ᠠᠭᠤᠯᠠᠰ ᠤᠨ ᠵᠠᠢ ᠪᠠᠷ ᠊᠊᠊᠊᠊᠊᠊᠊᠊᠊᠊᠊᠊᠊᠊᠊᠊᠊᠊᠊᠊᠊᠊᠊᠊᠊᠊᠊ ᠴᠢᠮ᠎ᠠ ᠪᠠᠨ ᠦᠨᠦᠰᠤᠶ᠎ᠠ

ᠬᠠᠷᠠᠭ᠎ᠠ ᠠᠯᠤᠰᠯᠠᠭᠰᠠᠨ

ᠠᠭᠤᠯᠠᠰ ᠤᠨ ᠡᠯᠢᠭᠡ ᠪᠠᠷ ᠳᠠᠮᠵᠢᠬᠤ

ᠭᠡᠳᠤᠨ ᠮᠢᠩᠭ᠋ᠠᠨ ᠤ ᠠᠯᠤᠰ ᠢ

ᠳᠡᠷᠭᠡᠳᠡ ᠨᠡᠭᠦᠯᠭᠡᠨ ᠠᠪᠴᠢᠷᠠᠬᠤ

ᠭᠡᠨ ᠴᠤ ᠭᠦᠷᠦᠮ᠎ᠡ ᠥᠭᠡᠢ

ᠰᠡᠳᠭᠢᠯ ᠤᠨ ᠵᠠᠢ ᠶᠢ ᠳᠤᠪᠳᠤᠯᠤᠨ

ᠭᠡᠵᠢᠶ᠎ᠡ ᠴᠤ ᠡᠷᠢᠭ᠍ᠳᠡᠭᠦ

ᠬᠠᠢ᠌ᠯᠭᠠᠨ ᠳᠤᠭᠳᠤᠯᠤᠯ ᠶᠢᠡᠷ ᠪᠠᠳᠠᠷᠠᠬᠤ


ᠡᠩᠭᠦᠷᠡᠢ᠌ᠭᠡᠨ ᠠᠯᠠᠭ᠎ᠠ

ᠬᠠᠴᠠᠷ ᠪᠢᠳᠡᠭᠦᠯᠤᠨ ᠥᠨᠦᠰᠭᠦ

ᠡᠯᠢᠭᠡᠨ ᠳᠤ ᠪᠠᠨ ᠥᠮᠴᠢᠷᠭᠡᠨ

ᠵᠢᠷᠦᠭᠡᠨ ᠴᠤᠭᠢᠯᠭ᠎ᠠ ᠬᠤᠷᠳᠤᠰᠬᠠᠬᠤ

ᠬᠠᠯᠠᠭᠤᠨ ᠠᠮᠢᠰᠬᠤᠭ᠎ᠠ ᠪᠠᠷ

ᠰᠤᠷᠮᠤᠤᠰᠤ ᠴᠢᠭᠢᠭ᠍ᠳᠡᠭᠦᠯᠤᠨ ᠨᠦᠷᠢᠭᠦ

ᠬᠠᠷᠠᠬᠠᠨ ᠭᠡᠵᠢᠭᠡ

ᠴᠡᠴᠡᠭ᠌ ᠤᠨ ᠠᠩᠭᠢᠯᠤᠮ᠎ᠠ ᠪᠠᠷ ᠠᠰᠬᠠᠷᠠᠬᠤ


ᠴᠠᠭ ᠴᠠᠭ ᠵᠢᠠᠷ

ᠴᠤᠭᠢᠯᠠᠬᠤ ᠪᠠᠨ ᠮᠠᠷᠳᠠᠨ ᠨᠡᠭᠦᠭᠦ

ᠴᠠᠭᠢᠯᠳᠠᠭ ᠭᠡᠵᠢᠶ᠎ᠡ ᠴᠤ

ᠣᠯᠠᠷᠢᠯ ᠲᠡᠶ ᠦᠷᠢᠰᠤᠨ ᠭᠦᠭᠡᠷᠡᠭᠦ

ᠴᠠᠢ᠌ᠯᠭᠠᠨ ᠦᠬᠢᠨ

ᠦᠪᠡᠷ ᠢ ᠪᠠᠨ ᠮᠠᠷᠳᠠᠨ ᠳᠠᠯᠮᠠᠢ᠌ᠷᠠᠬᠤ

ᠴᠡᠩᠭᠡᠷ ᠠᠶᠠᠯᠭᠤ

ᠠᠮᠢᠳᠤ ᠵᠢᠷᠤᠭ ᠶᠢᠡᠷ ᠳᠤᠳᠤᠷᠠᠬᠤ᠁    


ᠦᠪᠡᠷ ᠤᠨ ᠰᠢᠯᠦᠭ᠌ ᠪᠠ ᠬᠠᠯᠢᠨ ᠤ ᠳᠠᠭᠤᠤ ᠶᠢ ᠨᠡᠢ᠌ᠯᠡᠭᠦᠯᠪᠡ

2011.08.25


ᠵᠤᠬᠢᠶᠠᠭᠴᠢ ᠶᠢᠨ ᠬᠠ‍‌ᠶᠢᠭ ᠄ ᠣᠯᠭᠠᠠᠬᠠᠳᠠ ᠬᠤᠳᠠ

ᠵᠤᠬᠢᠶᠠᠭᠴᠢ᠄ ᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1187
ᠴᠠᠭ᠄ 2011 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁