ᠨᠠᠪᠴᠢᠰ ᠠᠶᠠᠷᠬᠠᠨ ᠣᠨᠠᠨ᠎ᠠ

ᠴᠢᠯᠠᠭᠤ ᠶᠢ ᠡᠭᠦᠯᠡᠰ ᠴᠠᠢ᠌ᠯᠵᠠᠳᠠᠯ᠎ᠠ ᠶᠠᠷᠢᠬᠤ ᠳᠤ

ᠰᠡᠳᠭᠢᠯ ᠰᠡᠮᠭᠡᠨ ᠴᠢᠭᠢᠭ᠍ᠳᠤᠨ

ᠴᠢᠳᠤᠷ ᠤᠨ ᠳᠡᠯᠡᠭᠡᠢ ᠡᠨᠡᠭᠦᠭᠡᠨ ᠳᠤ ᠳᠠᠢ᠌ᠪᠢᠵᠤ

ᠨᠠᠪᠴᠢᠰ ᠠᠶᠠᠷᠬᠠᠨ ᠣᠨᠠᠨ᠎ᠠ

ᠮᠤᠩᠭ᠋ᠤᠯ ᠤᠨ ᠰᠠᠢ᠌ᠬᠠᠨ ᠳᠠᠭᠤᠤ ᠰᠢᠭ ᠣᠷᠳᠤᠯᠠᠨ

ᠬᠠᠩᠭ᠋ᠠᠢ ᠠᠭᠤᠵᠢᠮ ᠬᠠᠯᠢᠭᠤᠷᠠᠵᠤ

ᠮᠤᠷᠢᠳᠠᠨ ᠤ ᠥᠯᠢᠭᠡᠷ ᠫᠣᠤ ᠰᠢᠭ ᠳᠤᠤᠭᠠᠷᠤᠭᠠᠤᠨ

ᠬᠠᠳᠠᠨ ᠤ ᠡᠩᠭᠡᠷ ᠤᠨ ᠴᠤᠪᠣᠭ᠎ᠠ

ᠰᠡᠷᠢᠭᠦᠤ ᠳᠠᠳᠠᠭᠰᠠᠨ ᠭᠠᠯᠠᠭᠤ ᠶᠢ ᠴᠢᠩᠨᠠᠨ

ᠰᠢᠭᠤᠢ ᠵᠦᠰᠠᠷᠠᠨ ᠰᠢᠩᠭᠡᠷᠡᠵᠤ

ᠰᠡᠯᠡᠭᠦᠤ ᠡᠷᠢᠭ᠍ᠰᠡᠨ ᠪᠣᠯᠠᠭ ᠢ ᠬᠠᠷᠠᠭᠠᠤᠨ

ᠢᠩᠭᠡᠷ ᠵᠢᠩᠭᠡᠷ ᠰᠠᠨᠠᠭ᠎ᠠ

ᠴᠢᠯᠠᠭᠤ ᠶᠢ ᠡᠭᠦᠯᠡᠰ ᠴᠠᠢ᠌ᠯᠵᠠᠳᠠᠯ᠎ᠠ ᠶᠠᠷᠢᠬᠤ ᠳᠤ

ᠪᠣᠳᠤᠯ ᠦᠨᠳᠦᠷ ᠭᠦᠭᠡᠷᠦᠭᠡᠳ

ᠴᠢᠳᠤᠷ ᠤᠨ ᠳᠡᠯᠡᠭᠡᠢ ᠡᠨᠡᠭᠦᠭᠡᠨ ᠳᠠᠢ᠌ᠪᠢᠵᠤ

ᠳᠡᠦᠭᠡᠨ ᠳᠤ ᠠᠶᠠᠷᠬᠠᠨ ᠣᠨᠠᠨ᠎ᠠ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2049
ᠴᠠᠭ᠄ 2009 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁