ᠪᠡᠯᠭᠡᠲᠦ ᠰᠢᠨ᠎ᠡ ᠵᠢᠯ

ᠡᠭᠡᠰᠢᠭ᠌ ᠬᠠᠩᠭᠢᠨᠠᠨ᠎ᠠ᠃ ᠠᠷᠢᠭᠤᠨ ᠰᠥ᠋ ᠶᠢᠨ ᠰᠠᠴᠤᠯᠢ ᠲᠡᠶ ᠡᠭᠡ ᠣᠷᠤᠨ ᠤ ᠮᠢᠨᠢ ᠭᠠᠵᠠᠷ ᠪᠦᠭᠦᠨ ᠡᠴᠡ ᠠᠯᠳᠠᠷᠠᠢ ᠭᠤᠴᠤᠬᠠᠨ ᠠᠶᠠᠰ ᠲᠡᠶ ᠢᠷᠠᠭᠤ ᠡᠭᠡᠰᠢᠭ᠌ ᠬᠠᠩᠭᠢᠨᠠᠨ᠎ᠠ᠃ ᠡᠨᠡ ᠡᠭᠡᠰᠢᠭ᠌ ᠡᠡᠭ᠌ ᠤᠨ ᠡᠭᠡᠰᠢᠭ᠌ ᠪᠢᠰᠢ᠂ ᠳᠠᠶᠠᠩ ᠳᠡᠯᠡᠭᠡᠢ ᠶᠢᠨ ᠭᠢᠨ ᠤ ᠪᠠᠶᠠᠷ ᠭᠦᠷ ᠶᠢᠡᠷ ᠪᠢᠯᠬᠠᠵᠤ ᠪᠠᠯᠭᠡ ᠳᠠᠮᠪᠠᠷᠢᠯ ᠶᠢᠡᠷ ᠴᠠᠯᠭᠢᠭᠰᠠᠨ ᠨᠠᠢ᠌ᠷᠳᠤ ᠴᠤᠤᠷᠢᠶ᠎ᠠ᠃ ᠪᠢᠳᠠ ᠪᠣᠯ ᠶᠠᠷᠢᠶᠠᠨ ᠦᠭᠡᠶ ᠡᠭᠡᠰᠢᠭ᠌ ᠬᠠᠩᠭᠢᠨᠠᠭᠤᠯᠵᠤ᠂ ᠪᠠᠶᠠᠷᠯᠠᠨ ᠵᠢᠷᠭᠠᠵᠤ᠂ ᠪᠠᠯᠭᠡᠳᠡᠨ ᠳᠠᠭᠤᠯᠠᠭᠴᠢᠳ ᠤᠨ ᠰᠠᠯᠵᠤ ᠪᠣᠯᠤᠰᠢ ᠦᠭᠡᠶ ᠪᠦᠷᠢᠯᠳᠦᠭᠦᠨ ᠮᠦᠨ᠂ ᠰᠠᠯᠭᠠᠵᠤ ᠳᠠᠢ᠌ᠯᠤᠰᠢ ᠦᠭᠡᠶ ᠪᠦᠯᠭᠦᠮᠳᠡᠯ ᠮᠦᠨ᠃

ᠨᠠᠷᠠ ᠮᠠᠠᠳᠤᠬᠤ ᠪᠠᠷ ᠶᠢᠡᠨ ᠮᠠᠠᠳᠤᠵᠤ ᠵᠢᠷᠭᠠᠬᠤ ᠪᠠᠷ ᠶᠢᠡᠨ ᠵᠢᠷᠭᠠᠵᠤ᠂ ᠰᠠᠷᠠ ᠮᠠᠠᠳᠤᠬᠤ ᠪᠠᠷ ᠶᠢᠡᠨ ᠮᠠᠠᠳᠤᠵᠤ ᠵᠢᠷᠭᠠᠬᠤ ᠪᠠᠷ ᠶᠢᠡᠨ ᠵᠢᠷᠭᠠᠭᠠᠤᠨ ᠣᠯᠢᠮᠫᠢᠺ ᠤᠨ ᠣᠷᠢᠨ ᠭᠡᠭᠡᠨ ᠵᠢᠪᠠᠷ ᠶᠢᠡᠷ ᠣᠶᠠᠩᠭ᠋ᠠᠷᠠᠨ ᠭᠡᠢ᠌ᠭᠦᠭ᠍ᠴᠢ 2008 ᠣᠨ ᠢ ᠮᠠᠨ ᠢ ᠪᠠᠨ ᠬᠠᠯᠠᠭᠤᠨ ᠡᠯᠢᠭᠡᠨ ᠳᠤ ᠪᠠᠨ ᠬᠠᠷᠠᠮᠨᠠᠨ ᠪᠦᠭᠡᠴᠡᠢ᠌ᠯᠡᠭᠦᠯᠭᠦ ᠪᠠᠷ ᠭᠦᠷᠭᠡᠭᠡᠤᠨ ᠦᠭ‍ᠭᠦᠯ᠎ᠡ᠃ 2008 ᠣᠨ ᠨᠢ ᠥᠩᠭᠡᠳᠤ ᠰᠤᠯᠤᠩᠭ᠋᠎ᠠ ᠪᠠᠨ ᠠᠪᠴᠤ᠂ ᠥᠷᠨᠢᠭᠦᠨ ᠪᠣᠷᠤᠭᠠᠨ ᠶᠢᠡᠨ ᠠᠪᠴᠤ᠂ ᠦᠪᠴᠢ ᠬᠠᠩᠭ᠋ᠠᠢ ᠠᠭᠤᠯᠠ ᠪᠠᠨ ᠪᠠᠷᠠᠯᠠᠵᠤ᠂ ᠦᠩ ᠶᠡᠭᠡ ᠵᠢᠯ ᠪᠣᠯᠬᠤ ᠪᠠᠨ ᠪᠠᠯᠡᠳᠭᠡᠵᠤ᠂ ᠥᠷᠭᠦᠢ ᠮᠠᠠᠳᠤᠯᠳᠤ ᠠᠷᠠᠤᠨ ᠶᠢᠡᠨ ᠮᠢᠯᠢᠶᠠᠬᠤ ᠪᠠᠨ ᠪᠠᠯᠡᠳᠭᠡᠵᠤ ᠭᠦᠷᠦᠭᠡᠤᠨ ᠢᠷᠠᠯ᠎ᠠ᠃ ᠬᠤᠷᠴᠢᠨ ᠰᠤᠶᠤᠯ ᠤᠨ ᠮᠠᠨᠢ ᠡᠷᠭᠡ ᠭᠦᠷᠦᠰᠤᠨ ᠳᠤ ᠬᠤᠪᠳᠤᠯ ᠤᠨ ᠰᠢᠮ᠎ᠠ ᠪᠠᠨ ᠶᠡᠭᠦᠯᠡᠭᠦ ᠪᠠᠷ ᠭᠦᠷᠦᠭᠡᠤᠨ ᠢᠷᠠᠯ᠎ᠠ᠃ ᠡᠭᠦᠨ ᠢ ᠠᠯᠳᠠᠨ ᠰᠢᠨ᠎ᠠ ᠵᠢᠯ ᠭᠡᠵᠤ ᠨᠠᠰᠤᠳᠠᠤᠨ ᠴᠤᠯᠠᠯᠠᠪᠠ᠂ ᠪᠠᠶᠠᠨ ᠰᠢᠨ᠎ᠠ ᠵᠢᠯ ᠭᠡᠵᠤ ᠢᠳᠠᠷᠴᠤᠳ ᠨᠠᠷᠠᠯᠠᠪᠠ᠂ ᠪᠠᠶᠠᠷᠳᠤ ᠰᠢᠨ᠎ᠠ ᠵᠢᠯ ᠭᠡᠵᠤ ᠪᠠᠭᠠᠴᠤᠳ ᠳᠠᠭᠤᠳᠠᠪᠠ᠃ ᠳᠠᠢ᠌ᠮᠤ ᠡ︕ ᠰᠢᠨ᠎ᠠ ᠵᠢᠯ ᠡᠭᠢᠯᠡᠭᠦ ᠪᠠᠷ ᠭᠦᠮᠤᠨ ᠠᠷᠠᠤᠨ ᠤᠨ ᠭᠢᠨᠢ ᠰᠠᠤᠠᠭᠢᠯ ᠵᠢᠷᠦᠭᠡᠨ ᠳᠤ ᠰᠢᠨ᠎ᠠ ᠠᠮᠢᠵᠢᠷᠠᠯ ᠳᠡᠯᠭᠡᠷᠡᠵᠤ᠂ ᠰᠢᠨ᠎ᠠ ᠭᠦᠰᠡᠯ ᠣᠷᠭᠤᠵᠤ᠂ ᠶᠠᠭᠤ ᠪᠦᠭᠦᠨ ᠶᠢᠡᠨ ᠰᠢᠨ᠎ᠠ ᠪᠠᠷ ᠡᠭᠢᠯᠡᠭᠦᠯᠭᠦ ᠨᠢ ᠶᠤᠰᠤᠳᠠᠢ ᠰᠠᠢ᠌ᠬᠠᠨ ᠪᠢᠯᠠ᠃

ᠣᠯᠤᠮᠵᠢ ᠣᠯᠭᠤᠮᠵᠢ ᠪᠠᠷ ᠥᠯᠡᠮᠵᠢᠭᠡᠨ ᠰᠢᠨ᠎ᠠ ᠵᠢᠯ ᠳᠤ ᠪᠠᠨ ᠪᠢᠳᠠ ᠠᠯᠬᠤᠭ᠎ᠠ ᠨᠢᠭᠡᠳᠡᠢ ᠳᠠᠪᠰᠢᠨ ᠣᠷᠤᠵᠠᠢ ᠭᠡᠵᠤ ᠠᠯᠠᠭ᠎ᠠ ᠳᠠᠰᠢᠳᠠᠯ᠎ᠠ ᠪᠠᠨ ᠬᠠᠰᠭᠢᠷᠤᠶ᠎ᠠ︕

ᠳᠠᠭᠤᠴᠢᠳ ᠨᠢ ᠳᠠᠭᠤᠤ ᠪᠠᠨ ᠳᠠᠭᠤᠯᠠᠵᠤ᠂ ᠵᠢᠷᠤᠭᠴᠢᠳ ᠨᠢ ᠵᠢᠷᠤᠭ ᠶᠢᠡᠨ ᠵᠢᠷᠤᠵᠤ᠂ ᠰᠢᠯᠦᠭ᠍ᠴᠢᠳ ᠨᠢ ᠰᠢᠯᠦᠭ᠌ ᠶᠢᠡᠨ ᠰᠢᠯᠦᠭᠯᠡᠵᠤ ᠰᠢᠨ᠎ᠠ ᠵᠢᠯ ᠶᠢᠡᠨ ᠣᠭᠳᠤᠨ᠎ᠠ᠃

᠁ ᠁

᠁ ᠁

ᠠᠮᠵᠢᠯᠳᠠ ᠪᠦᠭᠦᠨ ᠢ ᠠᠵᠢᠬᠤ ᠳᠤ ᠢᠷᠡᠭᠡᠳᠦᠢ ᠨᠢ ᠰᠠᠷᠠᠭᠤᠯ ᠶᠢᠡᠷ ᠪᠣᠯᠵᠤᠩᠬᠠᠨ ᠳᠡᠨᠢᠭᠡᠷᠰᠢᠨ᠎ᠡ᠃

ᠵᠡᠭᠦᠳᠤ ᠪᠢᠰᠢ᠂ ᠵᠡᠷᠭᠡᠯᠭᠡᠨ ᠴᠤ ᠪᠢᠰᠢ᠂ ᠪᠣᠳᠠ ᠪᠠᠶ᠎ᠠ ᠪᠠᠷ ᠶᠢᠡᠨ ᠦᠨᠡᠨ ᠤ ᠠᠯᠳᠠᠨ ᠳᠠᠯᠠᠯᠤᠭ᠎ᠠ ᠲᠡᠶ ᠦᠷᠨᠢᠯ ᠨᠢ ᠬᠠᠷᠠᠭᠳᠠᠨ᠎ᠠ᠃

ᠬᠠᠭᠤᠴᠢᠨ ᠣᠨ ᠤ ᠨᠢᠷᠤᠭᠤᠨ ᠡᠴᠡ ᠰᠢᠨ᠎ᠠ ᠵᠢᠯ ᠤᠨ ᠭᠦᠷᠦᠰᠤᠨ ᠳᠤ ᠭᠦᠯ ᠳᠠᠯᠪᠢᠵᠤ ᠠᠭᠤᠯᠠ ᠨᠢᠷᠤᠭᠤᠨ ᠳᠤ ᠨᠢ ᠭᠠᠷᠴᠤ᠂ ᠣᠷᠭᠢᠯ ᠳᠤ ᠨᠢ ᠠᠪᠠᠷᠢᠨ᠎ᠠ᠃ ᠰᠢᠨ᠎ᠠ ᠵᠢᠯ ᠪᠣᠯ ᠠᠮᠵᠢᠯᠳᠠ ᠪᠦᠳᠦᠮᠵᠢ ᠶᠢᠨ ᠡᠭᠢ᠂ ᠰᠢᠨ᠎ᠠ ᠵᠢᠯ ᠳᠤ ᠪᠠᠨ ᠰᠢᠨ᠎ᠠ ᠪᠠᠷ᠂ ᠶᠡᠭᠡ ᠪᠠᠷ᠂ ᠰᠠᠢ᠌ᠨ ᠶᠢᠡᠷ ᠡᠭᠢᠯᠡᠭᠦ ᠶᠤᠰᠤᠳᠠᠢ᠃ ᠬᠤᠷᠴᠢᠨ ᠰᠤᠶᠤᠯ ᠤᠨ ᠰᠢᠮᠠᠳᠤ ᠭᠦᠷᠦᠰᠤᠨ ᠡᠴᠡ ᠪᠠᠨ ᠣᠷᠭᠤᠭᠤᠯᠤᠭᠰᠠᠨ ᠬᠤᠷᠴᠢᠨ ᠣᠠᠴᠠᠯᠢᠭᠳᠤ ᠣᠷᠠᠯᠢᠭ ᠤᠨ ᠪᠦᠳᠦᠭᠡᠭ᠍ᠳᠡᠭᠦᠨ ᠶᠢᠡᠷ ᠶᠢᠡᠨ ᠪᠢᠳᠠ ᠰᠢᠨ᠎ᠠ ᠵᠢᠯ ᠶᠢᠡᠨ ᠣᠭᠳᠤᠶ᠎ᠠ᠃ ᠡᠨᠡ ᠣᠷᠠᠯᠢᠭ ᠤᠨ ᠪᠦᠳᠦᠭᠡᠭ᠍ᠳᠡᠭᠦᠨ ᠳᠤ 《ᠮᠤᠩᠭ᠋ᠤᠯ ᠤᠨ ᠰᠠᠯᠭᠢ》 ᠪᠠᠭᠳᠠᠵᠤ ᠪᠣᠢ᠂ 《ᠠᠠᠳᠠᠢ》 ᠂ ᠬᠤᠭᠤᠷ ᠤᠨ ᠥᠯᠢᠭᠡᠷ᠂ ᠮᠤᠷᠢᠨ ᠬᠤᠭᠤᠷ ᠤᠨ ᠭᠦᠭ᠍ᠵᠢᠮ᠂ ᠴᠤᠭᠤᠷ ᠤᠨ ᠠᠶᠠᠰ᠂ ᠬᠤᠷᠴᠢᠨ ᠠᠷᠠᠤᠨ ᠤᠨ ᠳᠠᠭᠤᠤ᠁ ᠪᠠᠭᠳᠠᠵᠤ ᠪᠣᠢ᠃ ᠡᠳᠡᠭᠡᠷ ᠣᠷᠠᠯᠢᠭ ᠤᠨ ᠪᠦᠳᠦᠭᠡᠭ᠍ᠳᠡᠭᠦᠨ ᠡᠴᠡ ᠬᠤᠷᠴᠢᠠᠴᠤᠳ ᠤᠨ ᠮᠠᠨᠢ ᠭᠡᠷᠡᠯ ᠭᠢᠯᠪᠠᠭ᠎ᠠ ᠬᠠᠷᠠᠭᠳᠠᠨ᠎ᠠ᠂ ᠣᠷᠭᠢᠯᠤᠮ᠎ᠠ ᠰᠡᠳᠬᠢᠯᠭᠡ ᠨᠢ ᠬᠠᠷᠠᠭᠳᠠᠨ᠎ᠠ᠂ ᠪᠠᠭᠠᠳᠤᠷᠯᠢᠭ ᠳᠡᠦᠭᠡ ᠬᠠᠷᠠᠭᠳᠠᠨ᠎ᠠ᠂ ᠪᠠᠬᠠᠳᠤᠯᠳᠤ ᠢᠷᠡᠭᠡᠳᠦᠢ ᠨᠢ ᠴᠤ ᠬᠠᠷᠠᠭᠳᠠᠨ᠎ᠠ ᠡ᠁

ᠰᠢᠨ᠎ᠠ ᠵᠢᠯ ᠤᠨ ᠰᠠᠯᠭᠢ ᠬᠠᠴᠠᠷ ᠢ ᠥᠯᠢᠶᠡᠭᠦ ᠨᠢ ᠳᠠᠭᠠᠳᠠᠢ᠃ ᠰᠢᠨ᠎ᠠ ᠵᠢᠯ ᠤᠨ ᠰᠠᠯᠭᠢ ᠬᠠᠭᠢᠷ ᠪᠢᠰᠢ ᠨᠢ ᠵᠣᠢ᠌ᠳᠠᠢ᠃ ᠪᠠᠯᠭᠡᠳᠤ ᠰᠢᠨ᠎ᠠ ᠵᠢᠯ ᠳᠤ ᠪᠠᠨ ᠣᠢ᠌ᠯᠠᠰ ᠪᠠᠳᠠᠷᠠᠭᠠᠬᠤ ᠨᠢ ᠳᠠᠭᠠᠳᠠᠢ᠃ ᠪᠠᠯᠭᠡᠳᠤ ᠰᠢᠨ᠎ᠠ ᠵᠢᠯ ᠳᠤ ᠪᠠᠨ ᠭᠡᠢ᠌ᠮᠤᠷᠢ ᠬᠤᠷᠣᠢ᠌ᠯᠠᠬᠤ ᠨᠢ ᠵᠣᠢ᠌ᠳᠠᠢ᠃

ᠪᠢᠳᠠ ᠪᠦᠭᠦᠳᠡ ᠪᠠᠷ ᠶᠢᠡᠨ ᠪᠦᠵᠢᠭᠯᠡᠶ᠎ᠡ ᠡ᠃ ᠰᠠᠭᠠᠳᠠᠭᠰᠠᠨ ᠰᠢᠨ᠎ᠠ ᠵᠢᠯ ᠤᠨ ᠶᠢᠡᠨ ᠰᠠᠢ᠌ᠨ ᠰᠠᠢ᠌ᠬᠠᠨ ᠤ ᠳᠦᠯᠦᠭᠡ᠂ ᠰᠠᠨᠠᠭᠰᠠᠨ ᠭᠦᠰᠡᠯ ᠵᠤᠷᠢᠯ ᠤᠨ ᠶᠢᠡᠨ ᠣᠷᠤᠭᠰᠢ ᠪᠠᠶᠠᠯᠠᠯ ᠤᠨ ᠳᠦᠯᠦᠭᠡ ᠪᠦᠵᠢᠭᠯᠡᠵᠡᠭᠡᠶ᠎ᠡ᠃ ᠪᠢᠳᠠ ᠪᠦᠭᠦᠳᠡ ᠪᠠᠷ ᠶᠢᠡᠨ ᠳᠠᠭᠤᠯᠠᠶ᠎ᠠ ᠡ᠃ ᠬᠠᠷ᠎ᠠ ᠬᠤᠷᠢᠨ ᠤ ᠰᠠᠯᠭᠢᠨ ᠰᠢᠭ ᠢᠳᠠ ᠲᠡᠶ᠂ ᠬᠠᠪᠣᠳᠤ ᠡᠵᠡᠨ ᠤ ᠰᠤᠷᠭᠠᠯ ᠰᠢᠭ ᠬᠠᠪᠣ ᠲᠡᠶ ᠳᠠᠭᠤᠯᠠᠵᠠᠭᠠᠶ᠎ᠠ︕


ᠰᠢᠨ᠎ᠠ ᠵᠢᠯ ᠭᠡᠮᠡᠭᠦ ᠣᠯᠳᠤᠢ ᠪᠢᠴᠢᠯᠭᠡ


ᠰᠢᠨ᠎ᠠ ᠵᠢᠯ ᠳᠤ ᠪᠠᠨ ᠪᠢᠳᠠ ᠨᠠᠰᠤ ᠪᠠᠨ ᠦᠭ‍ᠭᠦᠨ᠎ᠡ

ᠭᠦᠳᠡᠯᠮᠦᠷᠢ ᠶᠢᠨ ᠵᠠᠮ ᠶᠢᠡᠷ ᠳᠠᠭᠠᠭᠤᠯᠵᠤ ᠢᠷᠡᠭ᠍ᠰᠡᠨ

ᠭᠦᠷᠦᠩᠭᠡ ᠪᠠᠨ ᠦᠭ‍ᠭᠦᠨ᠎ᠡ

ᠰᠢᠨ᠎ᠠ ᠵᠢᠯ ᠪᠠᠯᠭᠡ ᠪᠠᠷ ᠡᠭᠢᠯᠡᠨ᠎ᠡ

ᠰᠢᠳᠤ ᠴᠠᠢ᠌ᠯ᠎ᠠ ᠭᠡᠵᠤ ᠥᠭᠡ ᠪᠠᠷ ᠥᠩᠭᠡᠷᠡᠨ᠎ᠡ

ᠰᠠᠢ᠌ᠬᠠᠨ ᠬᠤᠪᠴᠠᠰᠤ ᠪᠠᠷ ᠳᠡᠯᠭᠡᠷᠡᠨ᠎ᠡ

ᠰᠢᠨ᠎ᠠ ᠵᠢᠯ ᠪᠠᠨ᠎ᠠ ᠪᠠᠷ ᠣᠷᠭᠤᠨ᠎ᠠ

ᠭᠦᠰᠡᠯᠡᠩ ᠤᠨ ᠳᠠᠯᠠᠪᠴᠢ ᠪᠠᠷ ᠰᠠᠳᠤᠵᠤ ᠢᠷᠡᠭ᠍ᠰᠡᠨ

ᠣᠢ᠌ᠯᠠᠰ ᠶᠢᠡᠷ ᠭᠢᠯᠠᠷᠠᠨ᠎ᠠ

ᠰᠢᠨ᠎ᠠ ᠵᠢᠯ ᠡᠴᠡ ᠪᠠᠨ ᠪᠢᠳᠠ ᠨᠠᠰᠤ ᠪᠠᠨ ᠠᠪᠣᠨ᠎ᠠ

ᠬᠠᠭᠤᠴᠢᠨ ᠵᠢᠯ ᠶᠢᠡᠨ ᠦᠳᠡᠨ ᠮᠤᠷᠳᠠᠭᠤᠯᠳᠠᠯ᠎ᠠ

ᠰᠢᠨ᠎ᠠ ᠵᠢᠯ ᠨᠠᠰᠤ ᠦᠭ‍ᠭᠦ ᠪᠠᠷ ᠢᠷᠠᠨ᠎ᠠ

ᠪᠣᠴᠠᠭᠠᠤᠨ ᠢᠷᠡᠭᠦ ᠦᠭᠡᠶ ᠬᠠᠭᠤᠴᠢᠨ ᠵᠢᠯ

ᠪᠣᠷᠬᠠᠤᠨ ᠡᠴᠡ ᠠᠳᠢᠰ ᠠᠪᠣᠭᠰᠠᠨ ᠰᠢᠭ

ᠰᠢᠨ᠎ᠠ ᠵᠢᠯ ᠶᠢᠡᠨ ᠢᠯᠡᠭᠡᠨ᠎ᠡ᠃ 


2008 ᠣᠨ ᠤ 1 ᠰᠠᠷ᠎ᠠ ᠶᠢᠨ 31 ᠊ᠨ᠎ᠠ

ᠬᠤᠷᠴᠢᠨ ᠳᠤᠭᠤᠷᠢᠭ ᠤᠨ 《ᠭᠠᠴᠢᠭᠠᠨ ᠤ ᠵᠤᠭᠤᠷᠢᠨ》 ᠭᠡᠮᠡᠭᠦ ᠢᠷᠠᠭᠤ ᠨᠠᠢ᠌ᠷᠠᠭ ᠤᠨ ᠭᠦᠮᠦᠷᠭᠡᠨ᠎ᠡ


ᠵᠤᠬᠢᠶᠠᠭᠴᠢ᠄ ᠲᠡᠯᠡᠩᠭᠦᠳ·ᠴᠠᠭᠠᠨᠮᠦ᠋ᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 5635
ᠴᠠᠭ᠄ 2008 ᠤᠨ ᠤ 02 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁