ᠴᠠᠬᠠᠷ ᠳᠠᠭᠢ ᠥᠭᠡᠯᠡᠳᠴᠦᠳ ᠤᠨ ᠢᠷᠠᠯᠳᠠ

ᠵᠠᠩᠭᠢᠯᠭ᠎ᠠ᠄ ᠥᠭᠡᠯᠡᠳ ᠤᠨ ᠢᠷᠠᠯᠳᠠ᠂ ᠰᠢᠯᠳᠠᠭᠠᠨ᠂ ᠴᠠᠭ ᠬᠤᠭᠤᠴᠠᠭ᠎ᠠ᠂ ᠪᠠᠢ᠌ᠷᠢᠰᠢᠯ

ᠴᠠᠬᠠᠷ ᠲᠤ ᠪᠠᠢ᠌ᠬᠤ ᠥᠭᠡᠯᠡᠳᠴᠦᠳ ᠦᠪᠡᠷᠰᠠᠤᠨ ᠢ ᠪᠠᠨ ᠥᠭᠡᠯᠡᠳ ᠤᠨ ᠥᠭᠡᠳᠡᠰᠤ᠂ ᠦᠨᠳᠦᠷ ᠮᠤᠳᠤᠨ ᠤ ᠵᠣᠢ᠌ᠳᠠᠰᠤ ᠭᠡᠯᠴᠡᠳᠡᠭ᠌᠃ ᠮᠤᠩᠭ᠋ᠤᠯ ᠬᠠᠭᠠᠠᠳᠤ ᠲᠦᠷᠦ ᠶᠢᠨ ᠮᠥᠭᠦᠯ᠂ ᠵᠡᠭᠦᠡᠭᠠᠷ ᠣᠯᠤᠰ ᠤᠨ ᠵᠠᠳᠠᠷᠠᠯ ᠢ ᠳᠠᠭᠠᠯᠳᠤᠨ ᠴᠠᠬᠠᠷ ᠪᠠ ᠥᠭᠡᠯᠡᠳ ᠤᠷᠢᠳ ᠬᠤᠵᠢᠳ ᠮᠠᠠᠵᠤ ᠶᠢᠨ ᠬᠠᠷᠭᠢᠰ ᠨᠤᠶᠠᠷᠬᠠᠯ ᠳᠤᠤᠷ᠎ᠠ ᠣᠷᠤᠵᠤ ᠳᠠᠷᠤᠩᠭ᠋ᠣᠢ᠌ᠯᠠᠨ ᠭᠢᠳᠤᠬᠤ᠂ ᠪᠣᠳᠠᠷᠭᠠᠨ ᠰᠠᠯᠭᠠᠬᠤ᠂ ᠴᠦᠯᠠᠨ ᠵᠠᠢ᠌ᠯᠠᠭᠤᠯᠬᠤ ᠬᠤᠪᠢ ᠳᠠᠪᠢᠯᠠᠩ ᠳᠤ ᠣᠴᠠᠷᠠᠭᠰᠠᠨ ᠶᠤᠮ᠃

17 ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠪᠠᠷ ᠣᠢ᠌ᠷᠠᠤᠨ ᠤᠨ ᠭᠠᠯᠳᠠᠨ ᠪᠣᠱᠤᠭᠳᠤ ᠬᠠᠭᠠᠨ᠂ ᠵᠡᠭᠦᠨᠭᠠᠷ ᠬᠠᠭᠠᠠᠳᠤ ᠣᠯᠤᠰ ᠤᠨ ᠨᠢᠭᠡᠳᠦᠯ ᠢ ᠬᠠᠮᠠᠭᠠᠯᠠᠬᠤ ᠪᠠ ᠵᠢᠴᠢ ᠮᠤᠩᠭ᠋ᠤᠯ ᠤᠨ ᠶᠡᠭᠡ ᠨᠢᠭᠡᠳᠦᠯ ᠢ ᠪᠠᠶᠡᠯᠡᠭᠦᠯᠭᠦ ᠭᠡᠮᠡᠨ ᠮᠠᠠᠵᠤ ᠶᠢᠨ ᠡᠰᠡᠷᠭᠦ ᠴᠡᠷᠢᠭ᠍ᠯᠡᠵᠦ ᠳᠠᠢ᠌ᠨ ᠭᠢᠪᠠ᠃ ᠭᠠᠯᠳᠠᠠᠳᠤᠷᠵᠢ ᠵᠥᠪᠭᠡᠨ ᠬᠠᠯᠬ᠎ᠠ ᠶᠢᠨ ᠲᠦᠰᠢᠶᠠᠳᠤ ᠬᠠᠨ ᠤ ᠨᠤᠳᠤᠭ ᠲᠤ ᠴᠡᠷᠢᠭ᠌ ᠣᠷᠤᠵᠤ ᠠᠬ᠎ᠠ ᠶᠢᠨ ᠶᠢᠡᠨ ᠦᠰᠢᠶ᠎ᠠ ᠶᠢ ᠯᠠ ᠠᠪᠬᠤ ᠭᠡᠰᠡᠨ ᠳᠠᠳᠤᠢ ᠪᠢᠰᠢ᠂ ᠬᠠᠷᠢᠨ ᠮᠠᠠᠵᠤ ᠶᠢᠨ ᠬᠠᠭᠠᠨ ᠶᠢᠡᠷ ᠳᠤᠯᠤᠭᠠᠢ᠌ᠯᠠᠭᠤᠯᠤᠭᠰᠠᠨ ᠬᠠᠷᠢ ᠦᠨᠳᠦᠰᠦᠳᠠᠨ ᠤ ᠳᠦᠷᠢᠮᠡᠭᠡᠢ᠌ᠯᠡᠭ᠍ᠴᠢᠳ ᠤᠨ ᠬᠠᠳᠠᠭᠤ ᠵᠥᠭᠡᠯᠡᠨ ᠳᠤᠪᠳᠤᠯᠭᠠᠨ ᠤ ᠡᠮᠦᠨ᠎ᠡ ᠨᠢᠭᠡ ᠨᠢᠭᠡ ᠪᠠᠷ ᠶᠢᠡᠨ ᠦᠨᠳᠦᠰᠦᠳᠡᠨ ᠶᠢᠡᠨ ᠬᠤᠳᠠᠯᠳᠤᠵᠤ ᠪᠠᠢ᠌ᠭ᠎ᠠ ᠳᠡᠳᠡᠭᠡᠷ ᠮᠤᠩᠭ᠋ᠤᠯ ᠤᠨ ᠰᠢᠭᠠᠷᠠᠤ ᠨᠤᠭᠤᠳ ᠢ ᠴᠠᠪᠠᠷᠯᠠᠨ ᠪᠦᠭᠦ ᠮᠤᠩᠭ᠋ᠤᠯ ᠦᠨᠳᠦᠰᠦᠳᠠᠨ ᠶᠢᠡᠨ ᠬᠠᠷᠢ ᠶᠢᠨ ᠳᠠᠷᠤᠯᠠᠯ ᠮᠦᠯᠵᠢᠯ ᠡᠴᠡ ᠴᠢᠯᠦᠭᠡᠯᠡᠭᠦ᠂ ᠳᠠᠭᠢᠨ ᠨᠢᠭᠡᠳᠦᠭᠡᠭᠦ ᠠᠯᠤᠰ ᠤᠨ ᠵᠤᠷᠢᠯᠳᠠ ᠳᠠᠯᠪᠢᠭᠰᠠᠨ ᠣᠴᠢᠷ ᠰᠢᠳᠤᠷᠭᠤ ᠶᠤᠰᠤᠨ ᠤ ᠳᠠᠢ᠌ᠨ ᠶᠤᠮ᠃ ᠡᠩᠭᠡ ᠠᠮᠤᠭᠤᠯᠠᠩ ᠤᠨ 16 ᠳ᠋ᠤᠭᠠᠷ ᠣᠨ ᠤ ᠵᠤᠨ ᠭᠠᠯᠳᠠᠨ ᠪᠣᠱᠤᠭᠳᠤ ᠬᠠᠯᠬ᠎ᠠ ᠶᠢᠨ ᠰᠠᠴᠠᠨ ᠬᠠᠨ ᠠᠢ᠌ᠮᠠᠭ ᠲᠤ ᠳᠤᠷᠰᠢᠯᠳᠠ ᠶᠢᠨ ᠴᠢᠨᠠᠷ ᠲᠡᠶ ᠴᠡᠷᠢᠭ᠌ ᠣᠷᠤᠭᠤᠯᠵᠤ ᠥᠵᠡᠭ᠍ᠰᠡᠨ ᠪᠣᠯᠪᠠᠴᠤ ᠶᠡᠭᠡ ᠭᠡᠪᠴᠢᠶᠡᠨ ᠤ ᠳᠤᠪᠳᠤᠯᠭᠠᠨ ᠭᠢᠭ᠍ᠰᠡᠨ ᠦᠭᠡᠶ᠃ ᠮᠠᠠᠵᠤ ᠶᠢᠨ ᠬᠠᠭᠠᠨ ᠲᠦᠷᠦ ᠲᠡᠶ ᠡᠪᠯᠡᠷᠡᠵᠤ ᠪᠠᠢ᠌ᠭ᠎ᠠ ᠪᠠᠨ ᠢᠯᠡᠳᠭᠡᠵᠤ ᠵᠢᠯ ᠵᠢᠯ ᠪᠠᠭᠡᠵᠢᠩ ᠣᠷᠤᠵᠤ ᠠᠯᠪᠠ ᠳᠤᠰᠢᠶᠠᠳᠠᠭ ᠪᠠᠢ᠌ᠵᠠᠢ᠃ ᠬᠠᠷᠢᠨ ᠠᠯᠪᠠ ᠳᠤᠰᠢᠶᠠᠬᠤ ᠪᠠᠷ ᠪᠠᠭᠡᠵᠢᠩ ᠣᠷᠤᠬᠤ ᠭᠦᠮᠤᠨ ᠤ ᠳᠤᠭ᠎ᠠ ᠶᠢ ᠵᠢᠯ ᠵᠢᠯ ᠨᠡᠮᠡᠭ᠍ᠳᠡᠭᠦᠯᠵᠤ ᠮᠠᠠᠵᠤ ᠶᠢᠨ ᠳᠤᠳᠤᠭᠠᠳᠤ ᠪᠠᠢ᠌ᠳᠠᠯ ᠢ ᠳᠤᠷᠰᠢᠨ ᠳᠠᠩᠨᠠᠵᠤ ᠣᠢ᠌ᠯᠠᠭᠠᠬᠤ ᠠᠵᠢᠯ ᠢ ᠨᠠᠷᠢᠨ ᠨᠢᠮᠪᠠᠢ ᠭᠢᠭ᠍ᠰᠡᠨ ᠠᠵᠠᠢ᠃ ᠡᠩᠭᠡ ᠠᠮᠤᠭᠤᠯᠠᠩ ᠤᠨ ᠬᠤᠷᠢᠨ ᠳᠤᠯᠤᠳᠤᠭᠠᠷ ᠣᠨ ᠤ ᠵᠤᠨ ᠭᠠᠯᠳᠠᠨ ᠪᠣᠱᠤᠭᠳᠤ ᠶᠢᠨ ᠶᠡᠭᠡ ᠴᠡᠷᠢᠭ᠌ ᠬᠠᠯᠬ᠎ᠠ ᠶᠢ ᠦᠨᠳᠦᠰᠦᠨ ᠳᠡᠭᠡᠨ ᠡᠷᠭᠡᠰᠢᠶᠡᠵᠤ ᠳᠠᠠᠳᠠ ᠡᠴᠡ ᠴᠡᠷᠢᠭ᠌ ᠮᠤᠷᠢ ᠪᠠᠨ ᠦᠷᠭᠡᠳᠭᠡᠨ ᠭᠦᠴᠤᠨ ᠶᠢᠡᠨ ᠰᠠᠯᠪᠢᠵᠤ ᠡᠩᠭᠡ ᠠᠮᠤᠭᠤᠯᠠᠩ ᠤᠨ ᠬᠤᠷᠢ ᠶ‍ᠢᠰᠦᠳᠦᠭᠡᠷ ᠣᠨ ᠤ ᠵᠤᠨ ᠤ ᠳᠤᠯᠤᠭᠠᠨ ᠰᠠᠷ᠎ᠠ ᠳᠤ ᠦᠵᠦᠮᠤᠴᠢᠨ ᠨᠤᠳᠤᠭ ᠲᠤ ᠳᠦᠷᠢᠨ ᠣᠷᠤᠵᠤ ᠢᠷᠡᠭᠡᠳ ᠦᠵᠦᠮᠤᠴᠢᠨ ᠤ ᠴᠡᠩᠭᠡᠨ ᠳᠠᠢ᠌ᠵᠢ ᠵᠡᠷᠭᠡ ᠣᠷᠤᠨ ᠨᠤᠳᠤᠭ ᠤᠨ ᠭᠦᠮᠦᠰ ᠤᠨ ᠭᠦᠴᠦᠳᠡᠢ ᠳᠡᠮᠵᠢᠯᠭᠡ ᠶᠢ ᠣᠯᠵᠠᠢ᠃ ᠭᠠᠯᠳᠠᠨ ᠤ ᠦᠵᠦᠮᠤᠴᠢᠨ ᠳᠤ ᠣᠷᠤᠵᠤ ᠢᠷᠡᠭ᠍ᠰᠡᠨ ᠴᠢᠮᠡᠭᠡ ᠪᠠᠷ ᠡᠩᠭᠡ ᠠᠮᠤᠭᠤᠯᠠᠩ ᠬᠠᠭᠠᠨ᠂ ᠢᠤᠢ ᠴᠢᠩ ᠸᠠᠩ ᠹᠤ᠋ ᠴᠢᠤᠸᠠᠨ ᠶᠢᠡᠷ ᠵᠢᠯᠤᠭᠤᠳᠤᠭᠤᠯᠤᠭᠰᠠᠨ ᠶᠡᠭᠡ ᠴᠡᠷᠢᠭ᠌ ᠢ ᠮᠤᠯᠳᠤᠰᠢ ᠬᠠᠭᠠᠯᠭ᠎ᠠ ᠪᠠᠷ ᠣᠮᠠᠷᠠᠰᠢ ᠳᠤᠰᠤᠭᠤᠯᠵᠤ ᠭᠦᠩ ᠴᠢᠨ ᠸᠠᠩ ᠴᠠᠩ ᠨᠢᠨ ᠶᠢᠡᠷ ᠵᠢᠯᠤᠭᠤᠳᠤᠭᠤᠯᠤᠭᠰᠠᠨ ᠶᠡᠭᠡ ᠴᠡᠷᠢᠭ᠌ ᠪᠠᠶᠠᠰᠬᠤᠯᠠᠩᠳᠤ ᠬᠠᠭᠠᠯᠭ᠎ᠠ ᠪᠠᠷ ᠳᠤᠰᠤᠭᠤᠯᠤᠨ ᠭᠠᠷᠭᠠᠵᠠᠢ᠃ ᠬᠤᠶᠠᠷ ᠳᠠᠯ᠎ᠠ ᠶᠢᠨ ᠶᠡᠭᠡ ᠴᠡᠷᠢᠭ᠌ ᠴᠠᠬᠠᠷ ᠵᠡᠭᠦᠨ ᠭᠠᠷ ᠤᠨ ᠰᠢᠯᠤᠭᠤᠨ ᠭᠦᠭᠡ ᠬᠤᠰᠢᠭᠤᠨ ᠤ ᠵᠡᠭᠦᠨ ᠵᠠᠬ᠎ᠠ ᠡᠴᠡ ᠬᠤᠯᠠ ᠪᠣᠰᠤ ᠪᠠᠢ᠌ᠭ᠎ᠠ ᠣᠯᠠᠭᠠᠨ ᠪᠤᠲᠤᠩ ᠭᠡᠮᠡᠭᠦ ᠭᠠᠵᠠᠷ ᠰᠢᠢᠳᠪᠣᠷᠢᠳᠤ ᠳᠠᠢ᠌ᠯᠠᠯᠳᠤᠭᠠᠨ ᠭᠢᠭ᠍ᠰᠡᠨ ᠪᠠᠢ᠌ᠯ᠎ᠠ᠃ ᠭᠡᠳᠤᠨ ᠠᠷᠪᠠ ᠳᠠᠭᠢᠨ ᠶᠡᠭᠡ ᠴᠡᠷᠢᠭ᠌ ᠤᠨ ᠪᠦᠰᠡᠯᠡᠯᠳᠡ ᠳᠤᠤᠷ᠎ᠠ ᠭᠠᠯᠳᠠᠨ ᠪᠣᠱᠤᠭᠳᠤ᠂ ᠭᠦᠴᠤᠨ ᠶᠢᠡᠨ ᠳᠦᠪᠯᠡᠷᠡᠭᠦᠯᠤᠨ ᠨᠢᠭᠡ ᠨᠢᠭᠡ ᠪᠠᠷ ᠨᠢ ᠣᠰᠠᠳᠬᠠᠬᠤ ᠠᠮᠢᠳᠤᠯᠢᠭ ᠠᠷᠭ᠎ᠠ ᠪᠣᠳᠤᠯᠭ᠎ᠠ ᠠᠪᠴᠤ ᠢᠯᠠᠯᠳᠠᠳᠠᠢ ᠪᠠᠷ ᠡᠭᠢᠯᠡᠨ ᠪᠠᠢ᠌ᠯᠳᠤᠭᠰᠠᠨ ᠪᠣᠯᠪᠠᠴᠤ ᠶᠡᠭᠡ ᠴᠡᠷᠢᠭ᠌ ᠤᠨ ᠳᠠᠷᠤᠯᠳᠠ ᠳᠤᠤᠷ᠎ᠠ ᠠᠷᠭ᠎ᠠ ᠪᠣᠰᠤ ᠣᠬᠤᠷᠢᠯᠳᠠ ᠭᠢᠵᠠᠢ᠃ ᠮᠠᠠᠵᠤ ᠭᠢᠳᠠᠤᠨ ᠮᠤᠩᠭ᠋ᠤᠯ ᠤᠨ ᠬᠤᠯᠪᠣᠭᠠᠳᠤ ᠴᠡᠷᠢᠭ᠌᠂ ᠥᠭᠡᠯᠡᠳᠴᠦᠳ ᠤᠨ ᠴᠡᠷᠢᠭ᠌ ᠢ ᠰᠠᠯᠤᠯ ᠦᠭᠡᠶ ᠨᠡᠭᠡᠮᠵᠢᠯᠡᠨ ᠭᠢᠳᠤᠵᠤ ᠰᠢᠯᠤᠭᠤᠨ ᠭᠦᠭᠡ ᠬᠤᠰᠢᠭᠤᠨ ᠤ ᠵᠡᠭᠦᠨ ᠵᠠᠬ᠎ᠠ ᠶᠢᠨ ᠬᠤᠯᠠᠨ ᠰᠢᠷᠭ᠎ᠠ ᠳᠠᠭᠢ ᠶᠢᠨ ᠡᠯᠡᠰᠤ ᠮᠠᠩᠬᠠᠨ ᠤ ᠭᠦᠨ ᠳᠤ ᠣᠷᠤᠵᠤ ᠢᠷᠠᠪᠠ᠃ ᠭᠠᠯᠳᠠᠨ ᠪᠣᠱᠤᠭᠳᠤ ᠶᠢᠨ ᠬᠠᠩᠬᠠᠯ ᠭᠡᠮᠡᠭ᠍ᠴᠢ ᠪᠠᠭᠠᠳᠤᠷ ᠵᠠᠩᠵᠤᠨ ᠶᠡᠭᠡ ᠴᠡᠷᠢᠭ᠌ ᠶᠢᠡᠨ ᠶᠠᠪᠣᠭᠤᠯᠤᠨ ᠦᠪᠡᠷ ᠶᠢᠡᠨ ᠴᠥᠭᠡᠨ ᠳᠤᠭᠠᠨ ᠤ ᠰᠢᠳᠠᠷ ᠴᠡᠷᠢᠭ᠌ ᠲᠡᠶ ᠪᠠᠨ ᠬᠤᠴᠤᠷᠤᠨ ᠮᠠᠠᠵᠤ ᠶᠢᠨ ᠴᠡᠷᠢᠭ᠌ ᠢ ᠬᠤᠷᠢᠭᠯᠠᠨ ᠪᠠᠢ᠌ᠯᠳᠤᠭᠰᠠᠭᠠᠷ ᠳᠠᠯ᠎ᠠ ᠶᠢᠨ ᠡᠭᠢᠨ ᠳ᠋ᠠᠭᠢ ᠦᠨᠳᠦᠷ ᠮᠠᠩᠬᠠᠨ ᠳᠡᠭᠡᠷ᠎ᠡ ᠪᠠᠭᠠᠳᠤᠷᠯᠢᠭ ᠶᠢᠡᠷ ᠪᠠᠶ᠎ᠠ ᠥᠷᠡᠭ᠍ᠳᠡᠪᠡ᠃ ᠬᠤᠵᠢᠮ ᠨᠢ ᠥᠭᠡᠯᠡᠳᠴᠦᠳ᠂ ᠳᠡᠷᠡᠭᠦ ᠦᠨᠳᠦᠷ ᠮᠠᠩᠬᠠᠨ ᠳᠡᠭᠡᠷ᠎ᠡ ᠣᠪᠣᠭ᠎ᠠ ᠪᠣᠰᠬᠠᠵᠤ ᠬᠠᠩᠬᠠᠯ ᠣᠪᠣᠭ᠎ᠠ ᠭᠡᠮᠡᠨ ᠡᠷᠭᠦᠮᠵᠢᠯᠡᠨ ᠨᠠᠷᠠᠢ᠌ᠤᠩᠰᠠᠨ ᠶᠤᠮ᠃ ᠣᠳᠤ ᠰᠢᠯᠤᠭᠤᠨ ᠭᠦᠭᠡ ᠬᠤᠰᠢᠭᠤᠨ ᠤ ᠬᠠᠩᠬᠠᠯ ᠰᠤᠮᠤ ᠮᠦᠨ ᠪᠠᠭᠠᠳᠤᠷ ᠤᠨ ᠨᠠᠷ᠎ᠠ ᠪᠠᠷ ᠬᠠᠩᠬᠠᠯ ᠭᠡᠵᠤ ᠨᠡᠷᠡᠢ᠌ᠳᠦᠭ᠍ᠰᠡᠭᠡᠷ ᠪᠢᠯᠠ᠃ ᠳᠡᠭᠡᠷ᠎ᠡ ᠵᠠᠭᠤᠨ ᠤ ᠶᠡᠷᠡᠭᠡᠳ ᠣᠨ ᠤ ᠦᠶᠡᠰ ᠥᠭᠡᠯᠡᠳ ᠴᠡᠷᠢᠭ᠌ ᠤᠨ ᠪᠠᠷᠠᠭᠤᠠᠰᠢ ᠣᠬᠤᠷᠢᠭᠰᠠᠨ ᠣᠯᠠ ᠮᠦᠷ ᠢ ᠳᠠᠭᠠᠵᠤ ᠬᠠᠩᠬᠠᠯ ᠡᠴᠡ ᠵᠡᠭᠦᠡᠰᠢ ᠳᠦᠴᠢ ᠭᠠᠷᠤᠢ ᠭᠠᠵᠠᠷ ᠤᠨ ᠵᠠᠢ ᠳᠤ ᠪᠠᠢ᠌ᠬᠤ ᠪᠣᠬ᠎ᠠ ᠶᠢᠨ ᠬᠤᠭᠤᠯᠠᠢ ᠶᠢᠨ ᠵᠡᠭᠦᠨ ᠰᠤᠭᠤ᠂ ᠰᠤᠠᠳᠤᠭᠤᠢ ᠳᠠᠯ᠎ᠠ ᠳᠤ ᠢᠯᠡᠷᠡᠭ᠍ᠰᠡᠨ ᠴᠡᠷᠢᠭ᠌ ᠮᠤᠷᠢᠨ ᠤ ᠡᠩᠨᠡᠷᠡᠭ᠍ᠰᠡᠨ ᠴᠢᠠᠳᠠᠷ ᠶᠠᠰᠤ᠂ ᠳᠤᠭᠤᠯᠠᠭ᠎ᠠ᠂ ᠭᠢᠳᠤᠭ᠎ᠠ ᠰᠠᠯᠠᠮ᠎ᠠ᠂ ᠰᠢᠷᠠᠮᠤᠨ ᠳᠤᠭᠤᠭ᠎ᠠ᠂ ᠵᠠᠰᠠᠯ ᠵᠢᠮᠰᠡᠭ᠌ ᠤᠨ ᠰᠢᠷᠤ ᠰᠤᠪᠣᠤᠨ ᠢ ᠨᠤᠳᠤᠭ ᠤᠨ ᠭᠦᠮᠦᠰ ᠥᠭᠡᠯᠡᠳ ᠴᠡᠷᠢᠭ᠌ ᠤᠨ ᠱᠠᠷᠢᠯ ᠪᠣᠯᠤᠯᠳᠠᠢ ᠭᠡᠵᠤ ᠬᠠᠭᠤᠴᠢᠯᠠᠳᠠᠭ ᠰᠠᠨ᠃ ᠮᠦᠨ ᠳᠠᠷᠠ ᠬᠠᠪᠢ ᠡᠴᠡ ᠣᠯᠳᠠᠭᠰᠠᠨ ᠠᠯᠳᠠᠨ ᠠᠶᠠᠭ᠎ᠠ ᠡᠳᠦᠭᠡ ᠦᠪᠣᠷ ᠮᠤᠩᠭ᠋ᠤᠯ ᠤᠨ ᠮᠦᠽᠸᠢ ᠳᠤ ᠳᠡᠯᠭᠡᠭ᠍ᠳᠡᠵᠤ ᠪᠣᠢ᠃ ᠬᠠᠩᠬᠠᠯ ᠡᠴᠡ ᠪᠠᠷᠠᠭᠤᠠᠰᠢ ᠳᠠᠯᠠ ᠭᠠᠷᠤᠢ ᠭᠠᠵᠠᠷ ᠤᠨ ᠵᠠᠢ ᠳᠤ ᠪᠠᠶᠠᠠᠮᠠᠠᠳᠤ ᠶᠢᠨ ᠳᠠᠯ᠎ᠠ᠂ ᠪᠠᠶᠠᠠᠮᠠᠠᠳᠤ ᠶᠢᠨ ᠣᠪᠣᠭ᠎ᠠ ᠪᠣᠢ᠂ ᠮᠦᠨ ᠭᠠᠯᠳᠠᠨ ᠪᠣᠱᠤᠭᠳᠤ ᠶᠢᠨ ᠳᠤᠤᠷᠠᠭᠢ ᠪᠠᠭᠠᠳᠤᠷ ᠵᠠᠩᠵᠤᠨ ᠪᠠᠶᠠᠠᠮᠠᠠᠳᠤ ᠭᠡᠮᠡᠭᠦ ᠭᠦᠮᠤᠨ ᠡᠨᠡᠭᠦ ᠳᠠᠯ᠎ᠠ ᠶᠢᠨ ᠡᠭᠢᠨ ᠳ᠋ᠠᠭᠢ ᠳᠤᠪᠣ ᠳᠡᠭᠡᠷ᠎ᠡ ᠮᠠᠠᠵᠤ ᠶᠢᠨ ᠴᠡᠷᠢᠭ᠌ ᠢ ᠬᠤᠷᠢᠭᠯᠠᠨ ᠴᠤᠭᠢᠭᠰᠠᠭᠠᠷ ᠪᠠᠶ᠎ᠠ ᠥᠷᠡᠭ᠍ᠳᠡᠭ᠍ᠰᠡᠨ ᠪᠠᠢ᠌ᠵᠠᠢ᠃ ᠬᠤᠵᠢᠮ ᠤᠨ ᠭᠦᠮᠦᠰ ᠳᠡᠷᠡᠭᠦ ᠳᠤᠪᠣ ᠳᠡᠭᠡᠷ᠎ᠡ ᠣᠪᠣᠭ᠎ᠠ ᠪᠣᠰᠬᠠᠨ ᠪᠠᠶᠠᠠᠮᠠᠠᠳᠤ ᠶᠢᠨ ᠣᠪᠣᠭ᠎ᠠ ᠭᠡᠮᠡᠨ ᠭᠦᠡᠳᠦᠳᠭᠡᠨ ᠨᠡᠷᠡᠯᠡᠭ᠍ᠰᠡᠨ ᠶᠤᠮ᠃ ᠣᠳᠤ ᠡᠨᠡᠭᠦ ᠳᠠᠯ᠎ᠠ ᠶᠢ ᠪᠠᠶᠠᠠᠮᠠᠠᠳᠤ ᠶᠢᠨ ᠳᠠᠯ᠎ᠠ ᠭᠡᠳᠡᠭ᠌᠂ ᠪᠠᠶᠠᠠᠮᠠᠠᠳᠤ ᠭᠠᠴᠠᠭ᠎ᠠ ᠡ᠊ᠨᠳᠡ ᠨᠤᠳᠤᠭᠰᠢᠵᠤ ᠪᠠᠢ᠌ᠨ᠎ᠠ᠃ ᠪᠠᠶᠠᠠᠮᠠᠠᠳᠤ ᠡᠴᠡ ᠪᠠᠷᠠᠭᠤᠠᠰᠢ ᠳᠦᠴᠢ ᠭᠠᠷᠤᠢ ᠭᠠᠵᠠᠷ ᠤᠨ ᠵᠠᠢ ᠳᠤ ᠪᠠᠢ᠌ᠬᠤ ᠬᠠᠯᠢᠮᠤᠨ ᠭᠡᠳᠡᠭ᠌ ᠦᠨᠳᠦᠷ ᠴᠠᠭᠠᠨ ᠮᠠᠩᠬᠠᠨ ᠳᠡᠭᠡᠷ᠎ᠡ ᠬᠠᠩᠬᠠᠯ ᠪᠠᠭᠠᠳᠤᠷ ᠤᠨ ᠳᠡᠭᠦᠤ ᠬᠠᠯᠢᠮᠤᠨ ᠵᠠᠩᠵᠤᠨ ᠠᠮᠢ ᠥᠷᠡᠭ᠍ᠳᠡᠭ᠍ᠰᠡᠨ ᠠᠵᠢ᠃ ᠮᠤᠩᠭ᠋ᠤᠯ ᠦᠨᠳᠦᠰᠦᠳᠠᠨ ᠤ ᠳᠤᠰᠠᠭᠠᠷ ᠳᠤᠭᠳᠠᠨᠢᠯ ᠤᠨ ᠳᠦᠯᠦᠭᠡ ᠠᠯᠳᠠᠨ ᠠᠮᠢ ᠪᠠᠨ ᠡᠷᠭᠦᠵᠤ ᠠᠷᠢᠭᠤᠨ ᠴᠢᠰᠤ ᠪᠠᠨ ᠣᠷᠤᠰᠬᠠᠵᠤ ᠶᠠᠪᠣᠭᠰᠠᠨ ᠥᠭᠡᠯᠡᠳ ᠴᠡᠷᠢᠭ᠌ ᠡᠷᠡᠰ ᠤᠨ ᠳᠡᠦᠭᠡᠨ ᠣᠯᠠ ᠮᠦᠷ ᠣᠳᠤ ᠬᠤᠯᠠᠨ ᠰᠢᠷᠭ᠎ᠠ ᠳᠠᠭᠢ ᠶᠢᠨ ᠡᠯᠡᠰᠤ ᠮᠠᠩᠬᠠᠨ ᠳᠤ ᠨᠤᠳᠤᠭ ᠣᠰᠤᠨ ᠤ ᠨᠠᠷ᠎ᠠ ᠪᠣᠯᠤᠨ ᠳᠤᠷᠠᠰᠤᠬᠠᠭᠳᠠᠭᠰᠠᠨ ᠢ ᠳᠡᠮᠳᠡᠭᠯᠡᠭᠦ ᠳᠤ ᠣᠮᠤᠭᠰᠢᠭᠤᠰᠢᠳᠠᠢ ᠪᠠᠢ᠌ᠨ᠎ᠠ᠃ ᠳᠠᠳᠠ ᠮᠤᠩᠭ᠋ᠤᠯᠴᠤᠳ ᠤᠨ ᠵᠢᠷᠦᠭᠡᠨ ᠳᠤ ᠮᠥᠩᠭᠡ ᠠᠮᠢᠳᠤᠷᠠᠭᠰᠠᠭᠠᠷ ᠪᠠᠢ᠌ᠭ᠎ᠠ ᠶᠤᠮ᠃ ᠪᠠᠷᠠᠭᠤᠨ ᠵᠠᠮ ᠶᠢᠡᠷ ᠣᠬᠤᠷᠢᠵᠤ ᠪᠠᠢ᠌ᠭᠰᠠᠨ ᠭᠠᠯᠳᠠᠨ ᠪᠣᠱᠤᠭᠳᠤ ᠶᠢᠨ ᠭᠡᠰᠡᠭ᠌ ᠴᠡᠷᠢᠭ᠌᠂ ᠴᠠᠬᠠᠷ ᠭᠦᠪᠠᠭᠡᠳᠤ ᠴᠠᠭᠠᠨ ᠬᠤᠰᠢᠭᠤᠨ ᠤ ᠪᠣᠯᠭᠠᠠᠳᠤᠬᠤᠢ ᠨᠤᠳᠤᠭ ᠲᠤ ᠮᠠᠠᠵᠤ ᠶᠢᠨ ᠨᠡᠭᠡᠭᠦᠯ ᠴᠡᠷᠢᠭ᠌ ᠲᠡᠶ ᠵᠢᠭᠤᠷᠠᠯᠳᠤᠨ ᠪᠠᠢ᠌ᠯᠳᠤᠵᠤ ᠭᠠᠩ ᠰᠤᠮᠤᠨ ᠤ ᠰᠢᠭᠤᠷᠭᠠᠨ ᠳᠤᠮᠳᠠᠭᠤᠷ ᠭᠠᠯᠵᠠᠭᠤ ᠳᠠᠢ᠌ᠰᠤᠨ ᠤ ᠣᠯᠠᠢ᠌ᠷᠠᠭᠰᠠᠨ ᠳᠠᠭᠠᠷᠢᠯᠳᠠ ᠶᠢ ᠣᠯᠠᠨ ᠣᠳᠠᠭ᠎ᠠ ᠴᠤᠭᠢᠨ ᠣᠬᠤᠷᠢᠭᠤᠯᠵᠤ ᠶᠡᠭᠡ ᠴᠡᠷᠢᠭ᠌ ᠠᠮᠵᠢᠯᠳᠠ ᠲᠡᠶ ᠪᠦᠰᠡᠯᠡᠯᠳᠡ ᠶᠢ ᠰᠢᠪᠳᠤᠯᠤᠨ ᠭᠠᠷᠤᠭᠰᠠᠨ ᠪᠠᠢ᠌ᠪᠠ᠃ ᠡᠨᠡᠭᠦ ᠪᠠᠢ᠌ᠯᠳᠤᠭᠠᠨ ᠳᠤ ᠪᠠᠶᠠᠠᠮᠠᠠᠳᠤ ᠶᠢᠨ ᠠᠬ᠎ᠠ ᠪᠠᠶᠡᠡᠳᠦᠭᠦᠷᠡᠩ ᠵᠢᠭᠰᠠᠭᠠᠯ ᠤᠨ ᠡᠮᠦᠨ᠎ᠡ ᠡ᠊ᠨᠳᠡᠭ᠍ᠳᠡᠭ᠍ᠰᠡᠨ ᠪᠣᠶᠤ᠃ ᠬᠤᠵᠢᠮ ᠨᠢ ᠪᠣᠯᠭᠠᠠᠳᠤᠬᠤᠢ ᠶᠢᠨ ᠵᠡᠭᠦᠨ ᠳᠠᠠᠵᠢ ᠶᠢ ᠪᠠᠶᠡᠡᠳᠦᠭᠦᠷᠡᠩ ᠭᠡᠵᠤ ᠨᠡᠷᠡᠯᠡᠭ᠍ᠰᠡᠨ ᠶᠤᠮ᠃ ᠳᠠᠠᠵᠢ ᠶᠢᠨ ᠠᠷᠤ ᠳ᠋ᠠᠭᠢ ᠰᠢᠷᠡᠭᠡ ᠰᠢᠯᠢ ᠳᠡᠭᠡᠷ᠎ᠡ ᠪᠠᠶ᠎ᠠ ᠥᠷᠡᠭ᠍ᠳᠡᠭ᠍ᠰᠡᠨ ᠪᠠᠭᠠᠳᠤᠷᠤᠳ ᠤᠨ ᠴᠢᠠᠳᠠᠷ ᠢ ᠣᠷᠤᠰᠢᠭᠤᠯᠤᠭᠰᠠᠨ ᠣᠴᠢᠷ ᠪᠣᠩᠬᠤᠨ ᠰᠢᠷᠡᠭᠡ ᠭᠡᠮᠡᠨ ᠨᠡᠷᠡᠯᠡᠭ᠍ᠰᠡᠨ ᠪᠢᠯᠠ᠃ ᠴᠢᠩ ᠣᠯᠤᠰ ᠤᠨ ᠦᠶ᠎ᠡ ᠳᠤ ᠡ᠊ᠨᠳᠡ ᠪᠠᠷᠢᠭᠰᠠᠨ ᠰᠦᠮ᠎ᠡ ᠶᠢ ᠮᠠᠯᠴᠢᠳ ᠪᠠᠶᠡᠡᠳᠦᠭᠦᠷᠡᠩ ᠤᠨ ᠰᠦᠮ᠎ᠡ ᠭᠡᠳᠡᠭ᠌᠃ ᠭᠠᠯᠳᠠᠨ ᠪᠣᠱᠤᠭᠳᠤ ᠳᠤ ᠳᠤᠰᠠᠯᠠᠯᠴᠠᠨ ᠴᠡᠷᠢᠭ᠌ ᠤᠨ ᠠᠷᠤ ᠳᠠᠯ᠎ᠠ ᠶᠢᠨ ᠬᠠᠩᠭ᠋ᠠᠯᠭ᠎ᠠ ᠶᠢ ᠭᠦᠢᠴᠡᠳᠭᠡᠵᠤ ᠪᠠᠢ᠌ᠭᠰᠠᠨ ᠵᠠᠨᠠᠳᠠᠷ᠎ᠠ ᠬᠠᠳᠤᠨ ᠬᠤᠯᠠᠨ ᠰᠢᠷᠭ᠎ᠠ ᠳᠠᠭᠢ ᠶᠢᠨ ᠡᠯᠡᠰᠤ ᠮᠠᠩᠬᠠᠨ ᠤ ᠭᠦᠨ ᠳ᠋ᠠᠭᠢ ᠭᠦᠨ ᠪᠦᠷᠢᠳᠤᠨ ᠤ ᠵᠡᠭᠦᠨ ᠡᠮᠦᠨ᠎ᠡ ᠳᠠᠯ᠎ᠠ ᠳᠡᠭᠡᠷ᠎ᠡ ᠠᠷᠪᠠᠨ ᠨᠢᠭᠡᠨ ᠢᠠᠵᠢ ᠵᠠᠷᠤᠴᠠ ᠲᠡᠶ ᠪᠠᠨ ᠪᠦᠰᠡᠯᠡᠭ᠍ᠳᠡᠵᠤ ᠪᠠᠷᠢᠭᠳᠠᠵᠠᠢ᠃ ᠮᠠᠠᠵᠤ ᠴᠡᠷᠢᠭ᠌ ᠤᠨ ᠨᠤᠶᠠᠨ ᠡᠨᠡᠭᠦ ᠠᠷᠪᠠᠨ ᠬᠤᠶᠠᠷ ᠪᠦᠰᠡᠭᠦᠢ ᠶᠢ ᠨᠢᠭᠡ ᠮᠦᠷ ᠶᠢᠡᠷ ᠵᠤᠭᠰᠤᠭᠠᠭᠠᠤᠨ ᠬᠤᠯᠠᠭᠠᠢ ᠭᠠᠯᠳᠠᠨ ᠤ ᠪᠠᠷᠭᠡᠨ ᠵᠠᠨᠠᠳᠠᠷ᠎ᠠ ᠣᠷᠤᠭᠰᠢ ᠪᠠᠨ ᠭᠤᠷᠪᠠ ᠠᠯᠬᠤ︕ ᠭᠡᠮᠡᠨ ᠵᠠᠷᠯᠢᠭᠳᠠᠪᠠ᠃ ᠮᠠᠠᠵᠤ ᠶᠢᠨ ᠴᠡᠷᠢᠭ᠌ ᠵᠠᠨᠠᠳᠠᠷ᠎ᠠ ᠬᠠᠳᠤᠨ ᠢ ᠳᠠᠨᠢᠬᠤ ᠦᠭᠡᠶ ᠳᠤᠯᠠ ᠡᠢ᠌ᠮᠤ ᠠᠷᠭ᠎ᠠ ᠪᠠᠷ ᠣᠯᠵᠤ ᠪᠠᠷᠢᠬᠤ ᠭᠡᠰᠡᠨ ᠪᠠᠢ᠌ᠵᠠᠢ᠃ ᠬᠤᠷᠴᠠ ᠰᠡᠷᠭᠦᠯᠡᠩ᠂ ᠠᠷᠭ᠎ᠠ ᠰᠦᠰᠦ ᠬᠤᠤᠰᠯᠠᠭᠰᠠᠨ ᠠᠷᠪᠠᠨ ᠨᠢᠭᠡᠨ ᠢᠠᠵᠢ ᠠᠪᠠᠬᠠᠢ ᠨᠡᠷ ᠳᠠᠢ᠌ᠰᠤᠨ ᠤ ᠡᠨᠡᠭᠦ ᠵᠢᠰᠤᠷ ᠮᠡᠭᠡ ᠶᠢ ᠨᠠᠪᠳᠠ ᠦᠵᠡᠨ ᠭᠠᠷᠴᠤ ᠵᠠᠨᠠᠳᠠᠷ᠎ᠠ ᠬᠠᠳᠤᠨ ᠲᠡᠶ ᠨᠢᠭᠡᠨ ᠵᠡᠷᠭᠡ ᠪᠠᠷ ᠣᠷᠤᠭᠰᠢ ᠭᠤᠷᠪᠠ ᠠᠯᠬᠤᠪᠠ᠃ ᠮᠠᠠᠵᠤ ᠨᠤᠶᠠᠨ ᠭᠤᠷᠪᠠᠠᠳᠠ ᠵᠠᠷᠯᠢᠭᠳᠠᠵᠤ ᠣᠷᠤᠭᠰᠢ ᠠᠯᠬᠤᠭᠤᠯᠤᠭᠰᠠᠨ ᠪᠣᠯᠪᠠᠴᠤ ᠢᠯᠭᠠᠭᠤᠷᠢ ᠭᠠᠷᠤᠭᠰᠠᠨ ᠦᠭᠡᠶ᠂ ᠡᠴᠦᠰ ᠲᠤ ᠠᠭᠤᠷ ᠣᠮᠤᠭ ᠪᠠᠳᠠᠷᠠᠵᠤ ᠮᠦᠷ ᠤᠨ ᠬᠠᠮᠤᠭ ᠪᠠᠷᠠᠭᠤᠨ ᠵᠠᠬ᠎ᠠ ᠳᠤ ᠵᠤᠭᠰᠤᠵᠤ ᠪᠠᠢ᠌ᠭ᠎ᠠ ᠭᠡᠵᠢᠭᠡ ᠦᠰᠦ ᠨᠢ ᠰᠠ‍‌ᠶᠢ ᠪᠣᠭᠤᠷᠤᠯ ᠣᠷᠤᠵᠤ ᠶᠠᠪᠣᠭ᠎ᠠ ᠠᠪᠠᠬᠠᠢ ᠶᠢ ᠴᠢᠷᠴᠤ ᠭᠠᠷᠭᠠᠭᠠᠤᠨ᠄ ᠴᠢ ᠵᠠᠨᠠᠳᠠᠷ᠎ᠠ ᠬᠠᠳᠤᠨ ᠮᠦᠨ ᠪᠠᠢ᠌ᠬ᠎ᠠ︕ ᠭᠡᠪᠡ᠃ ᠳᠡᠷᠡᠭᠦ ᠪᠣᠭᠤᠷᠤᠯ ᠠᠪᠠᠬᠠᠢ ᠠᠵᠢᠭ ᠴᠤ ᠦᠭᠡᠶ ᠪᠠᠷ ᠪᠢ ᠵᠠᠨᠠᠳᠠᠷ᠎ᠠ ᠮᠦᠨ︕ ᠳᠠ ᠨᠡᠷ ᠨᠠᠮᠢ᠋ᠢ ᠠᠯᠠᠵᠤ ᠪᠣᠯᠤᠨ᠎ᠠ᠂ ᠶᠠᠯᠠᠯᠠᠵᠤ ᠪᠣᠯᠤᠨ᠎ᠠ᠂ ᠬᠠᠷᠢᠨ ᠳᠠᠭᠠᠵᠤ ᠶᠠᠪᠣᠭ᠎ᠠ ᠡᠨᠡᠭᠦ ᠠᠷᠪᠠᠨ ᠨᠢᠭᠡᠨ ᠢᠠᠵᠢ ᠵᠠᠷᠤᠴᠠ ᠳᠤ ᠶᠠᠯ᠎ᠠ ᠪᠠᠢ᠌ᠬᠤ ᠦᠭᠡᠶ᠂ ᠳᠠᠳᠠᠨ ᠢ ᠭᠢᠮᠤᠰᠤᠨ ᠳᠠᠳᠤᠢ ᠴᠤ ᠬᠤᠤᠷᠯᠠᠵᠤ ᠪᠣᠯᠬᠤ ᠦᠭᠡᠶ ᠭᠡᠪᠡ᠃ ᠵᠠᠨᠠᠳᠠᠷ᠎ᠠ ᠬᠠᠳᠤᠨ ᠭᠠᠷᠴᠠᠭ᠎ᠠ ᠦᠭᠡᠶ ᠮᠦᠨ ᠪᠣᠯᠤᠯ᠎ᠠ ᠭᠡᠵᠤ ᠪᠠᠳᠤ ᠢᠳᠡᠭᠡᠭ᠍ᠰᠡᠨ ᠮᠠᠠᠵᠤ ᠨᠤᠶᠠᠨ᠂ ᠪᠣᠭᠤᠷᠤᠯ ᠠᠪᠠᠬᠠᠢ ᠶᠢ ᠴᠠᠪᠴᠢᠨ ᠬᠤᠷᠤᠭᠠᠵᠠᠢ᠃ ᠵᠠᠨᠠᠳᠠᠷ᠎ᠠ ᠬᠠᠳᠤᠨ ᠤ ᠠᠮᠢᠨ ᠳᠤ ᠣᠷᠤᠵᠤ ᠡᠷᠯᠡᠭᠡᠭ᠌ ᠪᠠᠭᠠᠳᠤᠷᠯᠢᠭ ᠶᠢᠡᠷ ᠨᠠᠰᠤ ᠨᠥᠭ᠍ᠴᠢᠭ᠍ᠰᠡᠨ ᠳᠡᠷᠡᠭᠦ ᠠᠪᠠᠬᠠᠢ ᠶᠢ ᠭᠦᠮᠦᠰ ᠳᠤᠷᠠᠰᠬᠠᠵᠤ ᠴᠠᠪᠴᠢᠭᠳᠠᠨ ᠣᠨᠠᠭᠰᠠᠨ ᠳᠠᠷᠠ ᠳᠠᠯ᠎ᠠ ᠶᠢ ᠪᠣᠭᠤᠷᠤᠯ ᠤᠨ ᠳᠠᠯ᠎ᠠ᠂ ᠣᠷᠤᠰᠢᠭᠤᠯᠤᠭᠰᠠᠨ ᠳᠤᠪᠣ ᠶᠢ ᠪᠣᠭᠤᠷᠤᠯ ᠤᠨ ᠳᠤᠱᠢ ᠭᠡᠮᠡᠨ ᠭᠦᠡᠳᠦᠳᠭᠡᠨ ᠨᠡᠷᠡᠯᠡᠭ᠍ᠰᠡᠨ ᠠᠵᠢ᠃ ᠮᠠᠠᠵᠤ ᠶᠢᠨ ᠵᠠᠰᠠᠭ ᠡᠴᠡ ᠳᠠᠢ᠌ᠨ ᠤ ᠳᠤᠮᠳᠠ ᠣᠯᠵᠠᠯᠠᠨ ᠪᠠᠭᠤᠯᠭᠠᠵᠤ ᠠᠪᠣᠭᠰᠠᠨ ᠵᠠᠨᠠᠳᠠᠷ᠎ᠠ ᠬᠠᠳᠤᠨ ᠪᠣᠯᠤᠨ ᠳᠡᠭᠦᠨ ᠢ ᠳᠠᠭᠠᠵᠤ ᠪᠠᠢ᠌ᠭᠰᠠᠨ ᠭᠤᠷᠪᠠᠨ ᠵᠠᠢ᠌ᠰᠠᠩ ᠤᠨ ᠬᠠᠷᠢᠶᠠᠳᠤ ᠠᠢ᠌ᠯ ᠡᠷᠦᠭᠡ ᠴᠡᠷᠢᠭ᠌ ᠢᠷᠭᠡᠳ ᠢ ᠰᠢᠯᠤᠭᠤᠨ ᠭᠦᠭᠡ ᠬᠤᠰᠢᠭᠤᠨ ᠳᠤ ᠬᠠᠷᠢᠶᠠᠯᠠᠭᠤᠯᠤᠨ ᠬᠤᠯᠠᠨ ᠰᠢᠷᠭ᠎ᠠ ᠳᠠᠭᠢ ᠶᠢᠨ ᠡᠯᠡᠰᠤ ᠮᠠᠩᠬᠠᠨ ᠳᠤ ᠥᠭᠡᠯᠡᠳ ᠶ‍ᠢᠰᠤ᠂ ᠠᠷᠪᠠ᠂ ᠠᠷᠪᠠᠨ ᠨᠢᠭᠡ ᠭᠤᠷᠪᠠᠨ ᠰᠤᠮᠤ ᠬᠤᠪᠢᠶᠠᠨ ᠨᠤᠳᠤᠭᠯᠠᠭᠤᠯᠵᠠᠢ᠃ ᠥᠭᠡᠯᠡᠳᠴᠦᠳ᠂ ᠵᠠᠨᠠᠳᠠᠷ᠎ᠠ ᠬᠠᠳᠤᠨ ᠶᠢᠡᠨ ᠬᠤᠶᠠᠭᠳᠤ ᠶᠢᠨ ᠭᠤᠤᠯ ᠡᠴᠡ ᠪᠠᠷᠠᠭᠤᠨ ᠡᠮᠦᠨᠡᠰᠢ ᠪᠠᠢ᠌ᠬᠤ ᠳᠦᠭᠦᠷᠢᠭ᠌ ᠳᠠᠯ᠎ᠠ ᠶᠢᠨ ᠵᠡᠭᠦᠨ ᠳᠤᠤᠷᠠᠭᠢ ᠪᠠᠯᠠᠷ ᠶᠡᠭᠡ ᠣᠢ ᠰᠢᠭᠤᠢ ᠳᠤᠳᠤᠷ᠎ᠠ ᠳᠤᠮᠤ ᠮᠤᠩᠭ᠋ᠤᠯ ᠭᠡᠷ ᠪᠠᠷᠢᠭᠠᠤᠨ ᠨᠢᠭᠤᠯᠭᠠᠨ ᠰᠠᠭᠤᠯᠭᠠᠭᠰᠠᠨ ᠪᠠᠢ᠌ᠯ᠎ᠠ᠃ ᠳᠡᠷᠡᠭᠦ ᠳᠤᠮᠤ ᠮᠤᠩᠭ᠋ᠤᠯ ᠭᠡᠷ ᠢ ᠳᠤᠭᠤᠰᠬ᠎ᠠ ᠪᠠᠷ ᠬᠠᠰᠢᠶᠠᠯᠠᠭᠰᠠᠨ ᠮᠸᠲ᠋ᠷ ᠢᠯᠡᠭᠦᠤ ᠦᠨᠳᠦᠷ ᠰᠢᠷᠤᠢ ᠶᠢᠨ ᠳᠠᠪᠴᠠᠩ ᠳᠡᠭᠡᠷ᠎ᠡ ᠪᠠᠷᠢᠭᠰᠠᠨ ᠪᠠᠢ᠌ᠵᠠᠢ᠃ ᠣᠳᠤ ᠳᠤᠭᠤᠰᠬ᠎ᠠ ᠨᠢ ᠪᠣᠳᠠᠷᠠᠨ ᠠᠯᠠᠭ᠎ᠠ ᠪᠣᠯᠵᠤ ᠰᠢᠷᠤᠢ ᠶᠢᠨ ᠳᠠᠪᠴᠠᠩ ᠨᠢ ᠪᠣᠷᠤ ᠪᠣᠯᠤᠨ ᠦᠯᠠᠳᠠᠵᠠᠢ᠃ ᠡᠨᠡᠭᠦ ᠮᠤᠩᠭ᠋ᠤᠯ ᠭᠡᠷ ᠤᠨ ᠪᠠᠭᠤᠴᠠ ᠡᠴᠡ ᠵᠡᠭᠦᠨ ᠬᠣᠢ᠌ᠰᠢ ᠨᠢᠭᠡ ᠭᠠᠵᠠᠷ ᠤᠨ ᠵᠠᠢ ᠳᠤ ᠵᠠᠨᠠᠳᠠᠷ᠎ᠠ ᠬᠠᠳᠤᠨ ᠤ ᠣᠨᠠᠭ᠎ᠠ ᠶᠢᠨ ᠭᠤᠤ ᠪᠣᠢ᠃ ᠥᠭᠡᠯᠡᠳᠴᠦᠳ ᠵᠢᠵᠢᠭ᠍‍ᠬᠡᠨ ᠳᠠᠯ᠎ᠠ ᠳᠡᠭᠡᠷ᠎ᠡ ᠣᠨᠠᠭ᠎ᠠ ᠵᠠᠯᠠᠯᠠᠨ ᠭᠡᠭᠦᠤ ᠪᠠᠷᠢᠵᠤ ᠴᠡᠭᠡ ᠢᠰᠭᠡᠭᠡᠳ ᠵᠠᠨᠠᠳᠠᠷ᠎ᠠ ᠬᠠᠳᠤᠨ ᠳᠤ ᠭᠦᠷᠭᠡᠳᠡᠭ᠌ ᠠᠵᠢ᠃ ᠵᠠᠨᠠᠳᠠᠷ᠎ᠠ ᠬᠠᠳᠤᠨ ᠢᠯᠠ ᠭᠠᠷᠴᠤ ᠢᠷᠡᠭᠡᠳ ᠬᠠᠮᠤᠭ ᠳᠦᠷᠦᠭᠦᠤ ᠴᠠᠢ᠌ᠳᠠᠮ ᠤᠨ ᠡᠮᠦᠨ᠎ᠡ ᠭᠦᠯ ᠳᠤ ᠨᠤᠳᠤᠭᠯᠠᠭᠰᠠᠨ ᠣᠴᠢᠷ ᠬᠠᠳᠤᠨ ᠨᠤᠳᠤᠭ ᠭᠡᠳᠡᠭ᠌ ᠰᠠᠢ᠌ᠬᠠᠨ ᠨᠠᠷ᠎ᠠ ᠥᠯᠡᠳᠡᠭ᠍ᠰᠡᠨ ᠪᠢᠯᠠ᠃ ᠬᠤᠵᠢᠮ ᠨᠢ ᠮᠠᠯ ᠰᠥᠷᠦᠭ᠌ ᠨᠢ ᠦᠰᠴᠦ ᠦᠨᠢᠷᠵᠢᠨ᠂ ᠠᠢ᠌ᠯ ᠭᠡᠷ ᠨᠢ ᠥᠭᠡᠳᠡᠯᠡᠵᠤ ᠡᠮᠦᠨᠡᠰᠢ ᠨᠤᠳᠤᠭ ᠰᠡᠯᠭᠦᠨ ᠨᠡᠭᠦᠳᠡᠯᠯᠡᠵᠤ ᠱᠥᠭᠦᠷᠭᠡᠨᠳᠡᠢ ᠶᠢᠨ ᠳᠠᠯ᠎ᠠ ᠶᠢᠨ ᠪᠠᠷᠠᠭᠤᠨ ᠭᠦᠪᠠᠭᠡ ᠳ᠋ᠠᠭᠢ ᠦᠨᠳᠦᠷ ᠴᠠᠭᠠᠨ ᠮᠠᠩᠬ᠎ᠠ ᠶᠢᠨ ᠡᠩᠭᠡᠷ ᠲᠤ ᠰᠠᠭᠤᠷᠢᠰᠢᠵᠠᠢ᠃ ᠡᠨᠡᠭᠦ ᠬᠠᠢ᠌ᠯᠠᠰᠤᠨ ᠣᠢ ᠪᠠᠭᠯᠠᠷᠠᠵᠤ ᠪᠣᠷᠭᠠᠰᠤᠨ ᠰᠢᠭᠤᠢ ᠪᠢᠳᠡᠭᠦᠷᠡᠨ ᠣᠷᠭᠤᠭᠰᠠᠨ ᠡᠩᠭᠡᠷ ᠨᠤᠳᠤᠭ ᠤᠨ ᠠᠭᠤᠳᠠᠮ ᠳᠠᠯ᠎ᠠ ᠳᠤ ᠭᠦᠭᠡ ᠳᠤᠭᠤᠰᠬ᠎ᠠ ᠪᠠᠷ ᠬᠠᠪᠢᠷᠭᠠᠯᠠᠨ ᠵᠢᠷᠢᠭᠯᠡᠭ᠍ᠰᠡᠨ ᠮᠤᠩᠭ᠋ᠤᠯ ᠭᠡᠷ ᠤᠨ ᠪᠠᠭᠤᠴᠠ ᠬᠤᠷᠢᠨ ᠭᠡᠳᠤ ᠪᠠᠢ᠌ᠭᠰᠠᠨ ᠭᠡᠵᠤ ᠨᠤᠳᠤᠭ ᠤᠨ ᠪᠣᠭᠤᠷᠤᠯᠴᠤᠳ ᠬᠠᠭᠤᠴᠢᠯᠠᠨ᠎ᠠ᠃ ᠣᠳᠤᠭᠢ ᠥᠷᠭᠦᠭᠡ ᠴᠠᠭᠠᠨ ᠮᠠᠩᠬ᠎ᠠ ᠭᠡᠮᠡᠭᠦ ᠨᠠᠷ᠎ᠠ ᠶᠢᠨ ᠢᠷᠠᠯ ᠨᠢ ᠥᠷᠭᠦᠭᠡ ᠨᠤᠳᠤᠭ ᠡᠴᠡ ᠢᠷᠠᠯᠳᠠ ᠲᠡᠶ ᠪᠢᠯᠠ᠃ ᠵᠠᠨᠠᠳᠠᠷ᠎ᠠ ᠬᠠᠳᠤᠨ ᠡᠨᠡ ᠨᠤᠳᠤᠭ ᠳᠡᠭᠡᠷ᠎ᠡ ᠪᠠᠨ ᠬᠠᠯᠢᠵᠠᠢ᠃ ᠥᠷᠭᠦᠭᠡ ᠨᠤᠳᠤᠭ ᠡᠴᠡ ᠪᠠᠷᠠᠭᠤᠨ ᠬᠣᠢ᠌ᠰᠢ ᠳᠦᠷᠪᠡᠨ ᠭᠠᠵᠠᠷ ᠤᠨ ᠵᠠᠢ᠌ᠳᠠᠢ ᠪᠣᠷᠭᠠᠰᠤᠳᠤ ᠬᠤᠭᠤᠯᠠᠢ ᠶᠢᠨ ᠭᠦᠯ ᠤᠨ ᠪᠢᠴᠢᠬᠠᠨ ᠪᠣᠷᠤ ᠳᠤᠱᠢ ᠳᠡᠭᠡᠷ᠎ᠡ ᠬᠠᠳᠤᠨ ᠤ ᠱᠠᠷᠢᠯ ᠢ ᠪᠣᠩᠬᠤᠯᠠᠵᠤ ᠣᠪᠣᠭ᠎ᠠ ᠪᠣᠰᠬᠠᠵᠠᠢ᠃ ᠵᠢᠯ ᠵᠢᠯ ᠤᠨ ᠪᠢᠯᠢᠭ᠌ ᠤᠨ ᠳᠤᠯᠤᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠥᠭᠡᠯᠡᠳᠴᠦᠳ ᠣᠪᠣᠭ᠎ᠠ ᠪᠠᠨ ᠳᠠᠭᠢᠨ ᠪᠦᠭᠡ ᠪᠠᠷᠢᠯᠳᠤᠵᠤ ᠮᠤᠷᠢ ᠣᠷᠤᠯᠳᠤᠨ ᠬᠠᠳᠤᠨ ᠡᠭᠡ ᠶᠢᠨ ᠱᠠᠷᠢᠯ ᠳᠤ ᠰᠠᠴᠤᠯᠢ ᠡᠷᠭᠦᠵᠤ ᠮᠥᠷᠭᠦᠳᠡᠭ᠌ ᠰᠠᠨ᠃ ᠪᠠᠰᠠ ᠣᠪᠣᠭᠠᠨ ᠤ ᠡᠮᠦᠨᠡᠭᠢ ᠠᠷᠤ ᠳᠠᠭᠠᠨ ᠠᠩᠭ᠋ᠠᠷᠬᠠᠢ ᠲᠡᠶ ᠪᠣᠷᠤ ᠮᠠᠩᠬ᠎ᠠ ᠶᠢᠨ ᠠᠮᠠ ᠶᠢ ᠮᠠᠩᠭ᠋ᠤᠰ ᠤᠨ ᠠᠮᠠ ᠭᠡᠮᠡᠨ ᠳᠠᠯᠤ ᠳᠦᠷᠪᠡᠨ ᠦᠨᠳᠦᠷ ᠶᠢᠡᠷ ᠳᠠᠭᠢᠳᠠᠭ ᠪᠠᠢ᠌ᠯ᠎ᠠ᠃ ᠵᠠᠨᠠᠳᠠᠷ᠎ᠠ ᠬᠠᠳᠤᠨ ᠠᠮᠢᠳᠤ ᠰᠡᠷᠢᠭᠦᠨ ᠪᠠᠢ᠌ᠬᠤ ᠳᠠᠭᠠᠨ ᠳᠤᠤᠷᠠᠭᠢ ᠭᠡᠳᠤᠨ ᠵᠠᠢ᠌ᠰᠠᠩ ᠪᠠ ᠬᠠᠷᠢᠶᠠᠳᠤ ᠥᠭᠡᠯᠡᠳᠴᠦᠳ ᠲᠡᠶ ᠪᠠᠨ ᠨᠠᠳᠠᠢ ᠶᠢᠨ ᠰᠦᠮ᠎ᠡ ᠶᠢ ᠪᠠᠢ᠌ᠭᠤᠯᠤᠭᠠᠤᠨ ᠳᠠᠯᠠᠢ ᠯᠠᠮᠠ ᠡᠴᠡ ᠭᠠᠯᠳᠠᠨ ᠳᠤ ᠬᠠᠢ᠌ᠷᠠᠯᠠᠭᠰᠠᠨ ᡀᠠᠮᠤᠤ᠂ ᠭᠤᠮᠪᠣ ᠬᠤᠶᠠᠷ ᠪᠣᠷᠬᠠᠨ ᠢ ᠳᠠᠭᠢᠵᠤ ᠪᠠᠢ᠌ᠵᠠᠢ᠃ ᠬᠤᠵᠢᠮ ᠨᠢ ᠥᠭᠡᠯᠡᠳ ᠤᠨ ᠨᠤᠶᠠᠤᠨ ᠦᠪᠡᠷ ᠵᠠᠭᠤᠷ᠎ᠠ ᠪᠠᠨ ᠡᠪᠳᠡᠷᠡᠯᠴᠡᠨ ᠭᠤᠮᠪᠣ ᠶᠢ ᠬᠤᠶᠠᠭᠳᠤ ᠶᠢᠨ ᠰᠦᠮ᠎ᠡ ᠳᠤ ᠳᠠᠭᠢᠵᠤ ᡀᠠᠮᠤᠤ ᠪᠣᠷᠬᠠᠨ ᠢ ᠨᠠᠳᠠᠢ ᠶᠢᠨ ᠰᠦᠮ᠎ᠡ ᠳᠤ ᠳᠠᠭᠢᠵᠤ᠂ ᠣᠤᠯ ᠤᠨ ᠨᠠᠳᠠᠢ ᠶᠢᠨ ᠰᠦᠮ᠎ᠡ ᠶᠢᠨ ᠣᠩᠰᠢᠯᠭ᠎ᠠ ᠳᠠᠭᠢᠯᠭ᠎ᠠ ᠶᠢᠨ ᠡᠳ᠋ᠯᠡᠯ ᠭᠡᠷᠡᠭ᠍ᠰᠡᠯ ᠬᠤᠤᠰ ᠪᠦᠭᠦᠨ ᠢ ᠥᠷᠦᠭᠡᠰᠦᠯᠡᠨ ᠰᠠᠯᠭᠠᠵᠤ ᠬᠤᠶᠠᠷ ᠰᠦᠮ᠎ᠡ ᠳᠤ ᠬᠤᠪᠢᠶᠠᠭᠰᠠᠨ ᠶᠤᠮ᠃ ᠳᠡᠭᠡᠷ᠎ᠡ ᠵᠠᠭᠤᠨ ᠤ ᠭᠤᠴᠢᠭᠠᠤᠨ ᠣᠨ ᠤ ᠦᠶ᠎ᠡ ᠳᠤ ᠥᠭᠡᠯᠡᠳᠴᠦᠳ ᠶᠠᠷᠢᠯᠴᠠᠨ ᠨᠠᠳᠠᠢ ᠬᠤᠶᠠᠭᠳᠤ ᠬᠤᠶᠠᠷ ᠰᠦᠮ᠎ᠡ ᠶᠢᠨ ᠡᠳ᠋ᠯᠡᠯ ᠢ ᠳᠠᠭᠢᠨ ᠬᠤᠤᠰᠯᠠᠭᠤᠯᠤᠨ ᠠᠪᠴᠤ ᠬᠤᠪᠢᠶᠠᠰᠤᠭᠠᠢ ᠭᠡᠮᠡᠭ᠍ᠰᠡᠨ ᠳᠤ ᠥᠭᠡᠯᠡᠳ ᠶ‍ᠢᠰᠦᠳᠦᠭᠡᠷ ᠰᠤᠮᠤᠨ ᠤ ᠵᠠᠩᠭᠢ ᡀᠠᠮᠦᠰᠥᠷᠦᠡᠭ᠌ ᠡᠨᠡ ᠪᠣᠯ ᠪᠢᠳᠠᠨ ᠤ ᠵᠦᠷᠢᠴᠡᠯ ᠲᠡᠶ ᠪᠠᠢ᠌ᠭᠰᠠᠨ ᠤ ᠭᠡᠷᠡᠴᠢ᠃ ᠬᠤᠤᠰᠯᠠᠭᠤᠯᠪᠠᠯ ᠵᠥᠷᠢᠴᠡᠯᠳᠦᠭ᠍ᠰᠡᠨ ᠳᠡᠦᠭᠡ ᠪᠠᠨ ᠮᠠᠷᠳᠠᠬᠤ ᠳᠤ ᠭᠦᠷᠦᠨ᠎ᠡ ᠭᠡᠳ ᠳ᠋ᠦᠢᠵᠤ ᠬᠤᠤᠰ ᠪᠣᠯᠭᠠᠬᠤ ᠶᠢ ᠵᠥᠪᠰᠢᠶᠡᠷᠡᠭ᠍ᠰᠡᠨ ᠦᠭᠡᠶ ᠭᠡᠳᠡᠭ᠌᠃ ᠥᠭᠡᠯᠡᠳ ᠤᠨ ᠥᠭᠡᠳᠡᠰᠤ᠂ ᠥᠭᠡᠳᠡᠩ ᠳᠤᠷᠭᠠᠨ ᠤ ᠳᠠᠰᠤᠷᠬᠠᠢ ᠭᠡᠮᠡᠨ ᠮᠤᠩᠭ᠋ᠤᠯ ᠤᠨ ᠳᠤᠰᠠᠭᠠᠷ ᠳᠤᠭᠳᠠᠨᠢᠯ᠂ ᠡᠪ ᠨᠢᠭᠡᠳᠦᠯ ᠤᠨ ᠳᠦᠯᠦᠭᠡ ᠠᠷᠢᠭᠤᠨ ᠴᠢᠰᠤ ᠪᠠᠨ ᠠᠰᠬᠠᠷᠠᠭᠤᠯᠵᠤ ᠠᠯᠳᠠᠨ ᠠᠮᠢ ᠪᠠᠨ ᠥᠷᠡᠭ᠍ᠳᠡᠭᠦᠯᠤᠨ ᠪᠠᠢ᠌ᠯᠳᠤᠵᠤ ᠳᠠᠮᠠᠴᠡᠵᠤ ᠶᠠᠪᠣᠭᠰᠠᠨ ᠭᠠᠯᠳᠠᠨ ᠪᠣᠱᠤᠭᠳᠤ ᠶᠢᠨ ᠪᠠᠭᠠᠳᠤᠷᠯᠢᠭ ᠣᠢ᠌ᠯᠠᠰ ᠮᠤᠩᠭ᠋ᠤᠯᠴᠤᠳ ᠤᠨ ᠵᠢᠷᠦᠭᠡᠨ ᠳᠤ ᠮᠥᠩᠭᠡᠷᠡᠵᠤ ᠮᠤᠩᠭ᠋ᠤᠯ ᠤᠨ ᠳᠡᠦᠭᠡᠨ ᠳᠤ ᠭᠦᠰᠢᠶ᠎ᠡ ᠪᠣᠯᠤᠨ ᠭᠡᠷᠡᠯᠳᠦᠭᠦ ᠶᠤᠮ᠂ ᠮᠤᠩᠭ᠋ᠤᠯ ᠨᠤᠳᠤᠭ ᠤᠨ ᠶᠢᠡᠨ ᠠᠭᠤᠯᠠ ᠣᠰᠤ ᠲᠡᠶ ᠬᠠᠮᠳᠤ ᠮᠥᠩᠭᠡ ᠳᠤᠷᠠᠰᠤᠭᠳᠠᠬᠤ ᠶᠤᠮ᠃ ᠬᠤᠯᠠᠨ ᠰᠢᠷᠭ᠎ᠠ ᠳᠠᠭᠢ ᠶᠢᠨ ᠡᠯᠡᠰᠤ ᠮᠠᠩᠬᠠᠨ ᠤ ᠳᠤᠮᠳᠠ ᠬᠠᠪᠢ ᠳ᠋ᠡᠭᠢ ᠳᠤᠶᠤᠨ ᠬᠠᠢ᠌ᠷᠬᠠᠨ ᠪᠣᠯ ᠳᠡᠦᠭᠡ ᠳᠤᠷᠠᠰᠬᠠᠯ ᠣᠯᠠᠨ ᠲᠡᠶ ᠭᠠᠵᠠᠷ᠃ ᠳᠡᠭᠦᠨ ᠤ ᠵᠡᠭᠦᠨ ᠰᠤᠭᠤ ᠳᠤ ᠶᠡᠭᠡ ᠭᠦᠳᠦᠭᠦᠷ ᠭᠡᠮᠡᠭᠦ ᠭᠦᠭᠡ ᠳᠤᠪᠣ ᠪᠣᠢ᠃ ᠳᠡᠭᠦᠨ ᠤ ᠠᠷᠤ ᠳᠤᠤᠷ᠎ᠠ ᠭᠠᠯᠳᠠᠨ ᠪᠣᠱᠤᠭᠳᠤ ᠶᠢᠨ 18 ᠪᠠᠭᠠᠳᠤᠷ ᠢ ᠣᠷᠤᠰᠢᠭᠤᠯᠵᠤ ᠶᠡᠭᠡ ᠳᠤᠶᠤᠨ ᠬᠠᠢ᠌ᠷᠬᠠᠨ ᠳᠡᠭᠡᠷ᠎ᠡ ᠰᠠᠴᠤᠯᠢ ᠡᠷᠭᠦᠨ ᠰᠠᠩ ᠳᠠᠯᠪᠢᠵᠤ ᠳᠤᠶᠤᠨ ᠰᠢᠳᠠᠭᠠᠭᠰᠠᠨ ᠭᠡᠳᠡᠭ᠌ ᠬᠠᠭᠤᠴᠢ ᠶᠠᠷᠢᠶ᠎ᠠ ᠣᠯᠠᠮᠵᠢᠯᠠᠨ ᠳᠡᠯᠭᠡᠷᠡᠵᠤ ᠪᠠᠢ᠌ᠳᠠᠭ᠃ ᠡᠯᠡᠰᠤ ᠮᠠᠩᠬᠠᠨ ᠤ ᠨᠡᠭᠦᠳᠡᠯ ᠢ ᠳᠠᠭᠠᠯᠳᠤᠨ ᠭᠦᠳᠦᠭᠦᠷ ᠤᠨ ᠠᠷᠤ ᠳᠤᠤᠷ᠎ᠠ ᠡᠴᠡ ᠬᠤᠶᠠᠭ ᠳᠤᠭᠤᠯᠭ᠎ᠠ᠂ ᠵᠢᠳᠠ ᠰᠠᠯᠠᠮ᠎ᠠ ᠶᠢᠨ ᠵᠣᠢ᠌ᠯ᠂ ᠰᠤᠪᠣᠤᠨ ᠱᠢᠷᠤ ᠶᠢᠨ ᠡᠷᠳᠡᠨᠢᠰ ᠢᠯᠠᠷᠠᠨ ᠭᠠᠷᠤᠭᠰᠠᠨ ᠢ ᠨᠤᠳᠤᠭ ᠤᠨ ᠭᠦᠮᠦᠰ ᠥᠭᠡᠯᠡᠳ ᠪᠠᠭᠠᠳᠤᠷᠤᠳ ᠤᠨ ᠱᠠᠷᠢᠯ ᠡᠴᠡ ᠭᠠᠷᠤᠭᠰᠠᠨ ᠭᠡᠳᠡᠭ᠌᠃ ᠰᠢᠯᠤᠭᠤᠨ ᠭᠦᠭᠡ ᠬᠤᠰᠢᠭᠤᠨ ᠳᠤ ᠥᠭᠡᠯᠡᠳ ᠰᠤᠮᠤ ᠳᠠᠪᠣ ᠪᠠᠢ᠌ᠳᠠᠭ᠃

ᠡᠩᠭᠡ ᠠᠮᠤᠭᠠᠯᠠᠩ ᠤᠨ 37 ᠳ᠋ᠤᠭᠠᠷ ᠣᠨ ᠳᠤ ᠴᠸᠮᠪᠤᠨ᠂ ᠰᠢᠷ᠎ᠠ ᠰᠸᠪᠳᠠᠩ ᠵᠡᠷᠭᠡ ᠬᠤᠶᠠᠷ ᠵᠠᠢ᠌ᠰᠠᠩ ᠶᠢᠡᠷ ᠦᠶ᠎ᠡ ᠣᠯᠠᠷᠢᠨ ᠭᠦᠭᠡᠭᠡᠭᠦ ᠰᠢᠷᠠᠬᠤ ᠵᠠᠩᠭᠢ ᠳᠠᠯᠪᠢᠨ᠂ ᠪᠠᠳᠤᠳ᠂ ᠭᠦᠷᠦᠭᠡᠴᠢᠨ᠂ ᠳᠤᠭᠮᠤᠳ᠂ ᠬᠤᠷᠠᠯᠠᠤᠨ᠂ ᠭᠠᠯᠢᠭᠠᠰ᠂ ᠬᠠᠳᠠᠨ᠂ ᠨᠢᠴᠦᠭᠦᠤᠨ᠂ ᠬᠠᠴᠠᠩᠭ᠋ᠠᠯ ᠶ‍ᠢᠰᠤᠨ ᠣᠪᠣᠭ ᠤᠨ ᠥᠭᠡᠯᠡᠳ ᠢ ᠬᠤᠶᠠᠷ ᠰᠤᠮᠤ ᠬᠤᠪᠢᠶᠠᠨ ᠰᠢᠯᠤᠭᠤᠨ ᠭᠦᠭᠡ ᠬᠤᠰᠢᠭᠤᠨ ᠤ 9᠂ 10 ᠳ᠋ᠤᠭᠠᠷ ᠰᠤᠮᠤ ᠪᠣᠯᠭᠠᠨ ᠬᠠᠷᠢᠶᠠᠯᠠᠭᠤᠯᠪᠠ᠃ ᠡᠩᠭᠡ ᠠᠮᠤᠭᠤᠯᠠᠩ ᠤᠨ 60 ᠳ᠋ᠤᠭᠠᠷ ᠣᠨ ᠳᠤ ᠥᠭᠡᠯᠡᠳ ᠤᠨ ᠭᠦᠮᠤᠨ ᠠᠮᠠ ᠨᠡᠮᠡᠭ᠍ᠳᠡᠭ᠍ᠰᠡᠨ ᠪᠠᠢ᠌ᠳᠠᠯ ᠢ ᠬᠠᠷᠠᠭᠠᠯᠵᠠᠨ ᠶᠠᠷᠤ ᠶᠢᠨ ᠰᠤᠮᠤᠨ ᠵᠠᠩᠭᠢ ᠲᠡᠶ ᠥᠭᠡᠯᠡᠳ 11 ᠳ᠋ᠤᠭᠠᠷ ᠰᠤᠮᠤ ᠶᠢ ᠪᠠᠢ᠌ᠭᠤᠯᠤᠭᠰᠠᠨ ᠶᠤᠮ᠃ ᠳᠡᠭ᠍ᠷᠢ ᠲᠡᠳᠬᠦᠭ᠍ᠴᠢ ᠶᠢᠨ 15 ᠳ᠋ᠤᠭᠠᠷ ᠣᠨ ᠳᠤ ᠥᠭᠡᠯᠡᠳ ᠤᠨ ᠰᠠᠯᠠᠷ᠂ ᠵᠡᠭᠦᠨᠭᠠᠷ ᠡᠴᠡ ᠰᠠᠯᠵᠤ ᠬᠠᠷᠢᠶᠠᠳᠤ ᠢᠷᠭᠡᠳ ᠶᠢᠡᠨ ᠠᠪᠤᠨ ᠳᠠᠭᠠᠷ᠎ᠠ ᠢᠷᠠᠭᠰᠠᠨ ᠢ ᠶᠠᠷᠤ ᠶᠢ ᠰᠤᠮᠤᠨ ᠵᠠᠩᠭᠢ ᠲᠡᠶ ᠰᠤᠮᠤ ᠪᠣᠯᠭᠠᠨ ᠵᠤᠬᠢᠶᠠᠨ ᠪᠠᠢ᠌ᠭᠤᠯᠵᠤ ᠰᠢᠯᠤᠭᠤᠨ ᠭᠦᠭᠡ ᠬᠤᠰᠢᠭᠤᠨ ᠤ 13 ᠳ᠋ᠤᠭᠠᠷ ᠰᠤᠮᠤ ᠪᠣᠯᠭᠠᠵᠤ ᠬᠠᠷᠢᠶᠠᠯᠠᠭᠤᠯᠪᠠ᠃ ᠳᠡᠭ᠍ᠷᠢ ᠲᠡᠳᠬᠦᠭ᠍ᠴᠢ ᠶᠢᠨ 19᠂ 20 ᠳ᠋ᠤᠭᠠᠷ ᠣᠨ (1754 ᠣᠨ ᠊᠊᠊᠊᠊᠊᠊᠊᠊᠊᠊᠊᠊᠊᠊᠊᠊᠊᠊᠊᠊᠊᠊᠊᠊᠊᠊᠊᠊ 1755 ᠣᠨ) ᠳᠤ ᠴᠢᠩ ᠣᠯᠤᠰ ᠤᠨ ᠴᠡᠷᠢᠭ᠌ ᠲᠤ ᠪᠠᠷᠢᠭᠳᠠᠭᠰᠠᠨ᠂ ᠣᠯᠵᠢᠯᠠᠭᠳᠠᠭᠰᠠᠨ ᠬᠤᠱᠤᠳ ᠠᠢ᠌ᠮᠠᠭ ᠤᠨ ᠨᠠᠭᠠᠴᠠ ᠳᠠᠢ᠌ᠵᠢ᠂ ᠳᠡᠭᠦᠨ ᠤ ᠦᠶᠡᠯᠢᠳ ᠠᠪᠠᠭ᠎ᠠ ᠰᠢᠪᠳᠠᠩ ᠳᠠᠢ᠌ᠵᠢ ᠶᠢᠨ ᠠᠢ᠌ᠮᠠᠭ ᠣᠯᠠᠨ ᠢ ᠴᠠᠬᠠᠷ ᠨᠢ᠋ᠮᠠᠨ ᠬᠤᠰᠢᠭᠤᠨ ᠳᠤ ᠪᠣᠳᠠᠷᠭᠠᠨ ᠰᠠᠯᠭᠠᠵᠤ ᠰᠠᠭᠤᠯᠭᠠᠬᠤ ᠦᠶᠡᠰ ᠰᠢᠯᠤᠭᠤᠨ ᠭᠦᠭᠡ ᠬᠤᠰᠢᠭᠤᠨ ᠳᠤ ᠬᠤᠪᠢᠳᠠᠭᠳᠠᠨ ᠢᠷᠡᠭ᠍ᠰᠡᠨ ᠬᠤᠱᠤᠤᠠᠴᠤᠳ ᠪᠠ ᠤᠷᠢᠳ ᠬᠤᠵᠢᠳ ᠣᠢ᠌ᠴᠠᠩ ᠴᠣᠢ᠌ᠴᠠᠩ ᠨᠡᠭᠦᠵᠤ ᠢᠷᠡᠭ᠍ᠰᠡᠨ ᠥᠭᠡᠯᠡᠳᠴᠦᠳ ᠢ ᠨᠡᠢ᠌ᠯᠡᠭᠦᠯᠤᠨ 27 ᠡᠷ᠎ᠡ ᠶᠢᠨ ᠳᠠᠩᠰᠠ ᠲᠡᠶ ᠬᠤᠩᠳᠤᠭ ᠰᠤᠮᠤ ᠵᠤᠬᠢᠶᠠᠵᠤ ᠰᠢᠯᠤᠭᠤᠨ ᠭᠦᠭᠡ ᠬᠤᠰᠢᠭᠤᠨ ᠤ 14 ᠳ᠋ᠦᠭᠡᠷ ᠥᠭᠡᠯᠡᠳ ᠰᠤᠮᠤ ᠪᠣᠯᠭᠠᠨ ᠬᠠᠷᠢᠶᠠᠯᠠᠭᠤᠯᠪᠠ᠃ ᠡᠨᠡᠭᠦ ᠰᠤᠮᠤ ᠶᠢ ᠬᠠᠷ᠎ᠠ ᠶᠠᠰᠤᠳᠠᠨ ᠭᠡᠮᠡᠨ ᠳᠤᠰ ᠰᠤᠮᠤᠨ ᠡᠴᠡ ᠨᠢ ᠨᠤᠶᠠᠨ ᠭᠠᠷᠭᠠᠬᠤ ᠦᠭᠡᠶ ᠪᠠᠢ᠌ᠵᠤ ᠴᠠᠬᠠᠷ ᠵᠢᠷᠭᠤᠭᠠᠨ ᠰᠤᠮᠤ ᠡᠴᠡ ᠵᠥᠪᠭᠡᠨ ᠭᠦᠡᠳᠤ ᠳᠤᠮᠢᠯᠠᠨ ᠵᠠᠭᠢᠷᠤᠭᠤᠯᠳᠠᠭ ᠪᠠᠢ᠌ᠵᠠᠢ᠃ ᠳᠡᠭ᠍ᠷᠢ ᠲᠡᠳᠬᠦᠭ᠍ᠴᠢ ᠶᠢᠨ 26 ᠳ᠋ᠤᠭᠠᠷ ᠣᠨ (1761 ᠣᠨ) ᠳ᠋ᠤ ᠥᠭᠡᠯᠡᠳ (ᠴᠤᠷᠤᠰ) ᠊ᠤᠨ 18 ᠳ᠋ᠤᠭᠠᠷ ᠰᠤᠮᠤ᠂ ᠰᠢᠨ᠎ᠠ ᠥᠭᠡᠯᠡᠳ 6 ᠰᠤᠮᠤ ᠶᠢᠨ ᠠᠢ᠌ᠯ ᠡᠷᠦᠭᠡ ᠶᠢ ᠴᠠᠬᠠᠷ ᠨᠢ᠋ᠮᠠᠨ ᠬᠤᠰᠢᠭᠤᠨ ᠳᠤ ᠪᠣᠳᠠᠷᠭᠠᠨ ᠬᠤᠪᠢᠳᠠᠬᠤ ᠦᠶᠡᠰ ᠰᠢᠯᠤᠭᠤᠨ ᠭᠦᠭᠡ ᠬᠤᠰᠢᠭᠤᠨ ᠳᠤ 18 ᠴᠡᠷᠢᠭ᠌ ᠡᠷ᠎ᠡ ᠶᠢᠨ ᠳᠠᠩᠰᠠ ᠲᠡᠶ ᠰᠢᠨ᠎ᠠ ᠥᠭᠡᠯᠡᠳ ᠳᠦᠪᠣ ᠰᠤᠮᠤ (ᠬᠤᠭᠤᠰ) ᠨᠡᠮᠡᠭ᠍ᠳᠡᠭ᠍ᠰᠡᠨ ᠶᠤᠮ᠃ ᠮᠦᠨ ᠴᠠᠬᠠᠷ ᠰᠤᠮᠤ ᠡᠴᠡ ᠭᠦᠡᠳᠤ ᠯᠠ ᠳᠤᠮᠢᠯᠠᠨ ᠰᠤᠮᠤ ᠶᠢ ᠵᠠᠭᠢᠷᠳᠠᠭ ᠠᠵᠢ᠃

1946 ᠳ᠋ᠤᠭᠠᠷ ᠣᠨ ᠳᠤ ᠰᠢᠯᠤᠭᠤᠨ ᠭᠦᠭᠡ ᠬᠤᠰᠢᠭᠤᠨ ᠤ 14 ᠰᠤᠮᠤ ᠪᠠᠨ ᠴᠤᠮᠬᠠᠳᠬᠠᠨ ᠨᠡᠢ᠌ᠯᠡᠭᠦᠯᠭᠦ ᠦᠶ᠎ᠡ ᠳᠤ ᠴᠠᠬᠠᠷ ᠭᠤᠷᠪᠠ᠂ ᠳᠦᠷᠪᠡ ᠰᠤᠮᠤ ᠥᠭᠡᠯᠡᠳ 13 ᠳ᠋ᠤᠭᠠᠷ ᠬᠤᠩᠳᠤᠭ ᠰᠤᠮᠤ ᠶᠢ ᠨᠡᠢ᠌ᠯᠡᠭᠦᠯᠤᠨ ᠭᠤᠷᠪᠠᠳᠤᠭᠠᠷ ᠰᠤᠮᠤ᠂ ᠥᠭᠡᠯᠡᠳ ᠶ‍ᠢᠰᠤ᠂ ᠠᠷᠪᠠ᠂ ᠠᠷᠪᠠᠨ ᠨᠢᠭᠡ᠂ ᠠᠷᠪᠠᠨ ᠳᠦᠷᠪᠡ ᠳᠦᠪᠣ ᠰᠤᠮᠤ ᠶᠢ ᠨᠡᠢ᠌ᠯᠡᠭᠦᠯᠤᠨ ᠳᠦᠷᠪᠠᠳᠦᠭᠡᠷ ᠰᠤᠮᠤ ᠪᠣᠯᠭᠠᠭᠰᠠᠨ ᠪᠢᠯᠠ᠃ 1949 ᠣᠨ ᠳᠤ 6 ᠰᠤᠮᠤ ᠪᠠᠨ ᠭᠤᠷᠪᠠᠨ ᠰᠤᠮᠤ ᠪᠣᠯᠭᠠᠨ ᠴᠤᠮᠬᠠᠳᠬᠠᠬᠤ ᠦᠶᠡᠰ ᠣᠤᠯ ᠤᠨ ᠭᠤᠷᠪᠠ᠂ ᠳᠠᠪᠣ ᠰᠤᠮᠤ ᠶᠢ ᠨᠡᠢ᠌ᠯᠡᠭᠦᠯᠤᠨ ᠬᠤᠯᠪᠣᠭᠠᠳᠤ ᠰᠤᠮᠤ ᠭᠡᠮᠡᠵᠤ 1950 ᠣᠨ ᠳᠤ ᠬᠤᠶᠠᠳᠤᠭᠠᠷ ᠰᠤᠮᠤ ᠭᠡᠪᠡ᠂ 1954 ᠣᠨ ᠳᠤ ᠭᠤᠭᠤᠰᠤᠳᠠᠢ ᠶᠢᠨ ᠭᠤᠤᠯ ᠰᠤᠮᠤ ᠨᠠᠷᠠᠯᠠᠵᠤ 1956 ᠣᠨ ᠳᠤ ᠭᠤᠭᠤᠰᠤᠳᠠᠢ ᠶᠢᠨ ᠭᠤᠤᠯ ᠰᠤᠮᠤ ᠶᠢᠨ ᠪᠠᠷᠠᠭᠤᠨ ᠭᠡᠰᠡᠭ᠌ ᠢ ᠵᠢᠭᠠᠰᠤᠳᠠᠢ ᠨᠠᠭᠤᠷ ᠰᠤᠮᠤ ᠳᠤ ᠬᠤᠪᠢᠶᠠᠨ ᠭᠠᠷᠭᠠᠵᠤ ᠵᠡᠭᠦᠨ ᠭᠡᠰᠡᠭ᠌ ᠢ ᠬᠠᠩᠬᠠᠯ ᠣᠪᠣᠭ᠎ᠠ ᠰᠤᠮᠤ ᠳᠤ ᠬᠤᠪᠢᠳᠠᠨ ᠭᠠᠷᠭᠠᠭᠠᠤᠨ ᠣᠤᠯ ᠤᠨ ᠰᠤᠮᠤᠨ ᠤ ᠪᠠᠢ᠌ᠭᠤᠯᠤᠮᠵᠢ ᠶᠢ ᠨᠢ ᠬᠠᠰᠤᠵᠠᠢ᠃ ᠳᠦᠷᠪᠡ᠂ ᠵᠢᠷᠭᠤᠭ᠎ᠠ ᠰᠤᠮᠤ ᠶᠢ ᠨᠡᠢ᠌ᠯᠡᠭᠦᠯᠤᠨ ᠬᠤᠯᠪᠣᠭᠠᠳᠤ ᠰᠤᠮᠤ ᠭᠡᠮᠡᠵᠤ 1950 ᠣᠨ ᠭᠤᠷᠪᠠᠳᠤᠭᠠᠷ ᠰᠤᠮᠤ ᠨᠠᠷᠠᠯᠠᠵᠤ 1954 ᠣᠨ ᠳᠤ ᠬᠦᠬᠡ‍ᠨᠠᠭᠤᠷ ᠰᠤᠮᠤ ᠭᠡᠮᠡᠵᠤ 1956 ᠣᠨ ᠳᠤ ᠬᠠᠩᠬᠠᠯ ᠣᠪᠣᠭ᠎ᠠ ᠰᠤᠮᠤ ᠨᠠᠷᠠᠯᠠᠵᠠᠢ᠃ ᠣᠳᠤ ᠥᠭᠡᠯᠡᠳ ᠣᠳᠤᠮ ᠤᠨ ᠠᠢ᠌ᠯ ᠡᠷᠦᠭᠡ ᠵᠢᠭᠠᠰᠤᠳᠠᠢ᠂ ᠨᠠᠷᠠᠳᠤ᠂ ᠬᠠᠩᠬᠠᠯ ᠣᠪᠣᠭ᠎ᠠ ᠨᠤᠳᠤᠭ ᠶᠢᠡᠷ ᠨᠠᠯᠢᠶᠠᠤᠨ ᠳᠦᠪᠯᠡᠷᠡᠩᠭᠦᠢ ᠨᠤᠳᠤᠭᠯᠠᠵᠤ ᠪᠣᠢ᠃

ᠰᠢᠯᠤᠭᠤᠨ ᠴᠠᠭᠠᠨ ᠬᠤᠰᠢᠭᠤᠨ ᠳᠤ ᠤᠷᠢᠳ ᠬᠤᠵᠢᠳ ᠬᠤᠯᠢᠵᠤ ᠣᠷᠤᠭᠤᠯᠤᠭᠰᠠᠨ ᠰᠢᠨ᠎ᠠ ᠬᠠᠭᠤᠴᠢᠨ ᠳᠤᠷᠭᠤᠳ ᠥᠭᠡᠯᠡᠳ ᠰᠤᠮᠤ ᠳᠦᠷᠪᠡ᠂ ᠡᠷᠦᠭᠡ ᠠᠮᠠ︖ ᠪᠣᠯᠠᠢ᠃ ᠰᠢᠯᠤᠭᠤᠨ ᠴᠠᠭᠠᠨ ᠬᠤᠰᠢᠭᠤᠨ ᠤ ᠠᠷᠪᠠᠳᠤᠭᠠᠷ ᠰᠤᠮᠤ ᠪᠣᠯ ᠥᠭᠡᠯᠡᠳ ᠰᠤᠮᠤ᠂ ᠣᠤᠯ ᠨᠢ ᠶᠡᠭᠡ ᠳᠡᠮᠡᠭᠡᠳᠤ ᠬᠠᠢ᠌ᠷᠬᠠᠨ᠂ ᠣᠯᠠᠭᠠᠨ ᠡᠷᠭᠢ᠂ ᠬᠤᠨᠢᠨ ᠰᠥᠷᠦᠭ᠌ ᠤᠨ ᠳᠠᠯ᠎ᠠ ᠶᠢᠨ ᠭᠠᠭᠴᠠ ᠮᠤᠳᠤᠨ ᠳᠠᠯ᠎ᠠ ᠪᠠᠷ ᠨᠤᠳᠤᠭᠯᠠᠵᠤ ᠪᠠᠢ᠌ᠪᠠ᠃ ᠬᠤᠵᠢᠮ ᠨᠢ ᠳᠠᠷᠢᠶᠠᠯᠠᠩ ᠳᠤ ᠰᠢᠬᠠᠭᠳᠠᠨ ᠭᠠᠵᠠᠷ ᠨᠤᠳᠤᠭ ᠶᠢᠡᠨ ᠠᠯᠳᠠᠵᠤ ᠣᠳᠤ ᠶᠢᠨ ᠦᠨᠡᠪᠠᠳᠤ ᠰᠤᠮᠤᠨ ᠤ ᠢᠩᠳᠤ᠂ ᠬᠠᠨ᠎ᠠ ᠬᠠᠳᠠ ᠶᠢᠨ ᠭᠤᠤᠯ᠂ ᠴᠢᠯᠠᠭᠤᠨ ᠣᠩᠭ᠋ᠤᠴᠠ ᠬᠠᠪᠢ ᠪᠠᠷ ᠢᠷᠠᠵᠤ ᠨᠤᠳᠤᠭᠯᠠᠵᠠᠢ᠃ ᠠᠷᠪᠠᠨ ᠨᠢᠭᠡᠳᠦᠭᠡᠷ ᠰᠤᠮᠤ ᠪᠣᠯ ᠬᠠᠭᠤᠴᠢᠨ ᠥᠭᠡᠯᠡᠳ ᠰᠤᠮᠤ᠂ ᠣᠭ ᠨᠢ ᠪᠠᠶᠠᠠᠪᠣᠯᠠᠭ ᠤᠨ ᠨᠠᠷᠠᠳᠤ᠂ ᠠᠷᠤ ᠶᠢᠨ ᠡᠪᠦᠯᠵᠢᠶ᠎ᠡ᠂ ᠭᠢᠷᠠᠰᠤ᠂ ᠬᠠᠰᠢᠶᠠᠳᠤ᠂ ᠰᠤᠷᠭᠠᠭᠤᠯᠢ ᠶᠢᠨ ᠳᠠᠷᠢᠶ᠎ᠠ ᠪᠠᠷ ᠨᠤᠳᠤᠭᠯᠠᠵᠤ ᠪᠠᠢ᠌ᠵᠠᠢ᠃ ᠬᠤᠵᠢᠮ ᠨᠢ ᠰᠢᠯᠤᠭᠤᠨ ᠰᠢᠷ᠎ᠠ ᠬᠤᠨᠢᠴᠢᠨ ᠰᠥᠷᠦᠭ᠌ ᠲᠤ ᠨᠤᠳᠤᠭ ᠶᠢᠡᠨ ᠶᠡᠭᠦᠯᠡᠵᠤ ᠦᠭ‍ᠭᠦᠭᠡᠳ ᠪᠦᠷᠳᠤ ᠨᠤᠳᠤᠭ ᠶᠢᠡᠷ ᠨᠡᠭᠦᠳᠡᠯᠯᠡᠨ ᠢᠷᠠᠵᠤ ᠰᠠᠭᠤᠵᠠᠢ᠃ ᠨᠠᠷᠠᠳᠤ ᠶᠢᠨ ᠰᠦᠮ᠎ᠡ ᠪᠣᠯ ᠳᠤᠰ ᠰᠤᠮᠤᠨ ᠤ ᠰᠦᠮ᠎ᠡ᠃ ᠠᠷᠪᠠᠨ ᠳᠦᠷᠪᠠᠳᠦᠭᠡᠷ ᠰᠤᠮᠤ ᠪᠣᠯ ᠳᠤᠷᠭᠤᠳ ᠥᠭᠡᠯᠡᠳ ᠰᠤᠮᠤ᠂ ᠣᠭ ᠨᠢ ᠬᠤᠨᠢᠴᠢᠨ ᠳᠠᠯ᠎ᠠ ᠶᠢᠨ ᠡᠷᠭᠢᠨ ᠳᠤᠭᠤᠷᠢᠨ ᠤ ᠥᠷᠭᠡᠨ ᠠᠭᠤᠳᠠᠮ ᠭᠠᠵᠠᠷ ᠨᠡᠭᠦᠳᠡᠯᠯᠡᠨ ᠮᠠᠯᠵᠢᠵᠤ ᠪᠠᠢ᠌ᠪᠠ᠃ ᠳᠤᠭᠳᠠᠮᠠᠯ ᠭᠦᠮᠤᠨ ᠠᠮᠠ ᠨᠢ 70 ᠴᠡᠷᠢᠭ᠌ ᠡᠷ᠎ᠡ ᠶᠢᠨ ᠳᠠᠩᠰᠠ ᠲᠡᠶ᠃ ᠪᠠᠶᠡᠨᠳᠡᠯᠭᠡᠷ ᠭᠡᠳᠡᠭ᠌ ᠰᠦᠮ᠎ᠡ ᠲᠡᠶ᠃ ᠰᠡᠭᠦᠯ ᠤᠨ ᠦᠶ᠎ᠡ ᠳᠤ ᠳᠠᠷᠢᠶᠠᠯᠠᠩ ᠳᠤ ᠰᠢᠬᠠᠭᠳᠠᠨ ᠪᠠᠯᠴᠢᠭᠡᠷ ᠨᠤᠳᠤᠭ ᠶᠢᠡᠨ ᠠᠯᠳᠠᠵᠤ ᠣᠳᠤ ᠶᠢᠨ ᠦᠨᠡᠪᠠᠳᠤ ᠶᠢᠨ ᠢᠩᠳᠤ᠂ ᠱᠤᠷᠦᠡᠭ᠌ ᠬᠠᠳᠠ ᠬᠠᠪᠢ ᠪᠠᠷ ᠢᠷᠠᠵᠤ ᠨᠤᠳᠤᠭᠯᠠᠵᠠᠢ᠃ ᠠᠷᠪᠠᠨ ᠨᠢ᠋ᠮᠠᠳᠤᠭᠠᠷ ᠰᠤᠮᠤ ᠪᠣᠯ ᠰᠢᠨ᠎ᠠ ᠥᠭᠡᠯᠡᠳ ᠬᠤᠩᠳᠤᠭ (ᠬᠠᠭᠠᠰ) ᠰᠤᠮᠤ ᠳᠤᠯᠠ 35 ᠴᠡᠷᠢᠭ᠌ ᠡᠷ᠎ᠡ ᠶᠢᠨ ᠪᠠᠢ᠌ᠷᠢ ᠬᠤᠶᠠᠭ ᠲᠡᠶ᠃ ᠣᠭ ᠨᠢ ᠪᠠᠶᠠᠠᠪᠣᠯᠠᠭ ᠤᠨ ᠳᠤᠯᠢᠠᠪᠣᠯᠠᠭ᠂ ᠭᠢᠩᠭ᠋ᠠᠨ ᠭᠤᠤᠯ᠂ ᠬᠠᠰᠢᠶᠠᠳᠤ᠂ ᠳᠠᠤᠯᠠᠢ ᠶᠢᠨ ᠭᠤᠤᠯ ᠬᠠᠪᠢ ᠪᠠᠷ ᠨᠤᠳᠤᠭᠯᠠᠵᠤ ᠪᠠᠢ᠌ᠪᠠ᠃ ᠬᠤᠵᠢᠮ ᠨᠢ ᠭᠦᠯᠤ ᠰᠢᠷ᠎ᠠ ᠬᠤᠨᠢᠴᠢᠨ ᠰᠥᠷᠦᠭ᠌ ᠲᠤ ᠨᠤᠳᠤᠭ ᠶᠢᠡᠨ ᠶᠡᠭᠦᠯᠡᠵᠤ ᠦᠭ‍ᠭᠦᠭᠡᠳ ᠪᠦᠷᠢᠳᠤ ᠰᠤᠮᠤᠨ ᠤ ᠮᠤᠳᠤᠨ ᠵᠠᠳᠠᠭᠠᠢ᠂ ᠪᠠᠶᠠᠠᠴᠠᠭᠠᠨ᠂ ᠴᠢᠭ᠍ᠳᠡᠨ ᠵᠡᠷᠭᠡ ᠭᠠᠵᠠᠷ ᠶᠢᠡᠷ ᠨᠡᠭᠦᠳᠡᠯᠯᠡᠨ ᠢᠷᠠᠵᠤ ᠰᠠᠭᠤᠷᠢᠰᠢᠵᠠᠢ᠃ ᠰᠤᠮᠤᠨ ᠤ ᠰᠦᠮ᠎ᠡ ᠨᠢ ᠳᠠᠤᠯᠠᠢ ᠶᠢᠨ ᠭᠤᠤᠯ ᠰᠦᠮ᠎ᠡ ᠪᠣᠯᠤᠨ᠎ᠠ᠃

ᠭᠦᠪᠠᠭᠡᠳᠤ ᠴᠠᠭᠠᠨ ᠬᠤᠰᠢᠭᠤᠨ ᠳᠤ ᠥᠭᠡᠯᠡᠳ ᠰᠤᠮᠤ ᠭᠤᠷᠪᠠ ᠪᠠᠢ᠌ᠳᠠᠭ᠃ ᠴᠠᠬᠠᠷ ᠭᠦᠪᠠᠭᠡᠳᠤ ᠴᠠᠭᠠᠨ ᠬᠤᠰᠢᠭᠤᠨ ᠤ ᠵᠢᠷᠭᠤᠳᠤᠭᠠᠷ ᠰᠤᠮᠤ ᠪᠣᠯ ᠬᠠᠭᠤᠴᠢᠨ ᠥᠭᠡᠯᠡᠳ ᠰᠤᠮᠤ᠃ ᠣᠭ ᠨᠢ ᠶᠡᠭᠡ ᠳᠤᠶᠤᠨ ᠬᠠᠢ᠌ᠷᠬᠠᠨ᠂ ᠪᠣᠱᠤᠤᠳᠠᠢ᠂ ᠴᠠᠭᠠᠠᠨᠠᠭᠤᠷ ᠵᠡᠷᠭᠡ ᠭᠠᠵᠠᠷ ᠶᠢᠡᠷ ᠨᠡᠭᠦᠳᠡᠯᠯᠡᠨ ᠮᠠᠯᠵᠢᠵᠤ ᠪᠠᠢ᠌ᠪᠠ᠃ ᠰᠡᠭᠦᠯᠡᠷ ᠨᠢ ᠰᠢᠯᠤᠭᠤᠨ ᠴᠠᠭᠠᠨ ᠬᠤᠨᠢᠴᠢᠨ ᠰᠥᠷᠦᠭ᠌ ᠲᠤ ᠨᠤᠳᠤᠭ ᠶᠢᠡᠨ ᠶᠡᠭᠦᠯᠡᠵᠤ ᠦᠭ‍ᠭᠦᠭᠡᠳ ᠣᠳᠤ ᠶᠢᠨ ᠠᠯᠳᠠᠠᠭᠠᠳᠠᠰᠤ ᠰᠤᠮᠤᠨ ᠤ ᠰᠢᠷᠭ᠎ᠠ ᠶᠢᠨ ᠨᠠᠭᠤᠷ᠂ ᠪᠣᠮᠪᠠᠨ ᠰᠢᠯᠢ ᠶᠢᠨ ᠣᠪᠣᠭ᠎ᠠ᠂ ᠪᠠᠢ᠌ᠰᠢᠩᠳᠤ ᠶᠢᠨ ᠭᠤᠤᠯ ᠶᠢᠡᠷ ᠨᠡᠭᠦᠨ ᠣᠴᠢᠵᠤ ᠨᠤᠳᠤᠭᠯᠠᠵᠠᠢ᠃ ᠠᠷᠪᠠᠨ ᠬᠤᠶᠠᠳᠤᠭᠠᠷ ᠰᠤᠮᠤ ᠪᠣᠯ ᠳᠤᠷᠭᠤᠳ ᠥᠭᠡᠯᠡᠳ ᠰᠤᠮᠤ᠃ ᠬᠦᠬᠡ‍ᠨᠠᠭᠤᠷ ᠤᠨ ᠯᠤᠪᠰᠠᠩᠳᠠᠠᠵᠢᠨ ᠤ ᠪᠣᠰᠤᠯᠭ᠎ᠠ ᠢᠯᠠᠭᠳᠠᠭᠰᠠᠨ ᠤ ᠳᠠᠷᠠᠭ᠎ᠠ 1732 ᠣᠨ ᠤ ᠦᠶ᠎ᠡ ᠪᠠᠷ ᠴᠠᠬᠠᠷ ᠲᠤ ᠨᠡᠭᠦᠯᠭᠡᠨ ᠠᠪᠴᠢᠷᠠᠵᠤ ᠬᠠᠷᠢᠶᠠᠯᠠᠭᠤᠯᠤᠭᠰᠠᠨ ᠰᠤᠮᠤ ᠪᠣᠯᠤᠨ᠎ᠠ᠃ ᠣᠤᠯ ᠨᠢ ᠱᠠᠩᠳᠠ ᠰᠤᠮᠤᠨ ᠤ ᠪᠠᠶᠠᠨ ᠣᠪᠣᠭ᠎ᠠ᠂ ᠪᠦᠷᠭᠦᠭᠡᠰᠦᠳᠡᠢ᠂ ᠰᠢᠷᠭᠤᠭ᠎ᠠ᠂ ᠬᠤᠯᠤᠰᠤᠳᠠᠢ ᠪᠠᠷ ᠨᠤᠳᠤᠭᠯᠠᠵᠤ ᠪᠠᠢ᠌ᠪᠠ᠃ ᠪᠠᠶᠡᠡᠵᠢᠷᠦᠭᠡ ᠰᠦᠮ᠎ᠡ ᠪᠣᠯ ᠱᠠᠩᠳᠠ ᠰᠤᠮᠤᠨ ᠤ ᠭᠢᠨᠢ ᠰᠦᠮ᠎ᠡ᠂ ᠱᠠᠩᠳᠠ ᠣᠪᠣᠭ᠎ᠠ ᠪᠣᠯ ᠰᠤᠮᠤᠨ ᠤ ᠭᠢᠨᠢ ᠣᠪᠣᠭ᠎ᠠ᠃

ᠭᠦᠪᠠᠭᠡᠳᠤ ᠰᠢᠷ᠎ᠠ ᠬᠤᠰᠢᠭᠤᠨ ᠳᠤ ᠥᠭᠡᠯᠡᠳ ᠰᠤᠮᠤ ᠳᠠᠪᠣ ᠪᠠᠢ᠌ᠳᠠᠭ᠃ ᠡᠩᠭᠡ ᠠᠮᠤᠭᠤᠯᠠᠩ ᠬᠠᠭᠠᠨ ᠤ ᠭᠤᠴᠢᠨ ᠵᠢᠷᠭᠤᠳᠤᠭᠠᠷ ᠣᠨ (1697 ᠣᠨ) ᠤ 3 ᠰᠠᠷ᠎ᠠ ᠶᠢᠨ ᠰᠢᠨ᠎ᠠ ᠶᠢᠨ 6 ᠤ ᠡᠳᠦᠷ᠂ ᠭᠠᠯᠳᠠᠨ ᠪᠣᠱᠤᠭᠳᠤ ᠶᠢᠨ ᠰᠢᠳᠤᠷᠭᠤ ᠲᠦᠰᠢᠮᠠᠯ ᠳᠠᠠᠵᠢᠷᠠ ᠭᠡᠭ᠍ᠴᠢ ᠭᠦᠮᠤᠨ᠂ ᠡᠭᠡ ᠠᠯᠠᠷ ᠨᠠᠭᠤᠷ ᠤᠨ ᠣᠢ᠌ᠷᠠᠯᠴᠠᠭᠢ ᠠᠵᠠ ᠠᠮᠳᠠᠳᠤ ᠳᠤ ᠨᠠᠰᠤ ᠪᠠᠷᠠᠭᠰᠠᠨ ᠭᠠᠯᠳᠠᠨ ᠪᠣᠱᠤᠭᠳᠤ ᠬᠠᠭᠠᠨ ᠤ ᠴᠢᠠᠳᠠᠷ ᠢ ᠠᠪᠴᠤ ᠪᠣᠱᠤᠭᠳᠤ ᠬᠠᠭᠠᠨ ᠤ ᠪᠢᠴᠢᠬᠠᠨ ᠭᠡᠦᠭᠡᠨ ᠵᠤᠩᠴᠠᠭᠠᠢ ᠶᠢ ᠳᠠᠭᠠᠭᠤᠯᠤᠨ ᠭᠤᠷᠪᠠᠨ ᠰᠠᠷ᠎ᠠ ᠭᠠᠷᠤᠢ ᠠᠶᠠᠯᠠᠭᠠᠤᠨ ᠰᠢᠠᠵᠢᠶᠠᠩ ᠤᠨ ᠪᠣᠷᠤᠳᠠᠯ᠎ᠠ ᠳᠤ ᠨᠤᠳᠤᠭᠯᠠᠵᠤ ᠪᠠᠢ᠌ᠭᠰᠠᠨ ᠰᠡᠩᠭᠡ ᠬᠦᠡᠭ᠌ ᠳᠠᠢ᠌ᠵᠢ ᠶᠢᠨ ᠭᠦᠪᠠᠭᠦᠨ ᠴᠠᠸᠠᠩᠷᠠᠪᠳᠠᠨ ᠬᠠᠭᠠᠨ ᠢ ᠡᠷᠢᠵᠤ ᠣᠴᠢᠭᠠᠤᠨ ᠳᠡᠭᠦᠨ ᠳᠤ ᠠᠪᠠᠭ᠎ᠠ ᠶᠢᠨ ᠭᠢᠨᠢ ᠠᠯᠳᠠᠨ ᠴᠢᠠᠳᠠᠷ ᠪᠣᠯᠤᠨ ᠵᠤᠩᠴᠠᠭᠠᠢ ᠶᠢ ᠭᠠᠷᠳᠠᠭᠤᠯᠤᠨ ᠳᠤᠰᠢᠶᠠᠭᠰᠠᠨ ᠪᠢᠯᠠ᠃ ᠳᠡᠭᠡᠭᠡᠳ ᠬᠠᠮᠢᠯ ᠢ ᠳᠠᠮᠵᠢᠨ ᠪᠠᠭᠡᠵᠢᠩ ᠭᠦᠷᠴᠤ ᠡᠩᠭᠡ ᠠᠮᠤᠭᠤᠯᠠᠩ ᠬᠠᠭᠠᠨ ᠳᠤ ᠪᠠᠷᠠᠭᠠᠳᠠᠨ ᠮᠠᠠᠵᠤ ᠶᠢᠨ ᠲᠦᠷᠦ ᠳᠤ ᠳᠠᠭᠠᠭᠰᠠᠨ ᠶᠢᠡᠨ ᠢᠯᠡᠷᠭᠡᠢ᠌ᠯᠡᠭ᠍ᠰᠡᠨ ᠳᠤ ᠳᠡᠭᠦᠨ ᠢ ᠰᠤᠯᠠ ᠰᠠᠢ᠌ᠳ ᠡᠷᠭᠦᠮᠵᠢᠯᠡᠨ ᠭᠦᠪᠠᠭᠦᠨ ᠳᠤᠷᠵᠢᠷᠠᠪᠳᠠᠨ ᠢ ᠨᠢ ᠳᠡᠷᠢᠭᠦᠨ ᠵᠡᠷᠭᠡ ᠶᠢᠨ ᠭᠢᠶ᠎ᠠ ᠡᠷᠭᠦᠮᠵᠢᠯᠡᠵᠤ ᠴᠠᠬᠠᠷ ᠭᠦᠪᠠᠭᠡᠳᠤ ᠰᠢᠷ᠎ᠠ ᠬᠤᠰᠢᠭᠤᠨ ᠤ 11 ᠳ᠋ᠦᠭᠡᠷ ᠰᠤᠮᠤᠨ ᠪᠣᠯᠭᠠᠨ ᠬᠠᠷᠢᠶᠠᠯᠠᠭᠤᠯᠵᠤ 79 ᠠᠢ᠌ᠯ ᠡᠷᠦᠭᠡ ᠶᠢ ᠨᠢ ᠪᠠᠢ᠌ᠷᠢᠯᠠᠭᠤᠯᠤᠭᠰᠠᠨ ᠪᠣᠯᠠᠢ᠃ ᠰᠡᠭᠦᠯ ᠤᠨ ᠦᠶᠡᠰ 11 ᠳ᠋ᠦᠭᠡᠷ ᠰᠤᠮᠤ ᠶᠢ 15 ᠳ᠋ᠤᠭᠠᠷ ᠰᠤᠮᠤ ᠲᠡᠶ ᠨᠡᠢ᠌ᠯᠡᠭᠦᠯᠵᠤ ᠳᠠᠪᠣᠳᠤᠭᠠᠷ ᠰᠤᠮᠤ ᠪᠣᠯᠭᠠᠨ ᠴᠤᠮᠬᠠᠳᠬᠠᠭᠰᠠᠨ ᠶᠤᠮ᠃ ᠳᠠᠠᠵᠢᠷᠠ ᠪᠣᠯᠤᠨ ᠳᠡᠭᠦᠨ ᠤ ᠭᠦᠪᠠᠭᠡᠨ ᠳᠤᠷᠵᠢᠷᠠᠪᠳᠠᠨ ᠤ ᠦᠷ᠎ᠡ ᠬᠣᠢ᠌ᠴᠢᠰ ᠴᠠᠬᠠᠷ ᠭᠦᠪᠠᠭᠡᠳᠤ ᠰᠢᠷ᠎ᠠ ᠬᠤᠰᠢᠭᠤᠨ ᠤ ᠳᠠᠪᠣᠳᠤᠭᠠᠷ ᠰᠤᠮᠤᠨ ᠶᠢᠡᠷ ᠨᠤᠳᠤᠭᠯᠠᠵᠤ ᠪᠣᠢ᠃ ᠡᠩᠭᠡ ᠠᠮᠤᠭᠤᠯᠠᠩ ᠬᠠᠭᠠᠨ ᠤ ᠭᠤᠴᠢᠨ ᠳᠤᠯᠤᠳᠤᠭᠠᠷ ᠣᠨ ᠤ 3 ᠰᠠᠷ᠎ᠠ ᠳᠤ ᠳᠠᠢ᠌ᠨ ᠤ ᠳᠤᠮᠳᠠ ᠰᠠᠯᠵᠤ ᠪᠣᠳᠠᠷᠠᠭᠰᠠᠨ ᠥᠭᠡᠯᠡᠳ ᠤᠨ ᠴᠡᠷᠢᠭ᠌ ᠤᠨ ᠶᠡᠭᠡ ᠲᠦᠰᠢᠮᠠᠯ ᠨᠤᠷᠪᠣ ᠪᠣᠯᠤᠨ ᠳᠠᠠᠵᠢᠠᠷᠠᠪᠳᠠᠨ ᠨᠡᠷ ᠦᠪᠡᠷ ᠦᠪᠡᠷ ᠤᠨ ᠬᠠᠷᠢᠶᠠᠳᠤ ᠠᠯᠪᠠᠳᠤ ᠪᠠᠨ ᠳᠠᠭᠠᠭᠤᠯᠤᠨ ᠪᠠᠭᠡᠵᠢᠩ ᠭᠦᠷᠴᠤ ᠡᠩᠭᠡ ᠠᠮᠤᠭᠤᠯᠠᠩ ᠬᠠᠭᠠᠨ ᠳᠤ ᠪᠠᠷᠠᠭᠠᠳᠠᠨ ᠮᠠᠠᠵᠤ ᠶᠢᠨ ᠲᠦᠷᠦ ᠳᠤ ᠳᠠᠭᠠᠷ᠎ᠠ ᠣᠷᠤᠭᠰᠠᠨ ᠳᠤ ᠳᠠᠳᠠᠨᠤᠰ ᠢ ᠳᠡᠷᠢᠭᠦᠨ ᠵᠡᠷᠭᠡ ᠶᠢᠨ ᠭᠢᠶ᠎ᠠ ᠨᠤᠶᠠᠨ ᠡᠷᠭᠦᠮᠵᠢᠯᠡᠨ ᠴᠠᠬᠠᠷ ᠭᠦᠪᠠᠭᠡᠳᠤ ᠰᠢᠷ᠎ᠠ ᠬᠤᠰᠢᠭᠤᠨ ᠤ 12᠂ 13 ᠳ᠋ᠤᠭᠠᠷ ᠰᠤᠮᠤ ᠪᠠᠷ ᠬᠠᠷᠢᠶᠠᠯᠠᠭᠤᠯᠤᠨ ᠪᠠᠢ᠌ᠷᠢᠯᠠᠭᠤᠯᠤᠭᠰᠠᠨ ᠪᠣᠯᠠᠢ᠃ ᠨᠤᠷᠪᠣ ᠨᠤᠶᠠᠨ ᠪᠠ ᠳᠡᠭᠦᠨ ᠤ ᠦᠷ᠎ᠡ ᠬᠣᠢ᠌ᠴᠢᠰ 12 ᠳ᠋ᠤᠭᠠᠷ ᠰᠤᠮᠤᠨ ᠤ ᠡᠪᠦᠭᠡ ᠳᠡᠭᠡᠳᠦᠰ᠂ ᠳᠠᠠᠵᠢᠠᠷᠠᠪᠳᠠᠨ 13 ᠳ᠋ᠤᠭᠠᠷ ᠰᠤᠮᠤᠨ ᠤ ᠡᠪᠦᠭᠡ ᠳᠡᠭᠡᠳᠦᠰ ᠪᠣᠯᠪᠠ᠃ ᠰᠡᠭᠦᠯᠴᠢ ᠶᠢᠨ ᠦᠶᠡᠰ ᠭᠦᠪᠠᠭᠡᠳᠤ ᠰᠢᠷ᠎ᠠ ᠬᠤᠰᠢᠭᠤᠨ ᠬᠤᠷᠢᠨ ᠰᠤᠮᠤ ᠪᠠᠨ ᠨᠢ᠋ᠮᠠᠨ ᠰᠤᠮᠤ ᠪᠣᠯᠭᠠᠨ ᠴᠤᠮᠬᠠᠳᠬᠠᠬᠤ ᠳᠤ 12 ᠳ᠋ᠤᠭᠠᠷ ᠰᠤᠮᠤ ᠶᠢ ᠭᠤᠷᠪᠠᠳᠤᠭᠠᠷ ᠰᠤᠮᠤ᠂ ᠬᠤᠷᠢᠳᠤᠭᠠᠷ ᠰᠤᠮᠤ ᠲᠡᠶ ᠨᠡᠢ᠌ᠯᠡᠭᠦᠯᠤᠨ ᠬᠤᠶᠠᠳᠤᠭᠠᠷ ᠰᠤᠮᠤ ᠭᠡᠮᠡᠵᠤ᠂ 13 ᠳ᠋ᠤᠭᠠᠷ ᠰᠤᠮᠤ ᠶᠢ ᠳᠡᠷᠢᠭᠦᠨ ᠰᠤᠮᠤ᠂ ᠶ‍ᠢᠰᠦᠳᠦᠭᠡᠷ ᠰᠤᠮᠤ ᠲᠡᠶ ᠨᠡᠢ᠌ᠯᠡᠭᠦᠯᠤᠨ ᠵᠢᠷᠭᠤᠳᠤᠭᠠᠷ ᠰᠤᠮᠤ ᠭᠡᠮᠡᠵᠦᠭᠦᠢ᠃ ᠮᠦᠨ ᠬᠠᠯᠬ᠎ᠠ ᠡᠴᠡ ᠭᠡᠴᠦᠯ ᠬᠠᠳᠤᠨ ᠬᠤᠶᠠᠷ ᠠᠴᠢ ᠭᠦᠪᠠᠭᠦᠨ ᠠᠨᠠᠠᠳᠠ ᠪᠣᠯᠤᠨ ᠵᠠᠮᠪᠠᠯ ᠢ ᠳᠠᠭᠠᠭᠤᠯᠤᠨ ᠮᠠᠠᠵᠤ ᠶᠢᠨ ᠲᠦᠷᠦ ᠳᠤ ᠳᠠᠭᠠᠷ᠎ᠠ ᠢᠷᠡᠭ᠍ᠰᠡᠨ ᠳᠤ ᠴᠠᠬᠠᠷ ᠭᠦᠪᠠᠭᠡᠳᠤ ᠰᠢᠷ᠎ᠠ ᠬᠤᠰᠢᠭᠤᠨ ᠤ ᠭᠦᠮᠤᠨ ᠠᠮᠠ ᠳᠤᠳᠠᠭᠤ ᠳᠤᠯᠠ ᠳᠠᠳᠠᠨᠤᠰ ᠢ ᠭᠦᠪᠠᠭᠡᠳᠤ ᠰᠢᠷ᠎ᠠ ᠬᠤᠰᠢᠭᠤᠨ ᠤ 14 ᠳ᠋ᠦᠭᠡᠷ ᠰᠤᠮᠤ ᠪᠣᠯᠭᠠᠨ ᠬᠠᠷᠢᠶᠠᠯᠠᠭᠤᠯᠵᠤ ᠠᠨᠠᠠᠳᠠ ᠶᠢ ᠵᠠᠩᠭᠢ᠂ ᠵᠠᠮᠪᠠᠯ ᠢ ᠭᠦᠩᠳᠡ ᠪᠠᠷ ᠳᠤᠮᠢᠯᠠᠪᠠ᠃ ᠮᠦᠨ ᠡᠳᠡᠨᠦᠰ ᠤᠨ ᠬᠠᠮᠳᠤ ᠳᠠᠭᠠᠷ᠎ᠠ ᠢᠷᠡᠭ᠍ᠰᠡᠨ ᠵᠢᠷᠠᠨ ᠡᠷᠦᠭᠡ ᠠᠢ᠌ᠯ ᠢ ᠭᠦᠪᠠᠭᠡᠳᠤ ᠰᠢᠷ᠎ᠠ ᠬᠤᠰᠢᠭᠤᠨ ᠤ 15 ᠳ᠋ᠤᠭᠠᠷ ᠰᠤᠮᠤ ᠪᠣᠯᠭᠠᠨ ᠬᠠᠷᠢᠶᠠᠯᠠᠭᠤᠯᠵᠤ ᠰᠢᠳᠠᠷ ᠬᠠᠮᠠᠭᠠᠯᠠᠬᠤ ᠴᠡᠷᠢᠭ᠌ ᠤᠨ ᠳᠠᠷᠤᠭᠠᠴᠢ ᠯᠤᠤᠬᠠᠳᠤ ᠶᠢ ᠰᠤᠮᠤᠨ ᠵᠠᠩᠭᠢ ᠪᠠᠷ ᠡᠷᠭᠦᠮᠵᠢᠯᠡᠨ ᠳᠡᠪᠰᠢᠭᠦᠯᠪᠡ᠃ ᠰᠡᠭᠦᠯ ᠤᠨ ᠦᠶᠡᠰ ᠣᠯᠠᠨ ᠰᠤᠮᠤ ᠪᠠᠨ ᠨᠡᠢ᠌ᠯᠡᠭᠦᠯᠤᠨ ᠴᠤᠮᠬᠠᠳᠬᠠᠬᠤ ᠳᠤ 14 ᠳ᠋ᠦᠭᠡᠷ ᠰᠤᠮᠤ ᠶᠢ 8 ᠳ᠋ᠤᠭᠠᠷ ᠰᠤᠮᠤ ᠲᠡᠶ ᠨᠡᠢ᠌ᠯᠡᠭᠦᠯᠤᠨ ᠳᠤᠯᠤᠳᠤᠭᠠᠷ ᠰᠤᠮᠤ ᠭᠡᠮᠡᠵᠤ᠂ 15 ᠳ᠋ᠤᠭᠠᠷ ᠰᠤᠮᠤ ᠶᠢ 11 ᠳ᠋ᠦᠭᠡᠷ ᠰᠤᠮᠤ ᠲᠡᠶ ᠨᠡᠢ᠌ᠯᠡᠭᠦᠯᠤᠨ ᠳᠠᠪᠣᠳᠤᠭᠠᠷ ᠰᠤᠮᠤ ᠨᠡᠷᠡᠢ᠌ᠳᠴᠦᠭᠦᠢ᠃ 1696 ᠣᠨ ᠤ 12 ᠰᠠᠷ᠎ᠠ ᠶᠢᠨ ᠦᠶ᠎ᠡ ᠳᠤ ᠭᠠᠯᠳᠠᠨ ᠪᠣᠱᠤᠭᠳᠤ ᠬᠠᠭᠠᠨ ᠤ ᠭᠠᠭᠴᠠ ᠭᠦᠪᠠᠭᠦᠨ ᠰᠠᠪᠳᠠᠠᠪᠠᠯᠵᠤᠤᠷ ᠡᠴᠢᠭᠡ ᠬᠠᠭᠠᠨ ᠤ ᠪᠠᠨ ᠵᠠᠷᠯᠢᠭ ᠶᠢᠡᠷ ᠰᠢᠳᠠᠷ ᠵᠠᠩᠵᠤᠨ ᠣᠢ᠌ᠵᠠᠩ ᠬᠤᠰᠢᠭᠤᠴᠢ ᠶᠢᠨ ᠬᠠᠮᠳᠤ ᠭᠤᠷᠪᠠᠨ ᠵᠠᠭᠤᠭᠠᠤᠨ ᠬᠠᠷᠢᠶᠠᠳᠤ ᠠᠯᠪᠠᠳᠤ ᠪᠠᠨ ᠳᠠᠭᠠᠭᠤᠯᠤᠨ ᠬᠦᠬᠡ‍ᠨᠠᠭᠤᠷ ᠶᠢᠡᠷ ᠳᠠᠮᠵᠢᠨ ᠲᠦᠪᠡᠳ ᠣᠷᠤᠨ᠎ᠠ ᠣᠷᠤᠬᠤ ᠵᠠᠮ ᠢ ᠬᠠᠢ᠌ᠵᠤ ᠪᠠᠰᠠ ᠭᠠᠯᠳᠠᠨ ᠤ ᠴᠡᠷᠢᠭ᠌ ᠠᠩᠭᠢ ᠳᠤ ᠠᠮᠤ ᠭᠦᠨᠡᠰᠤ ᠵᠠᠯᠭᠠᠭᠤᠯᠬᠤ ᠭᠡᠮᠡᠨ ᠬᠠᠮᠢᠯ ᠳᠤ ᠭᠦᠷᠦᠭ᠍ᠰᠡᠨ ᠳᠤ ᠬᠤᠲᠤᠩ ᠤᠨ ᠳᠦᠷᠦᠭᠦᠤ ᠠᠪᠣᠳᠤᠬᠠᠨ ᠳᠠᠷᠬᠠᠪᠺᠢ ᠪᠣᠯᠤᠨ ᠳᠡᠭᠦᠨ ᠤ ᠭᠦᠪᠠᠭᠦᠨ ᠭᠦᠪᠠᠺᠢ ᠡᠴᠢᠭᠡ ᠭᠦᠤ ᠬᠤᠶᠠᠷ ᠮᠠᠠᠵᠤ ᠶᠢᠨ ᠲᠦᠷᠦ ᠳᠤ ᠨᠢᠭᠤᠷ ᠣᠯᠬᠤ ᠭᠡᠮᠡᠨ ᠰᠠᠪᠳᠠᠠᠪᠠᠯᠵᠤᠤᠷ ᠢ ᠪᠠᠷᠢᠪᠴᠢᠯᠠᠨ ᠠᠪᠴᠤ 1697 ᠣᠨ ᠤ ᠨᠠᠮᠤᠷ ᠪᠠᠭᠡᠵᠢᠩ ᠳᠤ ᠭᠦᠷᠭᠡᠪᠡ᠃ ᠡᠩᠭᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠰᠠᠪᠳᠠᠠᠪᠠᠯᠵᠤᠤᠷ ᠢ ᠨᠠᠢ᠌ᠰᠯᠠᠯ ᠬᠤᠳᠠᠨ᠎ᠠ ᠥᠯᠡᠳᠡᠭᠡᠨ ᠳᠡᠷᠢᠭᠦᠨ ᠳᠠᠰ ᠤᠨ ᠭᠢᠶ᠎ᠠ ᠨᠤᠶᠠᠨ ᠡᠷᠭᠦᠮᠵᠢᠯᠡᠵᠤ ᠠᠳᠠᠭ᠎ᠠ ᠬᠠᠪᠣᠩ ᠠᠢ᠌ᠰᠤᠨ ᠭᠢᠷᠤᠤ ᠴᠠᠩ ᠲᠡᠶ ᠶᠢᠨ ᠦᠬᠢᠨ ᠢ ᠳᠡᠭᠦᠨ ᠳᠤ ᠬᠠᠳᠤᠨ ᠪᠣᠯᠭᠠᠨ ᠦᠭ‍ᠭᠦᠭᠡᠳ ᠨᠠᠢ᠌ᠰᠯᠠᠯ ᠡᠴᠡ ᠳᠤᠷᠠᠪᠠᠷ ᠭᠠᠷᠴᠤ ᠪᠣᠯᠬᠤ ᠦᠭᠡᠶ ᠭᠡᠮᠡᠨ ᠴᠠᠭᠠᠵᠠᠯᠠᠵᠤ ᠣᠢ᠌ᠷᠠᠤᠨ ᠤᠨ ᠪᠠᠷᠢᠴᠠᠭᠠᠨ ᠤ ᠭᠦᠮᠤᠨ ᠪᠣᠯᠭᠠᠪᠠ᠃ ᠳᠡᠭᠦᠨ ᠲᠡᠶ ᠬᠠᠮᠳᠤ ᠳᠠᠷᠬᠠᠪᠠᠺᠢ ᠳᠤ ᠪᠠᠷᠢᠪᠴᠢᠯᠠᠭᠳᠠᠨ ᠭᠦᠷᠭᠡᠭ᠍ᠳᠡᠵᠤ ᠢᠷᠡᠭ᠍ᠰᠡᠨ ᠣᠢ᠌ᠵᠠᠩ ᠬᠤᠰᠢᠭᠤᠴᠢ ᠶᠢᠨ ᠵᠠᠭᠤᠭᠠᠤᠨ ᠡᠷᠦᠭᠡ ᠬᠠᠷᠢᠶᠠᠳᠤ ᠠᠯᠪᠠᠳᠤ ᠶᠢ 1699 ᠣᠨ᠎ᠠ ᠴᠠᠬᠠᠷ ᠤᠨ ᠭᠦᠪᠠᠭᠡᠳᠤ ᠰᠢᠷ᠎ᠠ ᠬᠤᠰᠢᠭᠤᠨ ᠤ 19 ᠳ᠋ᠦᠭᠡᠷ ᠰᠤᠮᠤ ᠪᠣᠯᠭᠠᠨ ᠬᠠᠷᠢᠶᠠᠯᠠᠭᠤᠯᠤᠭᠰᠠᠨ ᠠᠵᠤᠭᠤ᠃ ᠣᠯᠠᠨ ᠰᠤᠮᠤ ᠶᠢ ᠨᠡᠢ᠌ᠯᠡᠭᠦᠯᠤᠨ ᠴᠤᠮᠬᠠᠳᠬᠠᠬᠤ ᠦᠶ᠎ᠡ ᠳᠤ ᠳᠡᠷᠢᠭᠦᠨ ᠪᠠ 13 ᠳ᠋ᠤᠭᠠᠷ ᠰᠤᠮᠤ ᠲᠡᠶ ᠨᠡᠢ᠌ᠯᠡᠭᠦᠯᠤᠨ ᠵᠢᠷᠭᠤᠳᠤᠭᠠᠷ ᠰᠤᠮᠤ ᠨᠡᠷᠡᠢ᠌ᠳᠦᠭ᠍ᠰᠡᠨ ᠪᠢᠯᠠ᠃ ᠣᠢ᠌ᠵᠠᠩ ᠬᠤᠰᠢᠭᠤᠴᠢ ᠪᠣᠯ ᠳᠤᠰ ᠰᠤᠮᠤᠨ ᠤ ᠳᠡᠭᠡᠳᠦᠰ ᠪᠣᠯᠤᠨ᠎ᠠ᠃

ᠣᠢ᠌ᠷᠠᠤᠨ ᠤᠨ ᠭᠠᠯᠳᠠᠨ ᠪᠣᠱᠤᠭᠳᠤ ᠬᠠᠭᠠᠨ ᠳᠤ ᠥᠭᠦᠨ ᠬᠤᠷᠤᠰᠤᠭᠰᠠᠨ ᠮᠠᠠᠵᠤ ᠲᠦᠷᠦ ᠣᠳᠠᠭ᠎ᠠ ᠳᠠᠷᠠᠭᠠᠯᠠᠨ ᠳᠤᠰᠬᠠᠢ ᠡᠯᠴᠢ ᠳᠤᠮᠢᠯᠠᠨ ᠭᠠᠯᠳᠠᠨ ᠤ ᠴᠢᠠᠳᠠᠷ ᠤᠨ ᠶᠠᠰᠤ ᠪᠣᠯᠤᠨ ᠠᠮᠢᠳᠤ ᠥᠯᠡᠳᠡᠭ᠍ᠰᠡᠨ ᠬᠤᠶᠠᠷ ᠭᠡᠦᠭᠡᠨ ᠢ ᠡᠷᠭᠡᠪᠰᠢ ᠪᠠᠭᠡᠵᠢᠩ ᠬᠤᠳᠠᠨ᠎ᠠ ᠭᠦᠷᠭᠡᠵᠤ ᠢᠷᠡᠭᠦ ᠭᠡᠷᠡᠭ᠍ᠳᠡᠢ ᠭᠡᠮᠡᠨ ᠴᠠᠸᠠᠩᠷᠠᠪᠳᠠᠨ ᠬᠠᠭᠠᠨ ᠳᠤ ᠴᠢᠩᠭ᠋᠎ᠠ ᠳᠤᠯᠭᠠᠨ ᠱᠠᠭᠠᠷᠳᠠᠵᠠᠢ᠃ ᠴᠠᠸᠠᠩᠷᠠᠪᠳᠠᠨ᠄ ᠮᠠᠨ ᠤ ᠥᠭᠡᠯᠡᠳ ᠤᠨ ᠶᠤᠰᠤᠨ ᠳᠤ ᠭᠡᠦᠭᠡᠨ ᠭᠦᠮᠤᠨ ᠯᠤᠭ᠎ᠠ ᠦᠯᠦ ᠦᠰᠢᠶᠠᠯᠳᠤᠮᠤᠢ᠃ ᠭᠠᠯᠳᠠᠨ ᠤ ᠶᠡᠭᠡ ᠭᠡᠦᠭᠡᠨ ᠠᠯᠢ ᠡᠷᠳᠡ ᠬᠦᠬᠡ‍ᠨᠠᠭᠤᠷ ᠤᠨ ᠳᠠᠢ᠌ᠵᠢ ᠳᠤ ᠮᠤᠷᠳᠠᠭᠠᠤᠨ ᠡᠳᠦᠭᠡ ᠮᠠᠠᠵᠤ ᠶᠢᠨ ᠲᠦᠷᠦ ᠳᠤ ᠳᠠᠭᠠᠭᠰᠠᠨ ᠪᠣᠯᠬᠤᠷ ᠳᠡᠭᠦᠨ ᠢ ᠬᠦᠬᠡ‍ᠨᠠᠭᠤᠷ ᠤᠨ ᠳᠠᠢ᠌ᠵᠢ ᠨᠡᠷ ᠮᠡᠳᠡᠭᠦ ᠡᠴᠡ ᠪᠢᠰᠢ᠂ ᠪᠢ ᠮᠠᠳᠠᠵᠤ ᠴᠢᠳᠠᠬᠤ ᠦᠭᠡᠶ᠃ ᠵᠤᠩᠴᠠᠭᠠᠢ ᠪᠣᠯᠪᠠᠰᠤ ᠨᠠᠳᠠᠳᠤᠷ ᠭᠡᠦᠭᠡᠨ ᠳᠡᠭᠦᠤ ᠪᠣᠯᠬᠤ ᠳᠤᠯᠠ ᠪᠢ ᠥᠭ᠍ᠴᠤ ᠴᠢᠳᠠᠬᠤ ᠦᠭᠡᠶ᠂ ᠪᠣᠭᠳᠠ ᠬᠠᠭᠠᠨ ᠡᠨᠡᠷᠡᠩᠭᠦᠢ ᠰᠡᠳᠭᠢᠯ ᠶᠢᠡᠷ ᠦᠷᠦᠰᠢᠶᠠᠯ ᠰᠤᠶᠤᠷᠬᠠᠵᠤ ᠡ᠊ᠨᠳᠡ ᠥᠯᠡᠳᠡᠭᠡᠮᠤ ᠭᠡᠮᠡᠨ ᠳᠠᠳᠠᠭᠠᠯᠵᠠᠪᠠ᠃ ᠡᠭᠦᠨ ᠤ ᠬᠠᠮᠳᠤ ᠦᠳᠦᠨ ᠭᠡᠯᠦᠡᠭ᠌ ᠭᠡᠳᠡᠭ᠌ ᠭᠦᠮᠤᠨ ᠢ ᠳᠠᠯᠳᠠᠭᠤᠷ ᠵᠠᠯᠠᠵᠤ ᠨᠡᠭᠦᠷᠡᠰᠤ ᠮᠠᠳᠤ ᠬᠠᠷᠠᠯᠠᠵᠤ ᠰᠢᠳᠠᠭᠰᠠᠨ ᠭᠡᠳᠤᠨ ᠭᠡᠰᠡᠭ᠌ ᠶᠠᠰᠤ ᠶᠢ ᠳᠡᠭᠦᠵᠤ ᠠᠪᠴᠢᠷᠠᠭᠠᠤᠨ ᠳᠤᠰᠬᠠᠢ ᠬᠠᠢ᠌ᠷᠴᠠᠭᠯᠠᠨ ᠰᠠᠪᠠᠯᠠᠵᠤ ᠮᠠᠠᠵᠤ ᠶᠢᠨ ᠡᠯᠴᠢ ᠷᠠᠰᠢ ᠭᠡᠮᠡᠭ᠍ᠴᠢ ᠭᠦᠮᠤᠨ ᠳᠤ ᠳᠤᠰᠢᠶᠠᠨ ᠥᠭ᠍ᠴᠡᠢ᠃ ᠮᠠᠠᠵᠤ ᠶᠢᠨ ᠬᠠᠭᠠᠨ᠂ ᠳᠡᠷᠡᠭᠦ ᠶᠠᠰᠤ ᠶᠢ ᠪᠠᠭᠡᠵᠢᠩ ᠬᠤᠳᠠ ᠶᠢᠨ ᠭᠡᠷᠡᠮ ᠳᠡᠭᠡᠷ᠎ᠡ ᠡᠯᠭᠦᠵᠤ ᠣᠯᠠᠨ ᠳᠤ ᠴᠡᠭᠡᠷᠯᠡᠯ ᠥᠵᠡᠭᠦᠯᠪᠡ᠃ ᠭᠤᠷᠪᠠᠳᠤᠭᠠᠷ ᠡᠳᠦᠷ ᠳᠤᠨᠢ ᠳᠠᠠᠵᠠᠷᠠ ᠶᠢᠨ ᠳᠡᠭᠦᠤ ᠶᠢᠨ ᠭᠦᠪᠠᠭᠦᠨ ᠪᠠᠳᠮᠠᠷᠠ ᠭᠡᠭ᠍ᠴᠢ ᠭᠦᠮᠤᠨ ᠴᠢᠮᠡᠭᠡ ᠣᠯᠤᠮᠠᠭᠴᠠ ᠪᠠᠭᠡᠵᠢᠩ ᠣᠷᠤᠵᠤ ᠶᠠᠰᠤ ᠶᠢ ᠬᠤᠯᠠᠭᠠᠢ᠌ᠯᠠᠨ ᠠᠪᠣᠭᠠᠤᠨ ᠣᠢ᠌ᠷᠠᠤᠨ ᠨᠤᠳᠤᠭ ᠲᠠᠭᠠᠨ ᠣᠷᠤᠰᠢᠭᠤᠯᠬᠤ ᠭᠡᠮᠡᠨ ᠪᠠᠷᠠᠭᠤᠠᠰᠢ ᠭᠦᠶ‍ᠦᠭ᠍ᠰᠡᠭᠡᠷ ᠴᠦᠯ ᠭᠤᠪᠢ ᠳᠤ ᠣᠷᠤᠵᠤ ᠴᠠᠩᠭ᠋ᠠᠵᠤ ᠥᠭᠦᠭ᠍ᠰᠡᠨ ᠪᠢᠯᠠ᠃ ᠮᠠᠠᠵᠤ ᠬᠠᠭᠠᠨ ᠳᠠᠭᠢᠠᠳᠠ ᠡᠯᠴᠢ ᠳᠤᠮᠢᠯᠠᠨ ᠭᠡᠷᠪᠡ ᠵᠤᠩᠴᠠᠭᠠᠢ ᠶᠢ ᠡᠰᠡ ᠭᠦᠷᠭᠡᠵᠤ ᠢᠷᠠᠪᠠᠰᠤ ᠬᠤᠶᠠᠷ ᠣᠯᠤᠰ ᠤᠨ ᠡᠯᠴᠢ ᠬᠠᠷᠢᠯᠴᠠᠬᠤ ᠪᠠ ᠬᠠᠷᠢᠯᠴᠠᠨ ᠠᠷᠢᠯᠵᠢᠶᠠᠯᠠᠬᠤ ᠶᠢ ᠡᠷᠡᠰ ᠳᠠᠰᠤᠯᠠᠨ᠎ᠠ ᠭᠡᠮᠡᠨ ᠬᠠᠳᠠᠭᠤ ᠳᠤᠯᠭᠠᠭᠰᠠᠨ ᠳᠤ ᠴᠠᠸᠠᠩᠷᠠᠪᠳᠠᠨ ᠠᠷᠭ᠎ᠠ ᠪᠣᠰᠤ ᠴᠠᠷᠢᠩᠳᠤᠩᠷᠤᠪ᠂ ᠬᠠᠳᠠ᠂ ᠯᠤᠤᠴᠢᠨ᠂ ᠷᠢᠠᠴᠢᠨ᠂ ᠳᠤᠭᠳᠠᠬᠤ ᠵᠡᠷᠭᠡ ᠰᠢᠳᠤᠷᠭᠤ ᠲᠦᠰᠢᠮᠠᠯ ᠢ ᠵᠢᠷᠠᠭᠠᠤᠨ ᠳᠠᠭᠠᠭᠰᠠᠤᠨ ᠤᠨ ᠬᠠᠮᠳᠤ ᠵᠤᠩᠴᠠᠭᠠᠢ ᠶᠢ ᠪᠠᠭᠡᠵᠢᠩ ᠬᠤᠳᠠᠨ᠎ᠠ ᠭᠦᠷᠭᠡᠵᠡᠢ᠃ ᠵᠤᠩᠴᠠᠭᠠᠢ ᠶᠢ ᠳᠠᠳ᠋ ᠵᠡᠷᠭᠡ ᠶᠢᠨ ᠭᠢᠶ᠎ᠠ ᠨᠤᠶᠠᠨ ᠱᠠᠭᠳᠠᠷ ᠲᠡᠶ ᠬᠤᠷᠢᠮᠯᠠᠭᠤᠯᠪᠠ᠃ ᠭᠦᠷᠭᠡᠵᠤ ᠢᠷᠡᠭ᠍ᠰᠡᠨ ᠴᠠᠷᠢᠠᠳᠤᠩᠷᠤᠪ᠂ ᠬᠠᠳᠠ᠂ ᠯᠤᠤᠴᠢᠨ᠂ ᠷᠢᠠᠴᠢᠨ᠂ ᠳᠤᠭᠳᠠᠬᠤ ᠶᠢ ᠵᠢᠷᠠᠭᠠᠤᠨ ᠡᠷᠦᠭᠡ ᠲᠡᠶ ᠨᠢ ᠬᠠᠮᠳᠤ ᠭᠦᠪᠠᠭᠡᠳᠤ ᠰᠢᠷ᠎ᠠ ᠬᠤᠰᠢᠭᠤᠨ ᠳᠤ ᠬᠠᠷᠢᠶᠠᠯᠠᠭᠤᠯᠤᠨ ᠬᠤᠷᠢᠳᠤᠭᠠᠷ ᠰᠤᠮᠤ ᠪᠣᠯᠭᠠᠪᠠ᠃ ᠰᠡᠭᠦᠯᠴᠢ ᠶᠢᠨ ᠦᠶ᠎ᠡ ᠳᠤ ᠣᠯᠠᠨ ᠰᠤᠮᠤ ᠪᠠᠨ ᠨᠡᠢ᠌ᠯᠡᠭᠦᠯᠤᠨ ᠴᠤᠮᠬᠳᠬᠠᠬᠤ ᠦᠶᠡᠰ ᠣᠤᠯ ᠤᠨ 3 ᠰᠤᠮᠤ ᠪᠠ 12 ᠰᠤᠮᠤ ᠲᠡᠶ ᠨᠡᠢ᠌ᠯᠡᠭᠦᠯᠤᠨ ᠬᠤᠶᠠᠳᠤᠭᠠᠷ ᠰᠤᠮᠤ ᠨᠡᠷᠡᠢ᠌ᠳᠦᠭ᠍ᠰᠡᠨ ᠠᠵᠢ᠃

ᠴᠠᠬᠠᠷ ᠪᠠᠷᠠᠭᠤᠨ ᠭᠠᠷ ᠤᠨ ᠰᠢᠯᠤᠭᠤᠨ ᠰᠢᠷ᠎ᠠ ᠬᠤᠰᠢᠭᠤᠨ ᠳᠤ ᠥᠭᠡᠯᠡᠳ ᠰᠤᠮᠤ 3 ᠪᠠᠢ᠌ᠳᠠᠭ᠃ ᠡᠨᠡᠭᠦ ᠭᠤᠷᠪᠠᠨ ᠰᠤᠮᠤ ᠪᠣᠯ ᠭᠠᠯᠳᠠᠨ ᠪᠣᠱᠤᠭᠳᠤ ᠶᠢᠨ ᠮᠠᠠᠵᠤ ᠶᠢᠨ ᠳᠦᠷᠢᠮᠡᠭᠡᠢ᠌ᠯᠡᠯ ᠥᠭᠡᠳᠡ ᠶᠠᠪᠣᠭᠤᠯᠤᠭᠰᠠᠨ ᠳᠠᠢ᠌ᠨ ᠢᠯᠠᠭᠳᠠᠭᠰᠠᠨ ᠪᠠ ᠣᠯᠠᠭᠠᠨ ᠪᠤᠲᠤᠩ ᠤᠨ ᠳᠠᠢ᠌ᠨ ᠡᠴᠡ ᠬᠣᠢ᠌ᠰᠢ 1699 ᠣᠨ ᠪᠠ ᠯᠤᠪᠰᠠᠩᠳᠠᠠᠵᠢᠨ ᠤ ᠪᠣᠰᠤᠯᠭ᠎ᠠ ᠪᠦᠷᠢᠮᠦᠰᠤᠨ ᠢᠯᠠᠭᠳᠠᠭᠰᠠᠨ ᠤ ᠳᠠᠷᠠᠭ᠎ᠠ 1732 ᠣᠨ ᠡᠴᠡ ᠬᠣᠢ᠌ᠰᠢ ᠠᠯᠪᠠᠳᠠᠨ ᠨᠡᠭᠦᠯᠭᠡᠵᠤ ᠴᠠᠬᠠᠷ ᠲᠤ ᠬᠤᠯᠢᠵᠤ ᠣᠷᠤᠭᠤᠯᠤᠭᠰᠠᠨ ᠬᠦᠬᠡ‍ᠨᠠᠭᠤᠷ ᠤᠨ ᠬᠤᠱᠤᠳ ᠥᠭᠡᠯᠡᠳ ᠪᠣᠯᠤᠨ᠎ᠠ᠃ ᠡᠨᠡ ᠨᠢ ᠳᠠᠷᠤᠢ ᠰᠢᠯᠤᠭᠤᠨ ᠰᠢᠷ᠎ᠠ ᠬᠤᠰᠢᠭᠤᠨ ᠤ ᠠᠷᠪᠠ᠂ ᠠᠷᠪᠠᠨ ᠨᠢᠭᠡᠳᠦᠭᠡᠷ ᠰᠤᠮᠤ ᠪᠠ ᠬᠤᠩᠳᠤᠭ ᠰᠤᠮᠤ ᠪᠣᠯᠠᠢ᠃ ᠮᠦᠨ ᠰᠢᠯᠤᠭᠤᠨ ᠣᠯᠠᠭᠠᠨ ᠬᠤᠰᠢᠭᠤᠨ ᠤ ᠠᠷᠪᠠᠨ ᠨᠢᠭᠡ ᠪᠠ ᠠᠷᠪᠠᠨ ᠬᠤᠶᠠᠳᠤᠭᠠᠷ ᠰᠤᠮᠤ ᠪᠣᠯ ᠪᠠᠰᠠᠴᠤ ᠴᠠᠬᠠᠷ ᠲᠤ ᠰᠠᠴᠤᠵᠤ ᠬᠤᠯᠢᠭᠰᠠᠨ ᠬᠦᠬᠡ‍ᠨᠠᠭᠤᠷ ᠤᠨ ᠥᠭᠡᠯᠡᠳᠴᠦᠳ ᠶᠤᠮ᠃ ᠡᠭᠦᠨ ᠡᠴᠡ ᠭᠠᠳᠠᠨ᠎ᠠ ᠬᠦᠬᠡ‍ᠨᠠᠭᠤᠷ ᠤᠨ ᠪᠠᠷᠠᠭᠤᠨ ᠡᠴᠡ ᠨᠡᠭᠦᠯᠭᠡᠵᠤ ᠠᠪᠠᠴᠢᠷᠠᠭᠰᠠᠨ ᠭᠦᠭᠡ ᠨᠤᠭᠤᠳ ᠣᠪᠣᠭᠳᠠᠨ ᠥᠭᠡᠯᠡᠳ ᠢ ᠭᠦᠪᠠᠭᠡᠳᠤ ᠭᠦᠭᠡ ᠬᠤᠰᠢᠭᠤᠨ ᠤ ᠨᠢ᠋ᠮᠠᠳᠤᠭᠠᠷ ᠰᠤᠮᠤᠨ ᠳᠤ ᠣᠷᠤᠭᠤᠯᠵᠤ ᠰᠢᠠᠵᠢᠶᠠᠩ ᠤᠨ ᠢᠯᠢ ᠣᠷᠤᠨ ᠡᠴᠡ ᠨᠡᠭᠦᠯᠭᠡᠵᠤ ᠢᠷᠡᠭ᠍ᠰᠡᠨ ᠥᠭᠡᠯᠡᠳᠴᠦᠳ ᠢ ᠭᠦᠪᠠᠭᠡᠳᠤ ᠭᠦᠭᠡ ᠬᠤᠰᠢᠭᠤᠨ ᠤ ᠵᠢᠷᠭᠤᠳᠤᠭᠠᠷ ᠰᠤᠮᠤᠨ ᠳᠤ ᠬᠤᠯᠢᠵᠤ ᠣᠷᠤᠭᠤᠯᠤᠨ ᠨᠤᠳᠤᠭᠯᠠᠭᠤᠯᠤᠭᠰᠠᠨ ᠪᠢᠯᠠ᠃

ᠥᠭᠡᠯᠡᠳᠴᠦᠳ ᠪᠣᠯ ᠡᠷᠡᠯᠭᠡᠭ᠌ ᠪᠠᠭᠠᠳᠤᠷᠯᠢᠭ᠂ ᠠᠵᠢᠯᠴᠢ ᠭᠦᠳᠡᠯᠮᠦᠷᠢᠴᠢ᠂ ᠦᠨᠡᠠᠴᠢ ᠰᠢᠳᠤᠷᠭᠤ᠂ ᠳᠠᠢ᠌ᠴᠢᠨ ᠣᠪᠣᠭ ᠠᠢ᠌ᠮᠠᠭ ᠶᠤᠮ᠃ ᠳᠠᠳᠠᠨ ᠤ ᠳᠤᠳᠤᠷ᠎ᠠ ᠡᠴᠡ ᠦᠢ᠌ ᠲᠦᠮᠡᠨ ᠪᠠᠭᠠᠳᠤᠷ ᠤᠳ ᠴᠤᠯᠭᠤᠷᠠᠨ ᠭᠠᠷᠤᠭᠰᠠᠨ ᠪᠢᠯᠠ᠃


ᠯᠠᠮᠤᠵᠠᠪ᠄ ᠳᠢᠩᠭᠢᠮ ᠤᠨ ᠳᠠᠰ ᠤᠨ ᠠᠬᠠᠮᠠᠤᠨ ᠺᠠᠳᠠᠷ ᠯᠠᠮᠤᠵᠠᠪ ᠣᠤᠯ ᠤᠨ ᠴᠠᠬᠠᠷ ᠠᠢ᠌ᠮᠠᠭ ᠤᠨ ᠭᠦᠪᠠᠭᠡᠳᠤ ᠰᠢᠷ᠎ᠠ ᠬᠤᠰᠢᠭᠤᠨ ᠤ ᠥᠭᠡᠯᠡᠳ 13 ᠳ᠋ᠤᠭᠠᠷ ᠰᠤᠮᠤᠨ ᠤ ᠭᠦᠮᠤᠨ᠃ ᠪᠠᠭ᠎ᠠ ᠳᠠᠭᠠᠨ ᠭᠡᠷ ᠲᠡᠭᠡᠨ ᠪᠢᠴᠢᠭ᠌ ᠦᠵᠡᠵᠤ ᠵᠠᠯᠠᠭᠤ ᠨᠠᠰᠤᠨ ᠳᠠᠭᠠᠨ ᠪᠠᠭᠡᠵᠢᠩ ᠳ᠋ᠠᠭᠢ ᠮᠤᠩᠭ᠋ᠤᠯ ᠲᠦᠪᠡᠳ ᠤᠨ ᠰᠤᠷᠭᠠᠭᠤᠯᠢ ᠳᠤ ᠰᠤᠷᠤᠯᠴᠠᠵᠠᠢ᠃ 1945 ᠣᠨ ᠤ 11 ᠰᠠᠷ᠎ᠠ ᠳᠤ ᠬᠤᠪᠢᠰᠬᠠᠯ ᠤᠨ ᠠᠵᠢᠯ ᠳᠤ ᠣᠷᠤᠯᠴᠠᠵᠤ ᠥᠪᠠᠷᠳᠡᠭᠡᠨ ᠵᠠᠰᠠᠬᠤ ᠭᠦᠳᠡᠯᠭᠡᠭᠡᠨ ᠤ ᠬᠤᠯᠪᠣᠭᠠᠳᠤ ᠬᠤᠷᠠᠯ ᠢ ᠵᠤᠬᠢᠶᠠᠨ ᠪᠠᠢ᠌ᠭᠤᠯᠬᠤ ᠠᠵᠢᠯ ᠳᠤ ᠢᠳᠠᠪᠭᠢᠳᠠᠢ ᠣᠷᠤᠯᠴᠠᠵᠤ ᠠᠵᠢᠯᠯᠠᠵᠠᠢ᠃ ᠯᠠᠮᠤᠵᠠᠪ ᠡᠷᠳᠡᠮ ᠮᠡᠳᠡᠯᠭᠡ ᠲᠡᠶ᠂ ᠡᠯᠪᠠᠭ᠌ ᠪᠠᠶᠠᠯᠢᠭ ᠠᠵᠢᠯ ᠤᠨ ᠳᠤᠷᠰᠢᠯᠭ᠎ᠠ ᠲᠡᠶ ᠭᠦᠮᠤᠨ ᠣᠴᠢᠷ 1946 ᠣᠨ ᠡᠴᠡ 1948 ᠣᠨ ᠭᠦᠷᠳᠡᠯ᠎ᠡ ᠴᠠᠬᠠᠷ ᠠᠢ᠌ᠮᠠᠭ ᠤᠨ ᠳᠠᠳ᠋ ᠳᠠᠷᠤᠭ᠎ᠠ ᠪᠠᠷ ᠠᠵᠢᠯᠯᠠᠪᠠ᠃ 1949 ᠣᠨ ᠡᠴᠡ ᠬᠣᠢ᠌ᠰᠢ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠺᠠᠳ᠋ᠷ ᠤᠨ ᠰᠤᠷᠭᠠᠭᠤᠯᠢ᠂ ᠨᠠᠮ ᠤᠨ ᠰᠤᠷᠭᠠᠭᠤᠯᠢ ᠳᠤ ᠳᠠᠳ᠋ ᠵᠠᠭᠢᠷᠤᠯ ᠶᠢᠡᠷ ᠠᠵᠢᠯᠯᠠᠵᠤ ᠳᠠᠷᠠᠭ᠎ᠠ ᠨᠢ ᠮᠠᠯ ᠠᠵᠤ ᠠᠬᠤᠢ ᠶᠢᠨ ᠳᠢᠩᠭᠢᠮ ᠤᠨ ᠵᠥᠪᠯᠡᠭ᠍ᠴᠢ ᠶᠢᠨ ᠳᠤᠰᠢᠶᠠᠯ ᠢ ᠬᠠᠷᠢᠭᠤᠴᠠᠨ ᠠᠵᠢᠯᠯᠠᠵᠤ ᠪᠠᠢ᠌ᠭᠠᠤᠨ 1982 ᠣᠨ ᠳᠤ ᠠᠵᠢᠯ ᠤᠨ ᠠᠮᠠᠷᠠᠯᠳᠠ ᠪᠠᠨ ᠠᠪᠣᠭᠰᠠᠨ ᠪᠢᠯᠠ᠃

ᠳ᠋ᠠᠩᠵᠢᠨ᠄ ᠴᠠᠬᠠᠷ ᠰᠢᠯᠤᠭᠤᠨ ᠭᠦᠭᠡ ᠬᠤᠰᠢᠭᠤᠨ ᠤ ᠥᠭᠡᠯᠡᠳ ᠶ‍ᠢᠰᠦᠳᠦᠭᠡᠷ ᠰᠤᠮᠤᠨ ᠤ ᠭᠦᠮᠤᠨ᠃ ᠳᠤᠰ ᠰᠤᠮᠤᠨ ᠤ ᠪᠠᠨ ᠰᠢᠷᠠᠬᠤ ᠵᠠᠩᠭᠢ ᠪᠠᠢ᠌ᠵᠠᠢ᠃ ᠥᠭᠡᠯᠡᠳ ᠤᠨ ᠵᠠᠩ ᠣᠢ᠌ᠯᠠ᠂ ᠨᠤᠳᠤᠭ ᠣᠰᠤ᠂ ᠡᠭᠦᠰᠦᠯ ᠭᠠᠷᠤᠯ ᠤᠨ ᠳᠤᠬᠠᠢ ᠥᠷᠭᠡᠨ ᠮᠡᠳᠡᠯᠭᠡ ᠲᠡᠶ ᠪᠣᠶᠠᠠᠳᠤ ᠪᠣᠭᠤᠷᠤᠯ ᠨᠠᠰᠤᠳᠠᠨ᠂ ᠰᠢᠯᠤᠭᠤᠨ ᠭᠦᠭᠡ ᠬᠤᠰᠢᠭᠤᠨ ᠤ ᠥᠭᠡᠯᠡᠳ ᠤᠨ ᠳᠤᠬᠠᠢ ᠬᠤᠪᠣᠷ ᠨᠠᠠᠳᠢᠨ ᠳᠡᠦᠭᠡ ᠳᠡᠮᠳᠡᠭᠯᠡᠯ᠂ ᠥᠯᠢᠭᠡᠷ ᠳᠤᠮᠤᠭ ᠥᠯᠡᠳᠡᠭᠡᠭ᠍ᠰᠡᠨ ᠰᠤᠶᠤᠯ ᠤᠨ ᠵᠢᠦᠡᠭᠦᠯᠳᠡᠨ᠃

ᠱ·ᠳᠦᠩᠰᠢᠭ᠌ ᠴᠠᠬᠠᠷ ᠵᠡᠭᠦᠨ ᠭᠠᠷ ᠤᠨ ᠮᠢᠩᠭ᠋ᠠᠨ ᠬᠤᠰᠢᠭᠤᠨ ᠤ ᠰᠢᠯᠤᠭᠤᠨ ᠰᠢᠷ᠎ᠠ ᠥᠭᠡᠷᠴᠢᠨ ᠰᠥᠷᠦᠭ᠌ ᠤᠨ ᠭᠦᠮᠤᠨ 1937 ᠣᠨ ᠳᠤ ᠲᠦᠷᠦᠵᠠᠢ᠃ ᠨᠠᠢ᠌ᠷᠠᠭᠤᠯᠤᠭᠴᠢ ᠴᠤᠯᠠ ᠲᠡᠶ᠃ ᠳᠤᠮᠳᠠᠳᠤ ᠣᠯᠤᠰ ᠤᠨ ᠮᠤᠩᠭ᠋ᠤᠯ ᠳᠡᠦᠭᠡ ᠶᠢᠨ ᠰᠤᠳᠤᠯᠭᠠᠨ ᠤ ᠨᠡᠢ᠌ᠭᠡᠮᠯᠢᠭ᠌ ᠤᠨ ᠭᠡᠰᠢᠭᠦᠨ᠂ ᠮᠤᠩᠭ᠋ᠤᠯ ᠣᠪᠣᠭ ᠤᠨ ᠳᠤᠪᠴᠢᠶᠠᠨ ᠵᠡᠷᠭᠡ ᠵᠤᠬᠢᠶᠠᠯ ᠪᠦᠳᠦᠭᠡᠯ ᠲᠡᠶ᠃ ᠰᠢᠯᠤᠭᠤᠨ ᠭᠦᠭᠡ ᠬᠤᠰᠢᠭᠤᠨ ᠤ ᠱᠠᠩᠳᠤ ᠪᠠᠯᠭᠠᠰᠤᠨ ᠳᠤ ᠰᠠᠭᠤᠵᠤ ᠪᠣᠢ᠃

ᠵᠤᠬᠢᠶᠠᠭᠴᠢ᠄ ᠮᠢᠩᠭ᠋ᠠᠤᠨ·ᠱ·ᠳᠦᠩᠰᠢᠭ᠌
ᠢᠷᠡᠯᠲᠡ᠄ ᠥᠭᠡᠯᠡᠳ ᠭᠠᠯᠳᠠᠨ ᠬᠠᠩᠭᠠᠪᠠ
ᠬᠠᠷᠢᠶ᠎ᠠ᠄ ᠮᠤᠩᠭᠤᠯ ᠲᠡᠦᠬᠡ
ᠳᠠᠷᠤᠮ᠄ 2945
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁