᠢᠨ ᠴᠡᠩᠭᠡᠷ ᠮᠠᠨᠠᠨ ᠪᠢᠯᠠ᠃


ᠵᠤᠬᠢᠶᠠᠭᠴᠢ ᠶᠢᠨ ᠬᠠ‍‌ᠶᠢᠭ ᠄ ᠣᠷᠳᠤᠰ ᠤᠨ ᠬᠠᠩᠭᠢᠨ ᠬᠤᠰᠢᠭᠤᠨ ᠶᠡᠭᠡᠡᠦᠰᠤ ᠰᠤᠮᠤ

ᠵᠤᠬᠢᠶᠠᠭᠴᠢ᠄ ᠷ·ᠨᠡᠷᠡᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1325
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁