ᠭᠡᠭᠡᠭᠡᠨ

ᠣᠳᠤ ᠲᠡᠶ ᠳᠡᠭ᠍ᠷᠢ ᠶᠢᠨ ᠭᠢᠵᠠᠭᠠᠷ ᠳᠤ

ᠨᠣᠢ᠌ᠷᠮᠤᠭᠯᠠᠵᠤ ᠶᠠᠪᠣᠭ᠎ᠠ ᠰᠠᠷᠠ

ᠡᠭᠦᠯᠡᠨ ᠭᠦᠡᠵᠢᠯᠡ ᠪᠠᠨ ᠢᠷᠠᠬᠤ ᠳᠤ

ᠦᠳᠡᠰᠢ ᠨᠢᠭᠡ ᠭᠡᠭᠡᠭᠡᠨ


ᠲ᠋ᠡᠷᠡ ᠬᠤᠯᠠ ᠶᠢᠨ ᠭᠠᠵᠠᠷ ᠡᠴᠡ

ᠨᠠᠮ᠎ᠠ ᠶᠢ ᠪᠠᠨ ᠭᠡᠵᠤ ᠳᠠᠮᠡᠤᠯᠠᠵᠤ ᠢᠷᠡᠭᠡᠳ

ᠰᠠᠷᠠᠨ ᠤ ᠭᠡᠷᠡᠯ ᠬᠤᠪᠢᠶᠠᠨ ᠵᠤᠭᠰᠤᠬᠤ ᠳᠤ

ᠰᠡᠳᠭᠢᠯ ᠨᠢᠭᠡ ᠭᠡᠭᠡᠭᠡᠨ


ᠪᠠᠶ᠎ᠠ ᠪᠠᠨ ᠭᠠᠮᠨᠠᠵᠤ ᠶᠠᠪᠣ ᠡ ᠭᠡᠵᠤ

ᠪᠠᠯ ᠲᠡᠶ ᠵᠥᠭᠡᠯᠡᠨ ᠣᠷᠤᠭᠤᠯ ᠪᠠᠷ

ᠬᠠᠴᠠᠷ ᠢ ᠬᠠᠭᠠᠷᠢᠨ ᠳᠦᠭᠡᠨᠡᠭᠦ ᠳᠤ

ᠵᠢᠷᠦᠭᠡ ᠨᠢᠭᠡ ᠭᠡᠭᠡᠭᠡᠨ


ᠡᠨᠡᠭᠡᠨ ᠨᠠᠰᠤ ᠪᠠᠨ ᠴᠢᠮ᠎ᠠ ᠳᠠᠭᠠᠨ ᠭᠡᠵᠤ

ᠡᠷᠭᠡᠰ ᠴᠡᠴᠡᠭ᠌ ᠤᠨ ᠭᠡᠯᠳᠡᠰ ᠳᠡᠭᠡᠷ᠎ᠡ

ᠰᠢᠭᠦᠳᠡᠷᠢ ᠣᠨᠠᠬᠤ ᠰᠢᠭ᠌ ᠰᠢᠪᠠᠨᠡᠭᠦ ᠳ᠋ᠤ

ᠢᠷᠡᠭᠡᠳᠦᠢ ᠨᠢᠭᠡ ᠭᠡᠭᠡᠭᠡᠨ


ᠮᠤᠩᠭ᠋ᠤᠯ ᠤᠨ ᠬᠤᠶᠠᠷ ᠦᠷ᠎ᠡ

ᠢᠷᠠᠭᠤᠬᠠᠨ ᠭᠡᠯᠡ ᠪᠠᠷ ᠶᠢᠡᠨ ᠢᠨᠠᠭᠰᠢᠵᠤ

ᠢᠯᠴᠢ ᠢᠯᠴᠢᠨ ᠳᠡᠭᠡᠨ ᠣᠶᠠᠷᠠᠬᠤ ᠪᠠᠷ ᠨᠢ

ᠡᠭᠡ ᠣᠷᠤᠨ ᠨᠢᠭᠡ ᠭᠡᠭᠡᠭᠡᠨ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1303
ᠴᠠᠭ᠄ 2011 ᠤᠨ ᠤ 08 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁