ᠳᠠᠢ᠌ᠴᠢᠠᠳᠠᠯ᠎ᠠ ᠭᠠᠴᠠᠭᠠᠨ ᠤ ᠮᠠᠭᠳᠠᠭᠠᠯ

ᠳᠠᠪᠤᠨ ᠳᠤᠯᠤᠭᠠᠢ ᠪᠠᠷ ᠳᠦᠰᠢᠯᠭᠡ ᠳᠠᠢ

ᠳᠠᠢ᠌ᠴᠢᠨ ᠬᠠᠭ ᠶᠢᠡᠷ ᠳᠡᠪᠢᠰᠭᠡᠷ ᠳᠠᠢ

ᠰᠢᠷᠤᠢ ᠬᠤᠳᠠ ᠪᠠᠷ ᠵᠡᠷᠭᠡᠯᠳᠡᠭᠡ ᠳᠠᠢ

ᠪᠠᠶᠠᠨ ᠪᠠᠯᠭᠠᠰᠤ ᠪᠠᠷ ᠰᠠᠭᠠᠬᠠᠯᠳᠠ ᠳᠠᠢ


ᠡᠷᠳᠡ ᠳᠡᠭᠡᠳᠤ ᠶᠢᠨ ᠦᠶ᠎ᠡ ᠡᠴᠠ

ᠡᠯᠪᠠᠭ᠌ ᠪᠠᠶᠠᠨ ᠣᠷᠤᠨ

ᠡᠨᠡ ᠡᠷᠡᠨ ᠤ ᠴᠠᠭ ᠳᠤ

ᠡᠷᠡᠮᠡᠭᠡᠢ᠌ᠯᠡᠨ ᠭᠦᠭ᠍ᠵᠢᠭᠡ ᠨᠤᠳᠤᠭ


ᠨᠠᠮ ᠵᠠᠰᠠᠭ ᠤᠨ ᠣᠳᠤᠷᠢᠳᠤᠯᠭ᠎ᠠ ᠨᠢ

ᠨᠠᠷᠠᠨ ᠤ ᠭᠡᠷᠡᠯ ᠰᠢᠭ᠌ ᠳᠤᠶᠠᠭᠠᠷᠠᠵᠤ ᠪᠠᠢ᠌ᠨ᠎ᠠ

ᠨᠠᠪᠴᠢ ᠴᠡᠴᠡᠭ᠌ ᠮᠠᠳᠤ ᠠᠷᠠᠤᠨ ᠨᠢ

ᠨᠠᠷᠮᠠᠢ ᠣᠢ᠌ᠯᠠᠰ ᠶᠢᠡᠨ ᠪᠣᠰᠬᠠᠵᠤ ᠪᠠᠢ᠌ᠨ᠎ᠠ


ᠳᠡᠭᠡᠳᠤ ᠱᠠᠳᠤᠨ ᠤ ᠵᠢᠯᠤᠭᠤᠳᠤᠯᠭ᠎ᠠ ᠨᠢ

ᠳ᠋ᠸᠩᠯᠤ ᠠᠳᠠᠯᠢ ᠭᠡᠷᠡᠯᠳᠦᠵᠤ ᠪᠠᠢ᠌ᠨ᠎ᠠ

ᠳᠡᠯᠭᠡᠷ ᠣᠯᠠᠨ ᠠᠷᠠᠤᠨ ᠨᠢ

ᠳᠡᠭ᠍ᠵᠢᠷᠡᠭᠦ ᠠᠮᠢᠳᠤᠷᠠᠯ ᠳᠠᠭᠠᠨ ᠵᠢᠳᠭᠦᠵᠤ ᠪᠠᠢ᠌ᠨ᠎ᠠ


ᠳᠠᠪᠤᠨ ᠥᠡᠴᠦᠭ᠍ᠳᠤ ᠪᠠᠳᠤᠴᠠᠭᠠᠨ ᠨᠢ

ᠳᠠᠯ᠎ᠠ ᠶᠢᠨ ᠳᠤᠮᠳᠠ ᠪᠠᠨ ᠬᠠᠨᠠᠭᠠᠷᠠᠨ᠎ᠠ

ᠳᠠᠪᠠ ᠴᠡᠩᠭᠡᠯᠳᠤ ᠠᠮᠢᠳᠤᠷᠠᠯ ᠨᠢ

ᠳᠠ ᠪᠢᠳᠠᠨ ᠢ ᠪᠠᠶᠠᠰᠬᠠᠨ᠎ᠠ


ᠸᠠᠩ ᠤᠨ ᠣᠷᠳᠤᠨ ᠢ ᠰᠡᠷᠭᠦᠭᠡᠭᠦ ᠠᠵᠢᠯ ᠨᠢ

ᠯᠠᠪᠳᠠᠭᠤᠨ ᠪᠠᠳᠤᠳᠠᠢ ᠶᠠᠪᠣᠭᠳᠠᠵᠤ ᠪᠠᠢ᠌ᠨ᠎ᠠ

ᠥᠩᠭᠡᠷᠡᠭ᠍ᠰᠡᠨ ᠳᠡᠦᠭᠡ ᠪᠠᠨ ᠡᠷᠭᠢᠴᠡᠭᠦᠯᠭᠦ ᠪᠠᠷ

ᠦᠨᠦᠳᠤᠷ ᠤᠨ ᠭᠦᠮᠦᠰ ᠴᠢᠷᠮᠠᠢ᠌ᠵᠤ ᠪᠠᠢ᠌ᠨ᠎ᠠ


ᠬᠠᠭᠠᠰ ᠳᠠᠷᠢᠶᠠᠯᠠᠩ ᠬᠠᠭᠠᠰ ᠮᠠᠯᠵᠢᠯ ᠰᠤᠶᠤᠯ ᠵᠢᠠᠨ

ᠬᠠᠪᠣᠯᠢᠭ ᠨᠢᠭᠡᠳᠭᠡᠨ ᠭᠡᠷᠡᠭ᠍ᠵᠢᠭᠦᠯᠵᠤ ᠪᠠᠢ᠌ᠨ᠎ᠠ

ᠵᠤᠭᠠᠴᠠᠯ ᠴᠡᠩᠭᠡᠯ ᠤᠨ ᠣᠢ᠌ᠯᠠᠰ ᠢ ᠪᠠᠰᠠ

ᠵᠤᠭᠢᠬᠤ ᠪᠠᠢ᠌ᠷᠢ ᠪᠠᠷ ᠦᠷᠨᠢᠭᠦᠯᠵᠤ ᠪᠠᠢ᠌ᠨ᠎ᠠ


ᠡᠯᠡᠰᠤ ᠮᠠᠩᠬ᠎ᠠ ᠪᠠᠨ ᠵᠠᠰᠠᠭᠠᠤᠨ

ᠡᠳᠦᠷ ᠡᠴᠠ ᠡᠳᠦᠷ ᠥᠭᠡᠳᠡᠳᠡᠢ ᠨᠤᠳᠤᠭ

ᠡᠪᠠᠰᠤ ᠪᠠᠯᠴᠢᠭᠡᠷ ᠶᠢᠡᠨ ᠬᠠᠮᠠᠭᠠᠯᠠᠭᠠᠤᠨ

ᠥᠩᠭᠡᠳᠡᠢ ᠰᠢᠮᠠᠳᠠᠢ ᠪᠠᠶᠠᠯᠢᠭ ᠨᠤᠳᠤᠭ


ᠭᠤᠷᠪᠠᠨ ᠳᠠᠷᠢᠶᠠᠯᠠᠩ ᠤᠨ ᠳᠦᠷᠤ ᠶᠢᠨ ᠪᠣᠳᠤᠯᠭ᠎ᠠ ᠵᠢ

ᠭᠣᠢ᠌ᠳᠠ ᠰᠠᠢ᠌ᠬᠠᠨ ᠭᠡᠷᠡᠭ᠍ᠵᠢᠭᠦᠯᠵᠤ ᠪᠠᠢ᠌ᠨ᠎ᠠ

ᠭᠤᠪᠢ ᠴᠦᠯ ᠶᠢᠠᠨ ᠵᠠᠰᠠᠭᠠᠤᠨ

ᠭᠤᠶᠤ ᠦᠵᠡᠮᠵᠢᠳᠠᠢ ᠪᠣᠯᠭᠠᠵᠤ ᠪᠠᠢ᠌ᠨ᠎ᠠ


ᠬᠠᠳᠠᠭᠠᠰᠤ᠂ ᠪᠠᠶᠡᠡᠵᠢᠷᠦᠭᠡ᠂ ᠪᠠᠶᠠᠠᠪᠣᠯᠠᠭ

ᠬᠠᠮᠤᠭ ᠬᠤᠷᠳᠤᠴᠠ ᠪᠠᠷ ᠭᠦᠭ᠍ᠵᠢᠵᠤ ᠪᠠᠢ᠌ᠨ᠎ᠠ

ᠪᠠᠭᠢ ᠶᠢᠨ ᠠᠢ᠌ᠯ ᠱᠤᠸᠠᠩ ᠯᠦᠩ ᠭᠠᠩ

ᠪᠠᠷᠭᠡ ᠰᠠᠢ᠌ᠨ ᠳᠠᠪᠰᠢᠵᠤ ᠪᠠᠢ᠌ᠨ᠎ᠠ


ᠬᠤᠷᠢᠶ᠎ᠠ᠂ ᠬᠠᠢ᠌ᠯᠠᠰᠤᠨ᠂ ᠴᠤᠭᠯᠠᠭᠠᠨ ᠠᠢ᠌ᠯ

ᠬᠣᠢ᠌ᠨ᠎ᠠ ᠨᠢ ᠬᠤᠴᠤᠷᠬᠤ ᠦᠭᠡᠶ ᠳᠠᠮᠠᠴᠠᠵᠤ ᠪᠠᠢ᠌ᠨ᠎ᠠ

ᠰᠢᠨ᠎ᠡ ᠡᠷᠡᠨ ᠤ ᠣᠳᠤᠷᠢᠳᠤᠯᠭ᠎ᠠ ᠨᠢ

ᠰᠢᠵᠠᠷᠠᠭᠤᠨ ᠠᠯᠬᠤᠴᠠ ᠪᠠᠷ ᠳᠠᠢ᠌ᠴᠢᠯᠠᠵᠤ ᠪᠠᠢ᠌ᠨ᠎ᠠ


ᠠᠷᠠᠤᠨ ᠲᠦᠮᠡᠨ ᠨᠢ ᠴᠢᠨᠡᠭᠡᠯᠢᠭ᠍ᠵᠢᠭᠡᠳ

ᠠᠶᠤᠤᠯᠢᠬᠠᠢ ᠴᠡᠭᠡᠵᠢ ᠨᠢ ᠬᠠᠩᠭ᠋ᠠᠮᠵᠢᠳᠠᠢ ᠪᠠᠢ᠌ᠨ᠎ᠠ

ᠠᠯᠤᠰ ᠢᠷᠡᠭᠡᠳᠦᠢ ᠶᠢᠨ ᠠᠮᠢᠳᠤᠷᠠᠯ ᠳ᠋ᠠᠭᠠᠨ

ᠠᠯᠮᠠᠰ ᠵᠤᠷᠢᠭ ᠶᠢᠡᠨ ᠡᠷᠴᠢᠯᠡᠭᠦ ᠪᠠᠷ ᠪᠠᠢ᠌ᠨ᠎ᠠ


        (ᠠᠷᠭᠠᠮᠵᠠ ᠭᠠᠴᠠᠭᠠᠳᠠ ᠲᠡᠶ ᠨᠠᠢ᠌ᠷᠯᠠᠬᠤ ᠳ᠋ᠠᠭᠠᠨ

       ᠠᠷᠢᠭᠢᠨ ᠰᠢᠷᠡᠭᠡᠨ ᠳᠡᠭᠡᠷ᠎ᠡ ᠡᠷᠭᠦᠭ᠍ᠰᠡᠨ ᠪᠠᠳᠠᠭ)


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠬᠠᠷᠢᠶ᠎ᠠ᠄ ᠰᠢᠯᠦᠭ
ᠳᠠᠷᠤᠮ᠄ 1833
ᠴᠠᠭ᠄ 2012 ᠤᠨ ᠤ 02 ᠰᠠᠷ᠎ᠠ ᠶᠢᠨ 11