ᠭᠠᠭᠴᠠ ᠶᠢᠨ ᠰᠢᠯᠢ

    ᠭᠠᠭᠴᠠ ᠶᠢᠨ ᠰᠢᠯᠢ ᠪᠠᠷ ᠭᠠᠯᠠᠭᠤᠳ ᠡᠷᠭᠢᠨ᠎ᠡ᠂

    ᠭᠠᠵᠠᠷ ᠤᠨ ᠬᠤᠯᠠ ᠡᠴᠠ ᠭᠦᠤ ᠮᠢᠨᠢ ᠡᠷᠭᠢᠨ᠎ᠡ᠃   

         (ᠮᠤᠩᠭ᠋ᠤᠯ ᠠᠷᠠᠤᠨ ᠤᠨ ᠳᠠᠭᠤᠤ)


    ᠦᠨᠦᠴᠢᠨ ᠭᠠᠭᠴᠠ ᠶᠢᠨ ᠨᠠᠪᠴᠢ ᠪᠠᠷ

    ᠨᠠᠷᠠ ᠪᠠᠨ ᠳᠠᠯᠠᠯᠤᠭᠰᠠᠨ ᠰᠢᠷᠤᠢ ᠮᠢᠨᠢ

    ᠡᠪᠦᠭᠡᠨ ᠬᠠᠢ᠌ᠯᠠᠰᠤᠨ ᠤ ᠮᠦᠴᠢᠷ ᠵᠢᠠᠷ

    ᠰᠠᠯᠭᠢ ᠪᠠᠨ ᠰᠠᠮᠨᠠᠭᠤᠯᠤᠭᠰᠠᠨ ᠰᠢᠯᠢ ᠮᠢᠨᠢ

    ᠵᠠᠭᠤᠨ ᠵᠠᠭᠤᠨ ᠤ ᠣᠷᠢᠶ᠎ᠠ ᠳ᠋ᠤ

    ᠵᠤᠳᠤᠭ ᠶᠢᠡᠨ ᠶᠡᠭᠦᠯᠡᠭᠡ ᠦᠭᠡᠶ ᠪᠦᠭᠡ

    ᠵᠤᠨ ᠵᠤᠨ ᠤ ᠡᠭᠡᠯᠵᠢ ᠳ᠋ᠤ

    ᠵᠤᠮᠪᠣᠷᠯᠠᠬᠤ ᠪᠠᠨ ᠮᠠᠷᠳᠠᠭ᠎ᠠ ᠦᠭᠡᠶ ᠡᠭᠡ

    ᠭᠠᠯᠠᠭᠤᠳ ᠤᠨ ᠴᠤᠪᠣᠭ᠎ᠠ ᠶᠢ

    ᠭᠠᠭᠴᠠᠭᠠᠷᠳᠠᠯ ᠤᠨ ᠨᠢᠳᠤ ᠪᠠᠷ ᠴᠢᠩᠨᠠᠵᠤ

    ᠭᠠᠵᠠᠷ ᠤᠨ ᠠᠯᠤᠰ ᠢ

    ᠭᠠᠩᠰᠠᠷᠠᠯ ᠤᠨ ᠠᠶᠠᠰ ᠶᠢᠡᠷ ᠭᠦᠭ᠍ᠵᠢᠮᠳᠡᠭ᠍ᠰᠡᠨ

    ᠠᠷᠤ ᠥᠡᠳᠦᠷᠯᠢᠭ᠌ ᠤᠨ ᠨᠢᠭᠡᠨ ᠪᠠᠢ᠌ᠴᠠ

    ᠠᠷᠠᠤᠨ ᠲᠦᠮᠡᠨ ᠤ ᠨᠢᠭᠡᠨ ᠳᠠᠭᠤᠤ

    ᠭᠠᠭᠴᠠ ᠶᠢᠨ ᠰᠢᠯᠢ ᠮᠢᠨᠤ︕


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1324
ᠴᠠᠭ᠄ 2011 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁