ᠬᠠᠢ᠌ᠷ᠎ᠠ ᠶᠢᠨ ᠪᠣᠷᠤᠭᠠᠨ

ᠡᠷᠭᠡᠰ ᠤᠨ ᠣᠳᠤᠳ ᠡᠴᠡ ᠨᠢᠭᠤᠵᠤ

ᠡᠭᠦᠯᠡᠨ ᠳᠤᠤᠭᠤᠷ ᠠᠮᠠᠷᠠᠭᠯᠠᠶᠤ

ᠡᠳᠦᠷ ᠡᠴᠡ ᠬᠠᠷᠠᠩᠭ᠋ᠤᠢ ᠶᠢ ᠰᠤᠩᠭ᠋ᠤᠵᠤ

ᠰᠦᠨᠢ ᠶᠢᠨ ᠪᠣᠷᠤᠭᠠᠨ ᠶᠢᠡᠷ ᠬᠠᠢ᠌ᠷᠠᠯᠠᠯᠴᠠᠶᠤ

ᠪᠣᠮᠠᠨ ᠣᠰᠤᠨ ᠤ ᠳᠤᠰᠤᠯ

ᠪᠣᠳᠤᠯ ᠤᠨ ᠣᠭᠢᠶᠠᠯ ᠪᠣᠯᠤᠶᠤ

ᠪᠣᠷᠳᠠᠭ ᠦᠭᠡᠶ ᠬᠠᠢ᠌ᠷ᠎ᠠ ᠶᠢᠨ ᠡᠴᠡᠨ᠎ᠡ

ᠨᠢᠭᠡᠨ ᠨᠢᠭᠡᠨ᠎ᠡ ᠳᠠᠰᠤᠯᠠᠯᠴᠠᠶᠤ

ᠬᠠᠷᠠᠮᠴᠢ ᠳᠤᠳᠠᠭᠤᠳᠠᠯ ᠠᠯᠢ ᠨᠢ ᠴᠤ ᠪᠢᠰᠢ

ᠬᠠᠮᠳᠤ ᠶᠢᠨ ᠰᠢᠭᠦᠷ ᠢ ᠡᠷᠭᠦᠶᠤ

ᠬᠠᠢ᠌ᠷ᠎ᠠ ᠭᠡᠳᠡᠭ᠌ ᠭᠡᠪᠠᠷᠡᠭ᠌ ᠭᠡᠵᠤ

ᠬᠠᠵᠠᠭᠤ ᠵᠠᠢ ᠶᠢ ᠪᠠᠭᠠᠰᠬᠠᠶᠤ

ᠠᠭᠠᠷ ᠳᠤᠭᠤᠯᠤᠨ ᠪᠠᠭᠤᠬᠤ

ᠡᠭᠦᠯᠡᠨ ᠣᠰᠤᠨ ᠤ ᠳᠠᠰᠤᠷᠬᠠᠢ

ᠣᠰᠤ ᠳᠤᠭᠤᠴᠢᠬᠤ ᠠᠮᠠᠷᠠᠭ

ᠣᠭᠢᠶᠠᠯ ᠤᠨ ᠬᠠᠢ᠌ᠷ᠎ᠠ ᠳᠠᠭᠠᠨ ᠵᠤᠷᠴᠢᠶᠤ

ᠬᠠᠯᠳᠤᠷᠢᠬᠤ ᠣᠰᠤᠨ ᠤ ᠳᠤᠰᠤᠯ

ᠰᠢᠭᠦᠷ ᠢ ᠲᠠᠭᠠᠨ ᠣᠷᠤᠰᠤᠶᠤ

ᠬᠠᠢ᠌ᠷ᠎ᠠ ᠶᠢᠨ ᠪᠣᠷᠤᠭᠠᠨ ᠤ ᠠᠮᠠᠷᠠᠭ

ᠰᠡᠳᠭᠢᠯ ᠨᠤᠷᠤᠨ ᠵᠤᠭᠠᠯᠠᠶᠤ᠃


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠠᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 1504
ᠴᠠᠭ᠄ 2010 ᠤᠨ ᠤ 07 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁