ᠳᠡᠭ᠍ᠷᠢ ᠬᠠᠷᠠᠭᠠᠤᠨ ᠭᠡᠪᠳᠡᠭᠦ ᠳ᠋ᠤ

ᠦᠳᠡᠰᠢ ᠰᠡᠯᠡᠭᠦᠨ ᠠᠭᠠᠷ ᠵᠢᠠᠷ

ᠠᠭᠤᠰᠭᠢ ᠵᠢᠷᠦᠭᠡ ᠪᠠᠨ ᠠᠷᠢᠭᠤᠤᠠᠬᠠᠵᠤ

ᠦᠨᠳᠦᠷ ᠳᠡᠭ᠍ᠷᠢ ᠶᠢ ᠬᠠᠷᠠᠭᠠᠤᠨ

ᠡᠪᠠᠰᠤᠨ ᠤ ᠵᠤᠵᠠᠭᠠᠨ ᠳᠡᠭᠡᠷ᠎ᠡ ᠭᠡᠳᠡᠢ᠌ᠯᠡᠭᠦ ᠳ᠋ᠤ

ᠣᠰᠤ ᠭᠦᠷᠦᠰᠤᠨ ᠤ ᠰᠤᠷᠭᠤᠭ ᠦᠨᠦᠷ

ᠦᠪᠡᠷ ᠤᠨ ᠪᠠᠶ᠎ᠠ ᠳᠤ ᠰᠢᠩᠭᠡᠷᠡᠵᠤ

ᠣᠯᠠᠨ ᠵᠣᠢ᠌ᠯ ᠤᠨ ᠪᠣᠳᠤᠯ

ᠣᠭᠤᠷᠠᠭ ᠳᠠᠷᠢᠭᠢᠨ ᠳᠤ ᠡᠷᠭᠢᠯᠳᠦᠨ᠎ᠡ᠂

ᠳᠤᠭ᠎ᠠ ᠦᠭᠡᠶ ᠣᠯᠠᠨ ᠣᠳᠤᠨ ᠮᠠᠴᠢᠳ

ᠳᠡᠭ᠍ᠷᠢ ᠳᠦᠭᠦᠷᠡᠩ ᠭᠡᠷᠡᠯᠳᠦᠨ᠎ᠡ

ᠳᠡᠷᠳᠡᠭᠡ ᠬᠤᠯᠠ ᠶᠢᠨ ᠣᠷᠴᠢᠯᠠᠩ ᠢ

ᠳᠠᠳᠠᠨᠤᠰ ᠡᠵᠡᠯᠡᠭᠡᠳ ᠢᠨᠢᠶᠡᠮᠰᠦᠭᠡᠯᠡᠨ᠎ᠡ

ᠬᠠᠶᠠ ᠵᠠᠷᠢᠮ ᠨᠢ ᠨᠠᠳᠠ ᠳᠠᠢ

ᠬᠠᠨᠢᠰᠠᠵᠤ ᠪᠠᠢ᠌ᠬᠤ ᠰᠢᠭ ᠬᠠᠷᠠᠭᠳᠠᠨ᠎ᠠ

ᠬᠠᠮᠠᠷ ᠠᠮᠠ ᠪᠠᠷ ᠶᠢᠡᠨ ᠳᠤᠭᠢᠶ᠎ᠠ ᠦᠭ‍ᠭᠦᠭᠡᠳ

ᠳᠠᠭᠤᠳᠠᠵᠤ ᠪᠠᠢ᠌ᠬᠤ ᠰᠢᠭ ᠥᠵᠡᠭ᠍ᠳᠡᠨ᠎ᠡ

ᠣᠷᠤᠨ ᠪᠠᠢ᠌ᠷᠢ ᠪᠣᠯᠢᠶᠠᠯᠳᠠᠵᠤ

ᠣᠳᠤᠳ ᠳᠤᠮᠳᠠ ᠪᠠᠨ ᠲᠦᠯᠭᠢᠯᠳᠤᠨ᠎ᠠ

ᠣᠴᠢ ᠭᠠᠯ ᠴᠠᠭᠢᠯᠠᠭᠤᠯᠤᠨ

ᠣᠷᠤᠭ᠎ᠠ ᠶᠢᠨ ᠪᠣᠬ᠎ᠠ ᠰᠢᠭ᠌ ᠪᠠᠰᠠ ᠮᠦᠷᠭᠦᠯᠳᠦᠨ᠎ᠡ

ᠦᠵᠡᠵᠤ ᠶᠠᠳᠠᠭᠰᠠᠨ ᠵᠠᠷᠢᠮ ᠨᠢ

ᠡᠮᠦᠨ᠎ᠡ ᠪᠠᠨ ᠵᠠᠮ ᠶᠢᠡᠨ ᠬᠠᠢ᠌ᠨ᠎ᠠ

ᠣᠠᠴᠠ ᠶᠢᠨ ᠰᠡᠯᠡᠭᠦᠤ ᠭᠠᠵᠠᠷ ᠢ ᠡᠷᠢᠵᠤ

ᠥᠭᠡᠳᠡ ᠣᠷᠤᠭᠤ ᠨᠡᠭᠦᠳᠡᠯᠯᠡᠨ᠎ᠡ᠂

ᠠᠰᠢᠳᠠ ᠶᠢᠨ ᠣᠳᠤᠳ ᠡᠭᠦᠯᠡᠰᠢᠷᠡᠨ

ᠠᠢ᠌ᠮᠠᠭ ᠠᠢ᠌ᠮᠠᠭ ᠶᠢᠡᠷ ᠶᠢᠡᠨ ᠳᠠᠷᠬᠠᠨ᠎ᠠ

ᠠᠰ ᠠᠰ ᠲᠠᠭᠠᠨ ᠴᠠᠭᠠᠷᠢᠭᠯᠠᠵᠤ

ᠠᠮᠢᠳᠤᠷᠠᠯ ᠳᠠᠮᠠᠴᠠᠯ ᠦᠷᠨᠢᠭᠦᠯᠦᠨ᠎ᠡ᠂

ᠬᠠᠢ᠌ᠷ᠎ᠠ ᠰᠡᠳᠬᠢᠯ ᠤᠨ ᠰᠢᠵᠢᠮ ᠵᠢᠠᠷ

ᠬᠠᠷᠢᠯᠴᠠᠨ ᠳᠠᠳᠠᠯᠳᠠᠵᠤ ᠡᠷᠭᠢᠨ᠎ᠡ

ᠬᠠᠯᠠᠭᠤᠨ ᠬᠠᠢ᠌ᠷ᠎ᠠ ᠳᠠᠭᠠᠨ ᠰᠢᠳᠠᠵᠤ

ᠬᠠᠷᠠᠭᠠᠨ ᠤ ᠬᠤᠯᠠ ᠡᠴᠠ ᠭᠡᠷᠡᠯᠳᠦᠨ᠎ᠡ

ᠲᠦᠪ ᠲᠤ ᠳᠡᠮᠡᠤᠯᠡᠭᠦ ᠭᠦᠴᠤ ᠪᠠᠷ

ᠳᠤᠰ ᠳᠤᠰ ᠲᠠᠭᠠᠨ ᠪᠦᠭᠡᠷᠡᠩᠭᠡᠷᠡᠨ᠎ᠡ

ᠲᠦᠯᠭᠢᠵᠤ ᠳᠠᠳᠠᠭᠠᠤᠨ ᠳᠤᠭᠳᠠᠭᠠᠭᠰᠠᠨ

ᠳᠤᠭᠤᠷᠢᠯᠳᠠ ᠶᠢᠨ ᠵᠠᠮ ᠶᠢᠡᠷ ᠶᠢᠡᠨ ᠠᠶᠠᠯᠠᠨ᠎ᠠ

ᠣᠢ᠌ᠯᠭᠠᠭᠳᠠᠰᠢ ᠦᠭᠡᠶ ᠨᠢᠭᠤᠴᠠ ᠣᠷᠴᠢᠯᠠᠩ

ᠣᠬᠠᠭᠠᠨ ᠪᠣᠳᠤᠯ ᠢ ᠳᠦᠭᠡᠷᠢᠭᠦᠯᠦᠨ᠎ᠡ

ᠣᠷᠤᠨ ᠴᠠᠭ ᠵᠤᠭᠰᠤᠯᠳᠠ ᠥᠭᠡᠢ

ᠣᠯᠠᠷᠢᠵᠤ ᠬᠤᠪᠢᠷᠠᠨ ᠣᠠᠳᠤᠤᠰᠢᠨ᠎ᠠ᠂

ᠭᠦᠰᠡᠯ ᠪᠣᠳᠤᠯ ᠤᠨ ᠴᠠᠭᠢᠯᠭᠠᠨ ᠵᠢᠠᠨ

ᠭᠦᠮᠤᠨ ᠳᠦᠷᠤᠯᠭᠢᠳᠠᠨ ᠶᠠᠪᠣᠭᠤᠯᠤᠨ᠎ᠠ

ᠭᠦᠭᠡᠮᠳᠦᠭ᠌ ᠳᠡᠭ᠍ᠷᠢ ᠴᠢᠮᠡᠭᠡ ᠥᠭᠡᠢ

ᠭᠦᠭᠡᠷᠡᠨ ᠴᠡᠩᠭᠡᠷᠳᠡᠵᠤ ᠳᠤᠨᠤᠷᠠᠨ᠎ᠠ

ᠶᠡᠭᠡ ᠪᠠᠭ᠎ᠠ ᠬᠤᠶᠠᠷ ᠤᠨ ᠡᠵᠡᠯᠡᠭᠦᠨ

ᠭᠡᠮᠵᠢᠶ᠎ᠡ ᠭᠢᠵᠠᠭᠠᠷ ᠦᠭᠡᠶ ᠦᠷᠭᠦᠯᠵᠢᠯᠡᠨ᠎ᠡ

ᠶᠠᠷᠤ ᠪᠣᠰᠤ ᠶᠢᠨ ᠡᠨᠡ ᠶᠡᠭᠡ ᠣᠷᠤᠰᠢᠬᠤᠢ ᠵᠢᠨ

ᠢᠷᠠᠯ ᠭᠠᠷᠤᠯ ᠨᠢ ᠦᠯᠦ ᠣᠢ᠌ᠯᠠᠭᠠᠭᠳᠠᠨ᠎ᠠ

ᠡᠷᠦᠢ ᠬᠤᠷᠤᠢ ᠦᠭᠡᠶ ᠣᠷᠴᠢᠯᠠᠩ ᠤᠨ

ᠡᠭᠢᠯᠡᠯ ᠡᠭᠦᠰᠦᠯ ᠬᠠᠮᠢᠭ᠎ᠠ ᠪᠠᠢ᠌ᠨ᠎ᠠ ⁉

ᠡᠷᠭᠢᠭᠡᠳ ᠪᠠᠢ᠌ᠳᠠᠭ ᠴᠠᠭ ᠮᠦᠴᠡ ᠳ᠋ᠤ

ᠡᠴᠦᠰ ᠤᠨ ᠴᠡᠭ᠌ ᠭᠢᠵᠤ ᠪᠠᠢ᠌ᠨ᠎ᠠ ᠦᠦ᠂ ᠦᠭᠡᠶ ᠦᠦ⁉


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠶᠢᠨ ᠪᠣᠷᠤᠳᠠᠯ᠎ᠠ ᠵᠸᠤ ᠶᠢᠨ ᠣᠷᠠᠯᠢᠭ ᠤᠨ ᠣᠷᠳᠤᠨ

ᠵᠤᠬᠢᠶᠠᠭᠴᠢ᠄ ᠰᠠ᠊·ᠣᠯᠠᠭᠠᠠᠪᠠᠭᠠᠳᠤᠷ
ᠬᠠᠷᠢᠶ᠎ᠠ᠄ ᠰᠢᠯᠦᠭ
ᠳᠠᠷᠤᠮ᠄ 1832
ᠴᠠᠭ᠄ 2011 ᠤᠨ ᠤ 01 ᠰᠠᠷ᠎ᠠ ᠶᠢᠨ 24