ᠪᠣᠷᠬᠠᠨ ᠰᠡᠳᠭᠢᠯ ᠲᠡᠶ ᠡᠮᠡᠭᠡ

ᠡᠮᠡᠭᠡ ᠮᠢᠨᠢ ᠪᠣᠷᠬᠠᠨ ᠪᠣᠯᠤᠭᠠᠤᠨ ᠨᠢᠭᠡᠨᠲᠡ ᠳᠠᠪᠢᠨ ᠣᠨ ᠪᠣᠯᠤᠯ᠎ᠠ᠃

ᠳᠡᠭᠦᠨ ᠤ ᠮᠦᠩᠭᠦᠨ ᠪᠣᠭᠤᠷᠤᠯ ᠭᠡᠵᠢᠭᠡ ᠪᠠ ᠨᠢᠭᠦᠯᠡᠰᠦᠩᠭᠦᠢ ᠵᠢᠰᠤ ᠴᠢᠷᠠᠢ ᠨᠢ ᠰᠠᠨᠠᠭᠳᠠᠭᠠᠤᠨ ᠪᠠᠢ᠌ᠨ᠎ᠠ᠂ ᠬᠠᠷᠠᠭᠳᠠᠭᠠᠤᠨ ᠪᠠᠢ᠌ᠨ᠎ᠠ᠃

ᠬᠤᠷᠴᠠ ᠨᠠᠷᠠᠨ ᠳᠤ ᠭᠠᠩᠳᠠᠵᠤ ᠬᠤᠵᠠᠢ᠌ᠭᠰᠠᠨ ᠪᠣᠷᠤ ᠴᠠᠮᠴᠠ ᠪᠠᠨ ᠡᠮᠦᠰᠦᠭᠡᠳ᠂ ᠵᠠᠭᠤ ᠨᠢ᠋ᠮᠠᠨ ᠦᠷᠢᠯ ᠽᠠᠠᠳᠠᠨ ᠡᠷᠢᠭᠡ ᠶᠢ ᠭᠦᠵᠦᠭᠦᠨ ᠳᠡᠭᠡᠨ ᠵᠡᠭᠦᠭᠡᠳ ᠢᠷᠠᠵᠤ ᠶᠠᠪᠣᠮᠠᠷ᠃ ᠭᠦᠢᠳᠡᠨ ᠨᠣᠢ᠌ᠳᠠᠨ ᠳᠤ ᠡᠮᠵᠡᠭ᠌ ᠪᠣᠯᠤᠭᠰᠠᠨ ᠦᠶ᠎ᠡ ᠭᠡᠰᠢᠭᠦᠤ ᠪᠠᠨ ᠡᠷᠭᠦᠵᠤ ᠶᠠᠳᠠᠨ᠂ ᠬᠤᠶᠠᠷ ᠭᠦᠯ ᠶᠢᠡᠨ ᠳᠠᠭᠠᠵᠤ ᠶᠠᠳᠠᠨ ᠳᠡᠪᠰᠢᠭᠦᠯᠵᠤ ᠢᠷᠠᠮᠠᠷ ᠪᠠᠢ᠌ᠨ᠎ᠠ᠃ ᠭᠡᠭᠦ ᠳᠡᠭᠡᠨ ᠳᠠᠷᠠ ᠮᠢᠨᠢ ᠭᠠᠷ ᠤᠨ ᠠᠯᠠᠭ᠎ᠠ ᠬᠠᠪᠰᠤᠷᠤᠨ ᠴᠡᠭᠡᠵᠢᠨ ᠳᠤᠰᠢᠶ᠎ᠠ ᠭᠢᠴᠢᠶᠡᠩᠭᠦᠢᠯᠡᠨ ᠵᠠᠯᠪᠠᠷᠢᠵᠤ᠂ ᠬᠠᠮᠤᠭ ᠠᠮᠢᠳᠠᠨ ᠵᠢᠷᠭᠤᠭᠠᠨ ᠵᠣᠢ᠌ᠯ ᠢ ᠠᠶᠤᠯ ᠭᠠᠮᠰᠢᠭ ᠡᠴᠠ ᠭᠡᠯᠳᠦᠷᠢᠭᠦᠯᠭᠦ ᠪᠣᠯᠪᠠᠤ ᠭᠡᠮᠡᠨ ᠪᠣᠷᠬᠠᠨ ᠳᠤ ᠳᠠᠭᠠᠳᠬᠠᠨ ᠶᠠᠪᠣᠨ᠎ᠠ᠃ ᠪᠠᠰᠠ ᠦᠪᠡᠷ ᠤᠨ ᠦᠷ᠎ᠡ ᠠᠴᠢᠨᠠᠷ ᠤᠨ ᠠᠮᠤᠷ ᠵᠢᠷᠭᠠᠯ᠂ ᠣᠷᠳᠤ ᠨᠠᠰᠤᠯᠠᠨ ᠣᠳᠠᠭᠠᠨ ᠵᠢᠷᠭᠠᠬᠤ ᠶᠢ ᠪᠣᠷᠬᠠᠨ ᠡᠴᠠ ᠭᠤᠶᠤᠨ ᠮᠦᠷᠭᠦᠨ᠎ᠡ᠃ ᠮᠢᠨᠤ ᠡᠮᠡᠭᠡ ᠠᠮᠢᠳᠤ ᠰᠡᠷᠡᠭᠦᠨ ᠪᠠᠢ᠌ᠬᠤ ᠳᠠᠭᠠᠨ ᠡᠨᠡ ᠮᠠᠳᠤ ᠪᠠᠷ ᠰᠦᠮ᠎ᠡ ᠭᠡᠢ᠌ᠳ ᠲᠤ ᠮᠦᠷᠭᠦᠯ ᠭᠦᠭᠡᠭᠡᠨ ᠶᠠᠪᠣᠵᠤ᠂ ᠪᠣᠷᠬᠠᠨ ᠪᠣᠳᠢᠰᠠᠳᠠᠸ᠎ᠠ ᠪᠣᠯ ᠭᠦᠮᠤᠨ ᠤ ᠣᠷᠴᠢᠯᠠᠩ ᠤᠨ ᠭᠠᠰᠠᠯᠠᠩ ᠶᠢ ᠠᠷᠢᠯᠭᠠᠵᠤ᠂ ᠨᠢᠭᠦᠯ ᠢ ᠴᠡᠪᠠᠷᠯᠡᠭᠦ ᠷᠢᠳᠢ ᠰᠢᠳᠢ ᠲᠡᠶ ᠭᠡᠵᠤ ᠪᠠᠳᠤ ᠢᠳᠡᠭᠡᠳᠡᠭ᠌ ᠪᠠᠢ᠌ᠯ᠎ᠠ᠃

ᠢᠩᠭᠡᠭᠡᠳ ᠳᠠᠷᠠ ᠭᠡᠷ ᠲᠡᠭᠡᠨ ᠪᠠᠢ᠌ᠬᠤ ᠳᠠᠭᠠᠨ ᠪᠠᠷᠠᠭᠤᠨ ᠬᠠᠨ᠎ᠠ ᠶᠢᠨ ᠭᠦᠡᠳᠦᠳᠤ ᠪᠠᠢ᠌ᠷᠢᠨ ᠳᠤ ᠠᠷᠢᠶᠠᠪᠠᠯᠤ ᠶᠢᠨ ᠭᠦᠷᠦᠭ᠌ ᠢ ᠮᠦᠩᠭᠦᠨ ᠭᠦᠩᠭ᠋ᠡᠷᠪᠡ ᠳᠤ ᠵᠠᠯᠠᠵᠤ ᠳᠠᠭᠢᠭᠠᠤᠨ᠂ ᠳᠤᠭᠤᠰᠤ ᠰᠢᠷᠤᠢ ᠶᠢ ᠨᠢ ᠳᠠᠭᠢᠨ ᠳᠠᠭᠢᠨ ᠭᠦᠪᠢᠵᠤ ᠵᠥᠯᠭᠦᠭᠡᠳ ᠳᠠᠭᠢᠯ ᠳᠠᠯᠪᠢᠳᠠᠭ᠃ ᠭᠡᠭᠦ ᠳᠡᠭᠡᠨ ᠵᠠᠪᠠᠯ ᠭᠠᠷ ᠶᠢᠡᠨ ᠷᠠᠰᠢᠶᠠᠯᠠᠨ ᠴᠠᠪᠠᠷᠯᠠᠵᠤ᠂ ᠪᠣᠷᠬᠠᠨ ᠤ ᠳᠠᠢ᠌ᠵᠠ ᠶᠢ ᠥᠩᠭᠡ ᠭᠢᠯᠠᠯᠵᠠᠳᠠᠯ᠎ᠠ ᠠᠷᠴᠢᠨ᠎ᠠ᠃ ᠭᠦᠵᠢᠨ ᠤ ᠭᠦᠯᠢᠰ ᠲᠤ ᠨᠢᠭᠡ ᠮᠦᠷ ᠭᠦᠵᠢ ᠬᠠᠳᠬᠤᠵᠤ ᠠᠰᠠᠭᠠᠭᠠᠤᠨ᠂ ᠠᠭᠠᠷᠤ ᠽᠠᠠᠳᠠᠨ ᠤ ᠦᠨᠦᠷ ᠶᠢᠡᠷ ᠠᠯᠢᠪᠠ ᠶᠢ ᠠᠷᠢᠭᠤᠳᠬᠠᠨ᠂ ᠠᠮᠢ ᠪᠠᠶ᠎ᠠ ᠶᠢᠨ ᠰᠡᠳᠭᠢᠯ ᠤᠨ ᠊ᠭ᠍‍ᠬᠢᠷ ᠢ ᠴᠠᠪᠠᠷᠯᠠᠨ᠎ᠡ᠃ ᠵᠠᠯᠭᠠᠭᠠᠤᠨ ᠨᠢ᠋ᠮᠠᠨ ᠰᠠᠢ᠌ᠬᠠᠨ ᠮᠦᠩᠭᠦᠨ ᠴᠥᠭᠦᠴᠡ ᠳᠤ ᠳᠤᠰᠤ ᠳᠦᠭᠦᠷᠭᠡᠵᠤ᠂ ᠰᠢᠨ᠎ᠡ ᠭᠦᠪᠦᠩ ᠶᠢᠡᠷ ᠭᠤᠤᠯ ᠭᠢᠵᠤ ᠬᠠᠳᠬᠤᠭᠠᠤᠨ᠂ ᠭᠦᠵᠢ ᠶᠢᠨ ᠭᠠᠯ ᠶᠢᠡᠷ ᠨᠤᠴᠤᠭᠠᠨ ᠪᠣᠷᠬᠠᠨ ᠤ ᠡᠮᠤᠨ᠎ᠡ ᠵᠢᠭᠰᠠᠭᠠᠯ᠎ᠠ᠃ ᠴᠥᠭᠦᠴᠡ ᠶᠢᠨ ᠵᠤᠯᠠᠨ ᠤ ᠭᠡᠷᠡᠯ ᠨᠢ ᠪᠣᠷᠬᠠᠨ ᠤ ᠭᠦᠷᠦᠭ᠌ ᠲᠤ ᠳᠤᠯᠠᠰ ᠳᠤᠯᠠᠰ ᠳᠤᠰᠤᠭᠠᠤᠨ ᠡᠮᠡᠭᠡ ᠶᠢᠨ ᠵᠢᠷᠦᠭᠡ ᠰᠡᠳᠭᠢᠯ ᠢ ᠠᠷᠰᠢ ᠶᠢᠨ ᠣᠷᠤᠨ ᠳᠤ ᠰᠢᠯᠵᠢᠭᠦᠯᠦᠭᠡᠳ᠂ ᠰᠠᠠᠸᠠᠷᠳᠠᠨ ᠤ ᠠᠷᠢᠭᠤᠨ ᠰᠡᠳᠭᠢᠭ᠍ᠳᠡᠯ ᠳᠤ ᠳᠤᠩᠭ᠋ᠠᠪᠠ᠃

ᠵᠠᠯᠭᠠᠭᠠᠤᠨ ᠡᠮᠡᠭᠡ ᠮᠢᠨᠢ ᠭᠠᠮᠨᠠᠵᠤ ᠨᠠᠷᠢᠯᠢᠭ ᠬᠠᠳᠠᠭᠠᠯᠠᠭᠰᠠᠨ ᠪᠣᠤᠪᠣ ᠪᠣᠭᠤᠷᠰᠤᠭ᠂ ᠬᠤᠷᠤᠳ ᠳᠤᠰᠤ᠂ ᠣᠯᠠᠭᠠᠨ ᠴᠢᠪᠠᠭ᠎ᠠ ᠪᠠᠨ ᠰᠠᠪᠠᠯᠠᠵᠤ᠂ ᠪᠣᠷᠬᠠᠨ ᠤ ᠭᠦᠷᠦᠭ᠌ ᠤᠨ ᠡᠮᠤᠨ᠎ᠡ ᠳᠠᠯᠪᠢᠭᠠᠤᠨ᠂ ᠪᠣᠷᠬᠠᠨ ᠤ ᠠᠮᠠ ᠭᠦᠷᠭᠦ ᠶᠢ ᠣᠯᠵᠤ ᠬᠠᠷᠠᠭᠰᠠᠨ ᠰᠢᠭ᠌ ᠬᠠᠨᠤᠮᠵᠢᠳᠠᠢ ᠮᠦᠰᠢᠶᠠᠨ ᠪᠠᠢ᠌ᠭᠰᠠᠨ᠃

ᠪᠣᠷᠬᠠᠨ ᠰᠠᠭᠢᠭᠤᠯᠰᠤᠨ ᠳᠤ ᠦᠨᠡᠠᠴᠢ ᠪᠠᠢ᠌ᠬᠤ ᠪᠠᠨ᠂ ᠮᠡᠳᠡᠭ᠍ᠳᠡᠭᠦ ᠭᠡᠵᠤ ᠣᠨᠠᠵᠤ ᠮᠦᠷᠭᠦᠳᠡᠭ᠌᠃ ᠭᠡᠭᠦ ᠳᠡᠭᠡᠨ ᠣᠷᠢᠳᠠᠪᠠᠷ ᠬᠤᠶᠠᠷ ᠡᠪᠦᠳᠦᠭ᠌ ᠨᠤᠭᠤᠯᠤᠨ ᠰᠥᠭᠦᠳᠦᠭᠡᠳ ᠪᠦᠭᠦ ᠪᠠᠶ᠎ᠠ ᠳᠤᠷᠤᠭᠰᠢ ᠬᠠᠠᠳᠤᠨ ᠭᠠᠵᠠᠷ ᠲᠤ ᠨᠠᠭᠠᠯᠳᠤᠨ ᠮᠦᠷᠭᠦᠵᠤ᠂ ᠬᠤᠶᠠᠷ ᠭᠠᠷ ᠰᠤᠩᠭ᠋ᠠᠨ ᠭᠠᠵᠠᠷ ᠢ ᠲᠦᠰᠢᠵᠤ ᠪᠣᠰᠤᠭᠠᠤᠨ ᠳᠠᠭᠢᠨ ᠭᠡᠪᠳᠡᠵᠤ᠂ ᠭᠡᠳᠤ ᠳᠠᠭᠢᠨ ᠢᠩᠭᠢᠵᠤ ᠮᠦᠷᠭᠦᠳᠡᠭ᠌᠃ ᠡᠭᠦᠨ ᠢ ᠪᠠᠨ ᠪᠠᠰᠠ ᠰᠤᠠᠵᠤ ᠮᠦᠷᠭᠦᠭᠦ ᠭᠡᠨ᠎ᠡ᠃ ᠰᠥᠰᠦᠭ᠌ ᠪᠢᠰᠢᠷᠠᠯ ᠤᠨ ᠲᠤᠢ᠌ᠯ ᠪᠣᠯᠤᠭᠰᠠᠨ ᠪᠦᠭᠡᠳ ᠥᠳᠡᠯᠦᠭᠡ ᠨᠠᠰᠤᠨ ᠤ ᠳᠠᠮᠢᠷ ᠤᠨ ᠭᠦᠳᠡᠯᠭᠡᠭᠡᠨ ᠴᠤ ᠪᠣᠯᠵᠤ ᠪᠠᠢ᠌ᠭᠰᠠᠨ᠃

ᠶᠡᠭᠡᠯ᠎ᠡ ᠠᠮᠢᠰᠬᠤᠭᠠᠳᠠᠨ ᠪᠣᠰᠴᠤ ᠰᠠᠭᠤᠭᠠᠤᠨ ᠬᠤᠶᠠᠷ ᠨᠢᠳᠤ ᠪᠠᠨ ᠬᠠᠭᠠᠰ ᠠᠨᠢᠯᠭᠠᠵᠤ᠂ ᠪᠠᠷᠠᠭᠤᠨ ᠭᠠᠷ ᠤᠨ ᠡᠷᠡᠭᠡᠢ ᠬᠤᠷᠤᠭᠤ ᠪᠠᠷ ᠮᠠᠨᠢ ᠳᠤᠭᠠᠯᠠᠵᠤ 《ᠣᠮ ᠮᠠ ᠨᠢ ᠪᠠᠤᠨ ᠮᠠᠢ ᠬᠤᠩ》 ᠭᠡᠵᠤ ᠮᠠᠨᠢ ᠵᠢᠷᠭᠤᠭᠠᠨ ᠦᠰᠦᠭ᠌ ᠢ ᠳᠠᠭᠢᠨ ᠳᠠᠭᠢᠨ ᠣᠩᠰᠢᠨ᠎ᠠ᠃ ᠳᠡᠭᠡᠭᠡᠳ ᠡᠳᠦᠷ ᠤᠨ ᠴᠢᠨᠡᠭᠡ ᠪᠠᠷ ᠮᠢᠩᠭ᠎ᠠ ᠲᠦᠮᠡᠨ ᠣᠳᠠᠭ᠎ᠠ ᠣᠩᠰᠢᠪᠠᠯ ᠨᠠᠩ ᠣᠯᠠᠨ ᠪᠣᠶᠠᠨ ᠢ ᠬᠤᠷᠢᠶᠠᠨ ᠣᠯᠤᠨ᠎ᠠ ᠭᠡᠵᠤ ᠳᠠᠷᠠ ᠪᠠᠳᠤ ᠢᠳᠡᠭᠡᠵᠤ ᠪᠠᠢ᠌ᠯ᠎ᠠ᠃ ᠪᠢ ᠰᠤᠨᠢᠷᠬᠠᠵᠤ ᠣᠴᠢᠷ ᠢ ᠨᠢ ᠠᠰᠠᠭᠤᠭᠰᠠᠨ ᠳᠤ ᠡᠮᠡᠭᠡ᠄

᠊᠊᠊᠊᠊᠊᠊᠊᠊᠊᠊᠊᠊᠊᠊ ᠪᠣᠶᠠᠨ ᠬᠤᠷᠢᠶᠠ᠂ ᠨᠢᠭᠦᠯ ᠪᠣᠤ ᠭᠢ ᠭᠡᠰᠡᠨ ᠥᠭᠡ ᠭᠡᠪᠡ᠃ ᠡᠨᠡ ᠥᠭᠡ ᠶᠢ ᠪᠢ ᠦᠨᠡᠨ ᠶᠤᠰᠤ ᠭᠡᠵᠤ ᠪᠠᠳᠤ ᠢᠳᠡᠭᠡᠨ ᠨᠢᠭᠡ ᠨᠠᠰᠤᠨ ᠤ ᠠᠮᠢᠳᠤᠷᠠᠯ ᠤᠨ ᠵᠠᠮ ᠤᠨ ᠴᠢᠭᠯᠡᠭᠦᠷ ᠪᠣᠯᠭᠠᠭᠰᠠᠨ ᠶᠤᠮ᠃ ᠭᠡᠪᠠᠴᠤ ᠪᠠᠭ᠎ᠠ ᠶᠢᠨ ᠦᠶ᠎ᠡ ᠳᠤ ᠣᠬᠠᠭᠠᠨ ᠦᠭᠡᠶ ᠡᠴᠠ ᠪᠣᠯᠵᠤ ᠪᠠᠭ᠎ᠠ ᠪᠤᠰᠤ ᠨᠢᠭᠦᠯ ᠭᠢᠵᠤ ᠪᠠᠢ᠌ᠪᠠ᠃

᠁ ᠁

ᠪᠣᠢ᠌ᠳᠠ ᠪᠦᠭᠯᠡᠭᠦᠤ ᠭᠦᠳᠡᠭᠡ ᠳᠤᠰᠬᠤᠨ ᠳᠤ ᠶᠠᠷᠤ ᠨᠢ ᠪᠦᠮᠪᠦᠭᠡ ᠣᠯᠵᠤ ᠨᠠᠭᠠᠳᠬᠤ ᠦᠭᠡᠶ ᠪᠠᠢ᠌ᠭᠰᠠᠨ ᠪᠣᠯᠬᠤᠷ ᠪᠢ ᠪᠣᠯᠵᠤᠮᠤᠷ ᠰᠢᠪᠠᠤᠬᠠᠢ ᠪᠠᠷᠢᠬᠤ ᠪᠠᠷ ᠳᠤᠭᠯᠠᠭᠠᠮ ᠪᠣᠯᠭᠠᠵᠤ ᠪᠠᠢ᠌ᠯ᠎ᠠ᠃ ᠨᠢᠭᠡᠨ ᠣᠳᠠᠭ᠎ᠠ ᠬᠤᠶᠠᠷ ᠪᠦᠳᠦᠨ᠎ᠡ ᠪᠠᠷᠢᠭᠠᠤᠨ ᠰᠢᠩᠭᠡᠯᠢᠭ᠌ ᠲᠤ ᠬᠤᠷᠢᠵᠤ᠂ ᠮᠤᠳᠤᠨ ᠰᠠᠯᠠᠭᠠᠨ ᠳᠤ ᠳᠡᠭᠦᠵᠢᠯᠡᠭᠡᠳ ᠬᠤᠯᠠ ᠡᠴᠠ ᠰᠤᠷ ᠬᠠᠷᠪᠣᠵᠤ ᠳᠤᠭᠯᠠᠭᠠᠮ ᠪᠣᠯᠭᠠᠭᠰᠠᠨ᠎ᠠ᠂ ᠨᠢᠭᠡ ᠨᠢ ᠰᠤᠮᠤᠨ ᠳᠤ ᠣᠨᠤᠭᠳᠠᠨ ᠥᠭᠦᠭᠡᠳ᠂ ᠨᠥᠭᠦᠭᠡ ᠨᠢ ᠰᠢᠷᠬᠠᠳᠠᠵᠤ᠂ ᠴᠢᠰᠤ ᠴᠤᠪᠣᠷᠢᠭᠤᠯᠤᠨ ᠠᠮᠢ ᠳᠠᠮᠠᠴᠠᠨ ᠳᠠᠯᠴᠢᠯᠠᠵᠤ ᠪᠠᠢ᠌ᠪᠠ᠃ ᠡᠭᠦᠨ ᠢ ᠡᠮᠡᠭᠡ ᠣᠯᠵᠤ ᠥᠵᠡᠭᠡᠳ ᠳᠠᠭᠤ ᠠᠯᠳᠠᠨ ᠭᠠᠷᠴᠤ ᠢᠷᠡᠭᠡᠳ ᠭᠠᠷ ᠱᠥᠭᠦᠷ ᠤᠨ ᠡᠰᠢ ᠪᠠᠷ ᠮᠢᠨᠤ ᠪᠦᠭ᠍ᠰᠡ ᠶᠢ ᠵᠤᠳᠤᠵᠤ᠂ ᠠᠮᠠᠨ ᠳᠠᠭᠠᠨ ᠳᠠᠷᠨᠢ ᠣᠩᠰᠢᠨ ᠠᠪᠣᠷᠠᠯ ᠡᠷᠢᠨ ᠄

᠊᠊᠊᠊᠊᠊᠊᠊᠊᠊᠊᠊᠊᠊᠊᠊᠊᠊᠊᠊᠊ ᠳᠠᠯᠪᠢᠵᠤ ᠶᠠᠪᠣᠭᠤᠯ ︕ ᠪᠣᠰᠢᠭᠤ ᠭᠡᠵᠤ ᠵᠠᠩᠳᠤᠷᠪᠠ᠃

ᠢᠩᠭᠢᠭᠡᠳ ᠪᠢ ᠴᠡᠭᠡᠷᠯᠡᠯ ᠪᠣᠯᠭᠠᠵᠤ ᠵᠢᠵᠢᠭ᠌ ᠠᠮᠢᠳᠠᠨ ᠤ ᠠᠮᠢ ᠨᠠᠰᠤᠨ ᠳᠤ ᠭᠠᠷ ᠭᠦᠷᠭᠦ ᠪᠠᠨ ᠵᠢᠷᠦᠭᠡᠰᠢᠭᠦ ᠪᠣᠯᠵᠠᠢ᠃ ᠳᠡᠭᠡᠭᠡᠳ ᠣᠳᠤ ᠶᠠᠭᠤ ᠪᠠᠷ ᠳᠤᠭᠯᠠᠭᠠᠮ ᠪᠣᠯᠭᠠᠬᠤ ᠪᠣᠢ ᠭᠡᠵᠤ ᠪᠠᠢ᠌ᠳᠠᠯ᠎ᠠ ᠭᠠᠴᠠᠭᠠᠨ ᠤ ᠡᠷᠦᠭᠡ ᠶᠢᠨ ᠴᠡᠷᠢᠭ᠌ ᠤᠳ ᠶᠠᠫᠣᠨ ᠰᠠᠷᠮᠠᠢ ᠶᠢ ᠳᠤᠨᠢᠯᠭᠠᠨ᠎ᠠ ᠭᠡᠵᠤ ᠭᠦᠮᠤᠨ ᠪᠦᠷᠢ ᠣᠯᠠᠭᠠᠨ ᠵᠠᠯᠠᠭᠠᠳᠤ ᠵᠢᠳᠠ ᠶᠢᠨ ᠡᠷᠳᠡᠮ ᠪᠣᠯᠪᠠᠰᠤᠷᠠᠭᠤᠯᠵᠤ᠂ ᠶᠡᠭᠡ ᠳᠠᠭᠤᠨ ᠶᠢᠡᠷ ᠄ 《ᠠᠯᠠ ︕ ᠠᠯᠠ ︕》 ᠭᠡᠵᠤ ᠪᠠᠢ᠌ᠪᠠ᠃ ᠡᠭᠦᠨ ᠢ ᠪᠢ ᠶᠡᠭᠡ ᠪᠠᠬᠠᠷᠠᠨ ᠬᠠᠷᠠᠵᠤ᠂ ᠪᠠᠰᠠ ᠨᠢᠭᠡ ᠣᠯᠠᠭᠠᠨ ᠵᠠᠯᠠᠭᠠᠳᠤ ᠵᠢᠳᠠ ᠣᠯᠤᠭᠠᠤᠨ ᠡᠪᠠᠰᠤᠨ ᠭᠦᠮᠤᠨ ᠪᠣᠰᠬᠠᠵᠤ᠂ ᠳᠡᠭᠦᠨ ᠢ ᠭᠦᠴᠤᠨ ᠴᠢᠨᠡᠭᠡ ᠪᠠᠷ ᠵᠢᠳᠠᠯᠠᠨ᠂ ᠳᠤᠭᠯᠠᠭᠠᠮ ᠪᠣᠯᠭᠠᠵᠤ ᠪᠠᠢ᠌ᠯ᠎ᠠ᠃ ᠵᠢᠳᠠᠨ ᠤ ᠡᠷᠳᠡᠮ ᠪᠣᠯᠪᠠᠰᠤᠷᠠᠬᠤ ᠶᠢᠨ ᠵᠡᠷᠭᠡ ᠪᠠᠷ ᠵᠤᠷᠢᠭ ᠰᠦᠰᠦ ᠴᠤ ᠨᠡᠮᠡᠭ᠍ᠳᠡᠪᠡ᠃ ᠨᠢᠭᠡᠨ ᠦᠳᠡᠰᠢ ᠮᠠᠯ ᠤᠨ ᠬᠠᠰᠢᠶᠠᠨ ᠳᠤ ᠭᠡᠳᠤᠨ ᠴᠢᠨ᠋ᠸ᠎ᠠ ᠣᠷᠤᠵᠤ ᠢᠷᠡᠭ᠍ᠰᠡᠨ ᠴᠢᠮᠡᠭᠡ ᠪᠠᠷ ᠪᠢ ᠣᠯᠠᠭᠠᠨ ᠵᠠᠯᠠᠭᠠᠳᠤ ᠵᠢᠳᠠ ᠪᠠᠨ ᠰᠢᠭᠦᠷᠤᠨ ᠠᠪᠴᠤ ᠭᠠᠷᠤᠭᠠᠤᠨ ᠭᠡᠳᠤᠨ ᠴᠢᠨ᠋ᠸ᠎ᠠ ᠶᠢ ᠭᠦᠭᠡᠭᠡᠨ ᠶᠠᠪᠣᠭᠤᠯᠵᠤ ᠨᠢᠭᠡ ᠪᠠᠯᠳᠡᠷᠡᠭᠡ ᠶᠢ ᠨᠢ ᠵᠢᠳᠠᠯᠠᠨ ᠠᠯᠠᠵᠠᠢ᠃ ᠡᠭᠦᠨ ᠢ ᠡᠮᠡᠭᠡ ᠣᠯᠵᠤ ᠥᠵᠡᠭᠡᠳ ᠭᠠᠷ ᠤᠨ ᠠᠯᠠᠭ᠎ᠠ ᠬᠠᠪᠰᠤᠷᠤᠨ ᠮᠠᠩᠨᠠᠢ ᠳᠡᠭᠡᠷ᠎ᠡ ᠪᠠᠨ ᠵᠠᠯᠪᠠᠷᠢᠨ᠂ ᠳᠠᠷᠨᠢ ᠣᠩᠰᠢᠵᠤ᠄

᠊᠊᠊᠊᠊᠊᠊᠊᠊᠊᠊᠊᠊᠊᠊᠊᠊᠊᠊ ᠭᠦᠭᠡᠷᠦᠭᠦᠢ᠂ ᠭᠡᠮ ᠦᠭᠡᠶ ᠵᠢᠭᠠᠬᠠᠨ ᠠᠮᠢᠳᠠᠨ ᠡ ︕ ᠡᠭᠦᠨ ᠤ ᠬᠠᠷᠢᠭᠤ ᠳᠤ ᠪᠢ᠄

᠊᠊᠊᠊᠊᠊᠊᠊᠊᠊᠊᠊᠊᠊᠊ ᠰᠢᠨᠤᠬᠠᠢ ᠴᠢᠨ᠋ᠸ᠎ᠠ ᠶᠢ ᠠᠯᠠᠬᠤ ᠦᠭᠡᠶ ᠳᠡᠭᠡᠭᠡᠳ ᠶᠠᠭᠠᠭᠢᠨ᠎ᠠ ᠳ᠋ᠠ ᠭᠡᠵᠤ ᠠᠰᠠᠭᠤᠭᠰᠠᠨ ᠳᠤ᠄

᠊᠊᠊᠊᠊᠊᠊᠊᠊᠊᠊᠊᠊᠊᠊ ᠨᠢᠭᠦᠯ ᠡ᠂ ᠨᠢᠭᠦᠯ᠂ ᠨᠢᠭᠦᠯ ᠤᠨ ᠰᠠᠪᠠ ᠨᠢ ᠳᠦᠭᠦᠷᠡᠪᠠᠯ ᠰᠢᠨᠤᠬᠠᠢ ᠠᠮᠢᠳᠠᠨ ᠠᠶᠠᠠᠳᠠᠭᠠᠨ ᠦᠷ᠎ᠡ ᠨᠢ ᠳᠡᠰᠦᠷᠡᠵᠤ᠂ ᠥᠭᠦᠵᠤ ᠠᠷᠢᠯᠠᠬᠤ ᠶᠤᠮ ᠡ᠃

᠁ ᠁

ᠳᠠᠷᠠᠭ᠎ᠠ ᠡᠳᠦᠷ ᠨᠢ ᠶᠠᠭᠠᠭᠢᠭᠰᠠᠨ ᠢ ᠪᠣᠤ ᠮᠠᠳᠠ᠂ ᠡᠮᠡᠭᠡ ᠮᠢᠨᠢ ᠮᠠᠨᠢ ᠳᠤ ᠰᠠᠭᠤᠵᠤ ᠡᠭᠢᠯᠡᠪᠡ᠃ ᠭᠡᠭᠦ ᠳᠡᠭᠡᠨ ᠭᠤᠷᠪᠠᠨ ᠡᠳᠦᠷ ᠭᠤᠷᠪᠠᠨ ᠰᠦᠨᠢ ᠬᠤᠭᠤᠯᠠ ᠣᠮᠳᠠ ᠦᠭᠡᠶ ᠬᠤᠭᠤᠰᠤᠨ ᠰᠠᠭᠤᠵᠤ᠂ ᠭᠦᠮᠤᠨ ᠲᠡᠶ ᠥᠭᠡ ᠭᠡᠯᠡᠯᠴᠡᠭᠦ ᠦᠭᠡᠶ ᠮᠠᠨᠢ ᠳᠤᠭᠠᠯᠠᠵᠤ ᠄ 《ᠪᠣᠶᠠᠨ ᠭᠡᠰᠢᠭ᠌ ᠤᠨ ᠨᠤᠮ》 ᠊ᠢ ᠣᠩᠰᠢᠵᠤ᠂ ᠪᠠᠶ᠎ᠠ ᠪᠠᠨ ᠵᠦᠳᠡᠭᠡᠵᠤ ᠪᠠᠢ᠌ᠭᠠᠤᠨ ᠪᠣᠷᠬᠠᠨ ᠡᠴᠠ ᠶᠠᠯ᠎ᠠ ᠭᠡᠯᠳᠦᠷᠢᠭᠦᠯᠭᠦ ᠶᠢ ᠭᠤᠶᠤᠵᠤ ᠪᠠᠢ᠌ᠪᠠ᠃ ᠡᠭᠦᠨ ᠳᠤ ᠪᠢ ᠦᠪᠡᠷ ᠤᠨ ᠣᠰᠤᠯ ᠶᠢᠡᠨ ᠮᠠᠳᠠᠷᠠᠨ᠂ ᠶᠡᠭᠡᠯ᠎ᠡ ᠭᠤᠳᠤᠷᠠᠭᠰᠠᠨ ᠳᠤ ᠡᠮᠡᠭᠡ ᠮᠢᠨᠤ ᠰᠡᠳᠭᠢᠯ ᠢ ᠳᠠᠢ᠌ᠤᠠᠬᠤᠷᠠᠭᠤᠯᠤᠨ ᠄

᠊᠊᠊᠊᠊᠊᠊᠊᠊᠊᠊᠊᠊᠊᠊ ᠭᠠᠢ᠌ᠭᠤᠢ ︕ ᠴᠢ ᠨᠠᠰᠤ ᠪᠠᠭ᠎ᠠ᠂ ᠴᠢᠰᠤ ᠰᠢᠩᠭᠡᠨ᠂ ᠡᠦᠰᠦᠯ ᠢ ᠴᠢᠨᠢ ᠪᠢ ᠡᠭᠦᠷᠭᠡᠯᠡᠶ᠎ᠡ᠂ ᠪᠤᠷᠬᠠᠨ ᠦᠷᠦᠰᠢᠶᠡᠭᠦ ᠪᠣᠯᠳᠤᠭᠠᠢ ᠭᠡᠵᠤ ᠭᠡᠯᠡᠭᠡᠳ ᠭᠡᠪᠳᠡᠵᠤ ᠮᠦᠷᠭᠦᠭᠡᠳ ᠄

᠊᠊᠊᠊᠊᠊᠊᠊᠊᠊᠊᠊᠊᠊᠊ ᠣᠮ ᠮᠠ ᠨᠢ ᠪᠠᠤᠨ ᠮᠠᠢ ᠬᠤᠩ ︕ ᠪᠣᠷᠬᠠᠨ ᠤ ᠠᠪᠣᠷᠠᠯ ᠶᠢᠡᠷ ᠳᠠᠷᠠ ᠵᠢᠵᠢᠭ᠌ ᠠᠮᠢᠳᠠᠨ ᠳᠠᠭᠢᠨ ᠳᠦᠷᠤᠯ ᠶᠢᠡᠨ ᠣᠯᠬᠤ ᠪᠣᠯᠳᠤᠭᠠᠢ ᠭᠡᠪᠡ᠃ ᠪᠢ ᠭᠠᠢ᠌ᠬᠠᠵᠤ᠄

᠊᠊᠊᠊᠊᠊᠊᠊᠊᠊᠊᠊᠊᠊᠊ ᠴᠢᠨ᠋ᠸ᠎ᠠ ᠶᠢᠨ ᠪᠠᠯᠳᠡᠷᠭᠡ ᠥᠭᠦᠴᠢᠭᠡᠳ ᠶᠠᠭᠠᠭᠢᠨ ᠳᠠᠭᠢᠵᠤ ᠳᠦᠷᠦᠭᠦ ᠶᠤᠮ ᠪᠣᠢ ︖ ᠭᠡᠵᠤ ᠠᠰᠠᠭᠤᠪᠠ᠃ ᠡᠭᠦᠨ ᠤ ᠬᠠᠷᠢᠭᠤ ᠳᠤ ᠭᠦᠮᠤᠨ ᠠᠮᠢᠳᠠᠨ ᠤ ᠳᠦᠷᠤᠯ ᠠᠷᠠᠯᠵᠢᠬᠤ ᠳᠤᠬᠠᠢ ᠱᠠᠰᠢᠨ ᠤ ᠣᠨᠤᠯ ᠢ ᠶᠠᠷᠢᠵᠤ ᠦᠭ‍ᠭᠦᠯ᠎ᠡ᠃ ᠡᠭᠦᠨ ᠳᠤ ᠪᠣᠶᠠᠨ ᠥᠢᠯᠡᠳᠦᠭ᠍ᠰᠡᠨ ᠭᠦᠮᠤᠨ ᠥᠭᠦᠪᠠᠯ ᠳᠡᠭᠡᠳᠤ ᠭᠤᠷᠪᠠᠨ ᠳᠢᠪ ᠳᠤ ᠳᠦᠷᠤᠨ᠎ᠡ᠃ ᠨᠢᠭᠦᠯ ᠭᠢᠭ᠍ᠰᠡᠨ ᠭᠦᠮᠤᠨ ᠳᠤᠤᠷᠠᠳᠤ ᠭᠤᠷᠪᠠᠨ ᠳᠢᠪ ᠲᠤ ᠴᠢᠳᠭᠦᠷ᠂ ᠪᠢᠷᠠᠤᠨ ᠪᠣᠯᠵᠤ ᠳᠦᠷᠦᠭᠦ ᠪᠣᠶᠤ ᠳᠠᠮᠤ ᠳᠤ ᠣᠨᠠᠨ᠎ᠠ ᠭᠡᠵᠡᠢ᠃ ᠡᠨᠡ ᠨᠢ ᠰᠡᠳᠭᠢᠭ᠍ᠳᠡᠰᠢ ᠦᠭᠡᠶ ᠪᠣᠯᠪᠠᠴᠤ ᠰᠠᠢ᠌ᠨ ᠰᠠᠨᠠᠭᠠᠨ ᠤ ᠭᠦᠰᠡᠯ ᠡᠷᠡᠮᠡᠯᠵᠡᠯ ᠪᠣᠯᠬᠤ ᠶᠤᠮ᠃ ᠪᠢ ᠰᠤᠨᠤᠰᠤᠭᠠᠤᠨ ᠰᠡᠳᠭᠢᠯ ᠰᠡᠷᠭᠦᠵᠤ᠄

᠊᠊᠊᠊᠊᠊᠊᠊᠊᠊᠊᠊᠊᠊᠊ ᠳᠡᠭᠡᠪᠠᠯ ᠶᠠᠫᠣᠨ ᠵᠤᠯᠢᠭ ᠤᠳ ᠳᠤᠮᠳᠠᠳᠤ ᠶᠢᠨ ᠢᠷᠭᠡᠳ ᠢ ᠠᠯᠠᠵᠤ ᠭᠢᠳᠤᠭᠠᠤᠨ ᠨᠢᠭᠦᠯ ᠤᠨ ᠰᠠᠪᠠ ᠨᠢ ᠳᠦᠭᠦᠷᠡᠵᠤ ᠥᠭᠦᠭᠡᠳ ᠪᠠᠰᠠ ᠳᠠᠭᠢᠨ ᠳᠦᠷᠤᠯ ᠣᠯᠬᠤ ᠭᠡᠵᠢ ᠦᠦ ︖ ᠭᠡᠵᠤ ᠠᠰᠠᠭᠤᠪᠠ᠃

᠊᠊᠊᠊᠊᠊᠊᠊᠊᠊᠊᠊᠊᠊᠊ ᠳᠠᠳᠠᠨᠠᠷ ᠤᠨ ᠣᠯᠠᠩᠭᠢ ᠨᠢ ᠳᠦᠷᠤᠯ ᠶᠢᠡᠨ ᠣᠯᠵᠤ ᠴᠢᠳᠠᠬᠤ ᠦᠭᠡᠶ ᠪᠣᠯᠵᠠᠢ᠃ ᠭᠦᠮᠦᠰ ᠳᠠᠳᠠᠨ ᠢ ᠶᠠᠫᠣᠨ ᠴᠢᠳᠭᠦᠷ ᠭᠡᠵᠤ ᠪᠠᠢ᠌ᠬᠤ ᠦᠭᠡᠶ ᠦᠦ᠃ ᠪᠠᠰᠠ ᠵᠠᠷᠢᠮ ᠨᠢ ᠳᠠᠮᠤ ᠳᠤ ᠣᠨᠠᠭᠠᠤᠨ ᠪᠠᠢ᠌ᠨ᠎ᠠ ᠭᠡᠵᠤ ᠡᠮᠡᠭᠡ ᠭᠡᠯᠡᠪᠡ᠃

ᠪᠢ ᠰᠤᠨᠤᠰᠤᠭᠠᠤᠨ ᠵᠢᠷᠦᠭᠡ ᠰᠢᠮᠰᠢᠷᠠᠨ ᠠᠶᠤᠵᠤ᠂ ᠡᠮᠡᠭᠡ ᠶᠢᠨ ᠡᠪᠦᠷ ᠲᠤ ᠰᠢᠷᠭᠤᠨ ᠄

᠊᠊᠊᠊᠊᠊᠊᠊᠊᠊᠊᠊᠊᠊᠊ ᠡᠮᠡᠭᠡ᠂ ᠳᠠᠳᠠᠨ ᠢ ᠳᠠᠮᠤ ᠡᠴᠠ ᠨᠢ ᠠᠪᠣᠷᠠᠨ ᠭᠠᠷᠭᠠᠭᠠᠴᠢ ︕ ᠭᠡᠪᠡ᠃

᠁ ᠁

ᠳᠠᠮᠤ ᠭᠡᠭ᠍ᠴᠢ ᠲᠤᠢ᠌ᠯ ᠤᠨ ᠠᠶᠤᠮᠰᠢᠭᠳᠠᠢ ᠳᠠᠷᠴᠢᠯᠭᠠᠯ ᠤᠨ ᠭᠠᠵᠠᠷ ᠭᠡᠳᠡᠭ᠌ ᠢ ᠪᠢ ᠡᠮᠡᠭᠡ ᠶᠢ ᠳᠠᠭᠠᠵᠤ ᠰᠦᠮ᠎ᠡ ᠳᠤ ᠣᠷᠤᠭᠠᠤᠨ ᠬᠠᠨ᠎ᠠ ᠶᠢᠨ ᠵᠢᠷᠤᠭ ᠡᠴᠠ ᠣᠯᠵᠤ ᠮᠡᠳᠡᠭ᠍ᠰᠡᠨ ᠪᠢᠯᠠ᠃ ᠵᠢᠷᠤᠭ ᠲᠤ ᠳᠡᠳᠡᠭᠡᠷ ᠶᠠᠷᠭᠠᠴᠢᠳ ᠨᠢᠭᠡ ᠨᠢᠭᠡ ᠪᠠᠷ ᠶᠢᠡᠨ ᠡᠪᠠᠷ ᠰᠡᠭᠦᠯ ᠲᠡᠶ ᠴᠢᠳᠭᠦᠷ ᠪᠣᠯᠵᠤ ᠬᠤᠪᠢᠯᠤᠭᠠᠤᠨ ᠡᠷᠯᠢᠭ᠌ ᠬᠠᠭᠠᠨ ᠤ ᠰᠢᠳᠭᠡᠯ ᠢ ᠣᠯᠵᠤ ᠪᠣᠢ᠃ ᠵᠠᠷᠢᠮ ᠴᠢᠳᠭᠦᠷ ᠤᠨ ᠪᠠᠶ᠎ᠠ ᠶᠢ ᠳᠤᠮᠳᠠᠭᠤᠷ ᠨᠢ ᠵᠢᠷᠦᠭᠡᠳᠡᠵᠤ᠂ ᠳᠤᠯᠤᠭᠠᠢ ᠶᠢ ᠨᠢ ᠣᠭᠳᠤᠯᠵᠤ ᠬᠤᠯᠠ ᠰᠢᠳᠠᠨ᠎ᠠ᠃ ᠵᠠᠷᠢᠮ ᠴᠢᠳᠭᠦᠷ ᠤᠨ ᠭᠡᠳᠡᠰᠤᠨ ᠳ᠋ᠤᠨᠢ ᠭᠢᠳᠤᠭ᠎ᠠ ᠰᠢᠭᠠᠵᠤ᠂ ᠴᠤᠯᠤ ᠰᠠᠪᠠ ᠶᠢ ᠨᠢ ᠠᠭᠤᠳᠠᠯᠠᠵᠤ᠂ ᠵᠠᠷᠢᠮ ᠤᠨ ᠭᠠᠷ ᠭᠦᠯ ᠢ ᠨᠢ ᠣᠭᠳᠤᠯᠵᠤ᠂ ᠭᠠᠯ ᠳᠤ ᠰᠢᠳᠠᠭᠠᠵᠤ ᠪᠣᠢ᠃ ᠳᠡᠳᠡᠭᠡᠷ ᠴᠢᠳᠭᠦᠷ ᠤᠳ ᠡᠷᠢᠶᠡᠨ ᠮᠠᠷᠢᠶᠠᠨ ᠶᠢᠡᠷ ᠣᠷᠢᠯᠠᠨ ᠴᠢᠷᠠᠢ᠌ᠯᠠᠨ ᠣᠭᠢᠯᠠᠵᠤ ᠪᠣᠢ᠃

᠊᠊᠊᠊᠊᠊᠊᠊᠊᠊᠊᠊᠊᠊᠊ ᠡ ︕ ᠭᠠᠰᠠᠯᠠᠩ ᠤᠨ ᠳᠠᠯᠠᠢ ᠭᠢᠵᠠᠭᠠᠷ ᠦᠭᠡᠶ᠂ ᠡᠷᠭᠢᠵᠤ ᠪᠣᠴᠠᠪᠠᠯ ᠳᠠᠯᠠᠢ ᠶᠢᠨ ᠭᠦᠪᠠᠭᠡ ᠭᠡᠵᠤ ᠡᠮᠡᠭᠡ ᠶᠢᠨ ᠳᠠᠭᠤᠨ ᠰᠤᠨᠤᠰᠳᠠᠪᠠ᠃

᠁ ᠁

ᠪᠣᠶᠠᠨ ᠣᠢ᠌ᠯᠠᠳᠴᠤ ᠨᠢᠭᠦᠯ ᠡᠴᠠ ᠵᠠᠢ᠌ᠯᠠᠬᠤ ᠶᠢ ᠡᠮᠡᠭᠡ ᠨᠢᠭᠡ ᠨᠠᠰᠤᠨ ᠤ ᠵᠤᠷᠢᠯᠳᠠ ᠪᠣᠯᠭᠠᠵᠤ᠂ ᠠᠷᠤᠭ ᠡᠭᠦᠷᠴᠤ ᠳᠠᠶᠠᠭ ᠳᠤᠯᠤᠨ ᠶᠠᠪᠣᠵᠤ᠂ ᠰᠦᠮ᠎ᠡ ᠭᠡᠢ᠌ᠳ ᠲᠤ ᠮᠦᠷᠭᠦᠯ ᠭᠦᠭᠡᠭᠡᠳᠡᠭ᠌ ᠪᠠᠢ᠌ᠯ᠎ᠠ᠃

ᠦᠨᠳᠦᠷ ᠰᠦᠷᠯᠢᠭ᠌ ᠰᠦᠮ᠎ᠡ ᠶᠢᠨ ᠳᠤᠭᠠᠩ ᠤᠨ ᠣᠷᠤᠢ ᠳᠡᠭᠡᠷ᠎ᠡ ᠠᠯᠳᠠᠨ ᠭᠠᠠᠵᠢᠷ᠎ᠠ ᠡᠭᠦᠯᠡ ᠳᠤᠯᠤᠨ ᠭᠢᠯᠠᠯᠵᠠᠭᠠᠤᠨ᠂ ᠣᠯᠠᠭᠠᠨ ᠭᠡᠷᠡᠮ ᠤᠨ ᠳᠡᠭᠡᠷ᠎ᠡ ᠨᠤᠭᠤᠭᠠᠨ ᠰᠢᠷ ᠲᠡᠶ ᠸᠠᠭᠠᠷ ᠰᠠᠷᠠᠪᠴᠢ ᠨᠢ ᠶᠠᠭ ᠪᠦᠷᠭᠦᠤᠨ ᠤᠨ ᠵᠢᠭᠦᠷ ᠰᠢᠭ᠌ ᠳᠡᠭ᠍ᠳᠡᠨ᠎ᠡ᠃ ᠡᠭᠦᠯᠡᠨ ᠭᠡ ᠲᠡᠶ ᠴᠠᠭᠠᠨ ᠰᠤᠪᠣᠷᠭ᠎ᠠ ᠶᠢᠨ ᠳᠡᠭᠡᠭᠦᠷ ᠳᠠᠭᠳᠠᠭ᠎ᠠ ᠨᠢᠰᠤᠨ ᠳᠡᠪᠳᠡᠷᠢᠵᠤ᠂ ᠭᠦᠵᠢ ᠵᠤᠯᠠ ᠶᠢᠨ ᠠᠷᠵᠠ ᠶᠢᠨ ᠦᠨᠦᠷ ᠳᠤᠨᠤᠷᠤᠭᠠᠤᠨ ᠡᠮᠡᠭᠡ ᠶᠢᠨ ᠰᠡᠳᠭᠢᠯ ᠢ ᠠᠷᠰᠢ ᠶᠢᠨ ᠣᠷᠤᠨ ᠳᠤ ᠭᠦᠳᠦᠯᠤᠨ᠎ᠡ᠃

ᠮᠢᠨᠤ ᠡᠮᠡᠭᠡ ᠡᠢ᠌ᠮᠤ ᠰᠠᠢ᠌ᠬᠠᠨ ᠬᠤᠷᠸ᠎ᠠ ᠶᠢ ᠰᠢᠳᠤᠨ ᠪᠢᠰᠢᠷᠠᠵᠤ ᠨᠢᠭᠡ ᠰᠦᠮ᠎ᠡ ᠡᠴᠠ ᠨᠥᠭᠦᠭᠡ ᠰᠦᠮ᠎ᠡ ᠳᠤ᠂ ᠸᠠᠩ ᠤᠨ ᠰᠦᠮ᠎ᠡ ᠡᠴᠠ ᠭᠡᠭᠡᠨ ᠰᠦᠮ᠎ᠡ ᠣᠷᠤᠭᠤ ᠶᠠᠪᠣᠵᠤ ᠰᠥᠰᠦᠭ᠌ ᠪᠢᠰᠢᠷᠠᠯ ᠶᠢᠡᠨ ᠬᠠᠩᠭ᠋ᠠᠵᠤ᠂ ᠶᠠᠳᠠᠵᠤ ᠵᠦᠳᠡᠭᠦ ᠪᠠᠨ ᠮᠠᠷᠳᠠᠵᠤ᠂ ᠦᠯᠦᠰᠴᠤ ᠣᠮᠳᠠᠭᠠᠰᠬᠤ ᠪᠠᠨ ᠦᠯᠦ ᠬᠠᠢ᠌ᠬᠤᠷᠤᠨ᠎ᠠ᠃ ᠳᠡᠭᠡᠭᠡᠳ ᠲᠦᠰᠢᠶᠠᠳᠤ ᠬᠤᠰᠢᠭᠤᠨ ᠤ ᠶᠡᠭᠡ ᠰᠦᠮ᠎ᠡ ᠳᠤ ᠭᠦᠷᠴᠤ᠂ ᠨᠡᠢ᠌ᠵᠢ ᠳᠣᠢ᠌ᠨ ᠤ ᠭᠦᠷᠦᠭ᠌ ᠲᠤ ᠮᠦᠷᠭᠦᠭ᠍ᠰᠡᠨ ᠶᠢᠡᠨ ᠨᠢᠭᠡ ᠨᠠᠰᠤᠨ ᠤ ᠣᠮᠤᠭᠰᠢᠯ ᠪᠣᠯᠭᠠᠵᠠᠢ᠃ ᠳᠡᠭᠦᠨ ᠤ ᠳᠠᠷᠠᠭ᠎ᠠ ᠪᠠᠷ ᠬᠤᠯᠠ ᠣᠴᠢᠬᠤ ᠭᠡᠵᠤ ᠡᠯᠵᠢᠭᠡ ᠣᠨᠤᠨ ᠬᠤᠳᠠ ᠣᠷᠤᠭᠠᠤᠨ ᠭᠠᠯᠳᠤ ᠳᠡᠷᠭᠡᠨ ᠳᠤ ᠰᠠᠭᠤᠭᠠᠤᠨ ᠪᠠᠭᠡᠵᠢᠩ ᠤᠨ ᠶᠦᠩ ᠾᠧ ᠭᠦᠩ ᠳᠤ ᠭᠦᠷᠴᠡᠢ᠂ ᠪᠠᠰᠠ ᠬᠠᠩᠵᠸᠤ ᠶᠢᠨ ᠯᠢᠩ ᠶ‍ᠢᠨ ᠰᠦᠮ᠎ᠡ ᠪᠠ ᠱᠠᠠᠰᠢ ᠶᠢᠨ ᠣᠳᠠᠢ ᠳᠤ ᠭᠦᠷᠴᠤ ᠮᠦᠷᠭᠦᠭᠡᠳ᠂ ᠨᠢᠭᠡ ᠨᠠᠰᠤᠨ ᠤ ᠭᠦᠰᠡᠯ ᠶᠢᠡᠨ ᠪᠠᠶᠡᠯᠡᠭᠦᠯᠵᠡᠢ᠃ ᠭᠡᠪᠠᠴᠤ ᠲᠦᠪᠡᠳ ᠲᠤ ᠭᠦᠷᠴᠤ ᠪᠠᠠᠴᠢᠨ ᠪᠣᠭᠳᠠ ᠶᠢᠨ ᠮᠤᠳᠤᠷ ᠤᠨ ᠠᠳᠢᠰ ᠢ ᠭᠦᠷᠳᠡᠭ᠍ᠰᠡᠨ ᠦᠭᠡᠶ ᠳᠡᠭᠡᠨ ᠶᠡᠭᠡᠯ᠎ᠡ ᠬᠠᠷᠠᠮᠰᠠᠵᠤ ᠪᠠᠢ᠌ᠪᠠ᠃

ᠡᠮᠡᠭᠡ ᠶᠢᠨ ᠭᠡᠯᠡᠳᠡᠭ᠌ ᠶᠢᠡᠷ ᠰᠦᠮ᠎ᠡ ᠭᠡᠢ᠌ᠳ ᠪᠣᠯ ᠪᠣᠶᠠᠨ ᠢ ᠳᠦᠭᠡᠭᠡᠵᠤ ᠰᠥᠰᠦᠭ᠌ ᠢ ᠳᠡᠯᠭᠡᠷᠡᠭᠦᠯᠭᠦ ᠠᠷᠢᠭᠤᠨ ᠣᠷᠤᠨ ᠮᠦᠨ᠂ ᠪᠠᠰᠠ ᠴᠥᠦᠡᠭᠦᠷ ᠱᠤᠯᠤᠮ ᠢ ᠳᠠᠷᠤᠬᠤ ᠭᠠᠵᠠᠷ ᠡ᠃ ᠡᠭᠦᠨ ᠢ ᠪᠢ ᠨᠢᠳᠤ ᠪᠠᠷ ᠣᠯᠵᠤ ᠬᠠᠷᠠᠭᠰᠠᠨ ᠶᠤᠮ᠃

ᠰᠦᠮ᠎ᠡ ᠶᠢᠨ ᠶᠠᠠᠳᠠᠷ ᠢ ᠠᠯᠬᠤᠵᠤ᠂ ᠭᠡᠳᠤᠨ ᠪᠦᠳᠦᠭᠦᠨ ᠣᠯᠠᠭᠠᠨ ᠪᠠᠭᠠᠨ᠎ᠠ ᠶᠢ ᠳᠡᠪᠠᠪᠠᠯ᠂ ᠪᠦᠳᠦᠭᠦᠨ ᠭᠡᠳᠡᠰᠤ ᠲᠡᠶ ᠢᠨᠢᠶᠡᠮᠰᠦᠭ᠌ ᠳᠦᠷᠢ ᠲᠡᠶ ᠨᠢᠯ ᠪᠣᠷᠬᠠᠨ ᠤ ᠳᠤᠮᠤ ᠪᠠᠷᠢᠮᠠᠯ ᠳᠦᠷᠢ ᠪᠣᠢ᠃ ᠳᠤᠭᠠᠩ ᠤᠨ ᠲᠥᠪ ᠳᠤᠮᠳᠠ ᠱᠠᠭᠢᠮᠤᠨᠢ ᠶᠢᠨ ᠭᠦᠷᠦᠭ᠌ ᠰᠦᠨᠳᠠᠷᠯᠠᠵᠤ᠂ ᠬᠤᠶᠠᠷ ᠳᠠᠯ᠎ᠠ ᠪᠠᠷ ᠠᠷᠪᠠᠨ ᠨᠢ᠋ᠮᠠᠨ ᠠᠭᠤᠢ ᠰᠢᠳᠦᠭᠡᠨ ᠪᠠ ᠳᠦᠷᠪᠠᠨ ᠮᠠᠬᠠᠷᠠᠠᠽᠠ ᠶᠢᠨ ᠪᠠᠷᠢᠮᠠᠯ ᠭᠦᠷᠦᠭ᠌ ᠰᠦᠷ ᠵᠢᠪᠬᠤᠭ᠎ᠠ ᠲᠡᠶ ᠵᠤᠭᠰᠤᠵᠤ ᠪᠣᠢ᠃

ᠳᠤᠭᠠᠩ ᠤᠨ ᠳᠤᠮᠳᠠ ᠬᠤᠶᠠᠷ ᠮᠦᠷᠯᠠᠨ ᠰᠠᠭᠤᠭᠰᠠᠨ ᠬᠤᠸᠠᠷᠠᠭ ᠤᠳ ᠭᠡᠩᠭᠡᠷᠭᠡ ᠴᠡᠩ᠂ ᠪᠦᠷᠢᠶ᠎ᠡ ᠪᠢᠰᠭᠢᠭᠦᠷ ᠤᠨ ᠳᠠᠭᠤᠨ ᠳᠤ ᠬᠤᠭᠤᠯᠠᠢ ᠨᠡᠢ᠌ᠯᠡᠭᠦᠯᠤᠨ᠂ ᠨᠤᠮ ᠣᠩᠰᠢᠵᠤ ᠪᠤᠢ᠃ ᠡᠮᠡᠭᠡ ᠮᠢᠨᠢ ᠣᠯᠠᠨ ᠮᠦᠷᠭᠦᠯᠴᠢᠳ ᠲᠡᠶ ᠬᠠᠮᠳᠤ ᠯᠠᠮᠠ ᠨᠡᠷ ᠤᠨ ᠵᠠᠬ᠎ᠠ ᠪᠠᠷ ᠴᠤᠮᠴᠣᠢ᠌ᠨ ᠰᠠᠭᠤᠵᠤ ᠨᠤᠮ ᠰᠤᠨᠤᠰᠴᠤ ᠵᠠᠯᠪᠠᠷᠢᠨ᠎ᠠ᠃ ᠳᠠᠳᠠ ᠲᠦᠪᠡᠳ ᠨᠤᠮ ᠤᠨ ᠠᠭᠤᠯᠭ᠎ᠠ ᠶᠢ ᠰᠤᠨᠤᠰᠴᠤ ᠣᠢ᠌ᠯᠠᠭᠠᠬᠤ ᠦᠭᠡᠶ ᠪᠣᠯᠪᠠᠴᠤ ᠪᠣᠶᠠᠨ ᠣᠢ᠌ᠯᠠᠳᠴᠤ ᠪᠣᠷᠤᠩᠬᠠᠢ ᠶᠢ ᠳᠠᠷᠤᠩᠭ᠋ᠣᠢ᠌ᠯᠠᠬᠤ ᠰᠠᠨᠠᠭ᠎ᠠ ᠲᠡᠶ ᠭᠡᠵᠤ ᠰᠡᠳᠭᠢᠭᠡᠳ ᠰᠥᠰᠦᠭᠯᠡᠨ ᠮᠦᠷᠭᠦᠨ᠎ᠡ᠃

᠁ ᠁

ᠮᠢᠨᠤ ᠡᠮᠡᠭᠡ ᠮᠦᠷᠭᠦᠯ ᠭᠦᠭᠡᠭᠡᠵᠤ ᠣᠯᠠᠨ ᠭᠠᠵᠠᠷ ᠶᠠᠪᠣᠭᠠᠤᠨ ᠰᠤᠨᠢᠨ ᠵᠢᠭ᠍ᠳᠡᠢ ᠣᠴᠢᠷ ᠢ ᠴᠥᠭᠡᠨ ᠦᠭᠡᠶ ᠦᠵᠡᠨ ᠰᠤᠨᠤᠰᠴᠠᠢ᠃ ᠵᠠᠮ ᠳᠠᠭᠠᠤ ᠳᠠᠷᠠ ᠪᠦᠯᠦᠭ᠌ ᠪᠦᠯᠦᠭ᠌ ᠶᠠᠳᠠᠭᠤ ᠳᠠᠷᠢᠶᠠᠴᠢᠨ ᠨᠡᠷ᠂ ᠶᠠᠫᠣᠨ ᠴᠢᠳᠭᠦᠷ ᠲᠤ ᠪᠠᠷᠢᠭᠳᠠᠨ ᠠᠯᠪᠠᠳᠠᠯᠭ᠎ᠠ ᠪᠠᠷ ᠳᠠᠢ᠌ᠨ ᠤ ᠪᠠᠭᠢᠯᠠᠯᠳᠠ ᠪᠣᠰᠬᠠᠨ ᠠᠵᠢᠯᠯᠠᠵᠤ ᠪᠠᠢ᠌ᠭᠰᠠᠨ ᠢ ᠨᠢᠳᠤ ᠪᠠᠷ ᠶᠢᠡᠨ ᠦᠵᠡᠵᠠᠢ᠃ ᠳᠡᠳᠡᠭᠡᠷ ᠭᠦᠭᠡᠷᠦᠭᠦᠢ ᠭᠦᠮᠦᠰ ᠦᠯᠦᠰᠴᠤ ᠥᠯᠪᠠᠷᠡᠭᠡᠳ ᠶᠠᠰᠤᠨ ᠭᠤᠳᠤᠭ᠎ᠠ ᠪᠤᠯᠵᠤ᠂ ᠭᠦᠳᠡᠯᠭᠦ ᠳᠡᠩᠭᠡᠭᠡ ᠦᠭᠡᠶ ᠪᠣᠯᠤᠭᠰᠠᠨ ᠨᠢ ᠶᠠᠫᠣᠨ ᠤ ᠭᠢᠳᠤᠭ᠎ᠠ ᠰᠠᠯᠠᠮ᠎ᠠ ᠳᠤ ᠴᠠᠪᠴᠢᠭᠳᠠᠨ᠂ ᠨᠥᠭᠡᠨ ᠳᠤ ᠪᠣᠯᠠᠭᠳᠠᠵᠤ ᠪᠠᠢ᠌ᠯ᠎ᠠ᠃ ᠡᠳᠡᠭᠡᠷ ᠢ ᠦᠵᠡᠵᠤ ᠳᠡᠰᠭᠦ ᠦᠭᠡᠶ ᠪᠣᠯᠵᠤ ᠳᠠᠳᠠᠨ ᠤ ᠠᠷᠢᠭᠤᠨ ᠰᠦᠨᠠᠰᠤ ᠨᠢ ᠠᠷᠢᠭᠤᠨ ᠣᠷᠤᠨ ᠳᠤ ᠵᠠᠶᠠᠭᠠᠬᠤ ᠪᠣᠯᠳᠤᠭᠠᠢ ᠭᠡᠵᠤ ᠳᠠᠭᠠᠳᠬᠠᠨ ᠪᠠᠢ᠌ᠪᠠ᠃ ᠳᠡᠭᠡᠭᠡᠳ ᠪᠣᠴᠠᠵᠤ ᠢᠷᠡᠭᠡᠳ ᠳᠡᠳᠡᠭᠡᠷ ᠭᠦᠭᠡᠷᠦᠭᠦᠢ ᠠᠮᠢᠳᠠᠤᠨ ᠤᠨ ᠡᠮᠦᠨ᠎ᠡ ᠡᠴᠠ ᠦᠰᠢᠶ᠎ᠠ ᠠᠪᠴᠤ ᠦᠭ‍ᠭᠦᠶ᠎ᠡ ᠭᠡᠵᠤ ᠪᠣᠳᠤᠭᠠᠤᠨ ᠰᠠᠭᠠᠭ ᠤᠨ ᠭᠤᠯᠢᠷ ᠶᠢᠡᠷ ᠴᠢᠳᠭᠦᠷ ᠤᠨ ᠳᠦᠷᠢ ᠲᠡᠶ ᠪᠠᠯᠢᠩ ᠪᠠᠷᠢᠵᠤ᠂ ᠶᠠᠫᠣᠨ ᠴᠢᠳᠭᠦᠷ ᠤᠨ ᠣᠷᠤᠠᠴᠠᠭ ᠪᠣᠯᠭᠠᠵᠤ᠂ ᠴᠡᠭᠡᠵᠢᠨ ᠳ᠋ᠤᠨᠢ ᠵᠡᠭᠦᠦ ᠬᠠᠳᠬᠤᠵᠤ ᠬᠤᠯᠠ ᠬᠠᠶᠠᠭᠰᠠᠨ ᠪᠠᠢ᠌ᠪᠠ᠃

ᠬᠤᠵᠢᠮ ᠨᠢ ᠮᠢᠩᠭ᠎ᠠ ᠶ‍ᠢᠰᠤᠨ ᠵᠠᠭᠤ ᠳᠦᠴᠢᠨ ᠵᠢᠷᠭᠤᠭᠠᠨ ᠣᠨ ᠳᠤ ᠭᠤᠮᠢᠠᠳᠠᠩ ᠤᠨ ᠴᠡᠷᠢᠭ᠌ ᠮᠤᠩᠭ᠋ᠤᠯᠵᠢᠨ ᠭᠡᠭᠡᠨ ᠰᠦᠮ᠎ᠡ ᠶᠢ ᠪᠠᠯᠪᠠᠴᠢᠵᠤ᠂ ᠰᠦᠮ᠎ᠡ ᠭᠡᠢ᠌ᠳ ᠤᠨ ᠰᠦᠷ ᠢ ᠪᠠᠭᠤᠷᠠᠭᠤᠯᠤᠭᠰᠠᠨ ᠳᠤ ᠡᠮᠡᠭᠡ ᠡᠵᠢ ᠶᠢᠨ ᠮᠦᠷᠭᠦᠯ ᠤᠨ ᠭᠠᠵᠠᠷ ᠡᠪᠳᠡᠭ᠍ᠳᠡᠭᠡᠳ ᠣᠴᠢᠬᠤ ᠭᠠᠵᠠᠷ ᠦᠭᠡᠶ ᠪᠤᠯᠤᠭᠠᠳ᠂ ᠭᠡᠷ ᠤᠨ ᠮᠤᠬᠤᠷ ᠲᠠᠭᠠᠨ ᠭᠡᠪᠳᠡᠨ ᠭᠤᠨᠢᠭᠳᠠᠢ ᠪᠠᠷ ᠡᠴᠦᠰᠯᠡᠭᠦ ᠳᠡᠭᠡᠨ ᠪᠠᠯᠠᠮᠠᠤᠨ ᠡᠳᠡᠭᠡᠳ ᠵᠠᠪᠠᠯ ᠣᠢ᠌ᠯᠠ ᠶᠢᠨ ᠦᠷ᠎ᠡ ᠪᠠᠨ ᠠᠮᠰᠠᠬᠤ ᠶᠤᠮ ᠭᠡᠵᠤ ᠭᠡᠷᠢᠶᠡᠰᠦᠯᠡᠨ᠎ᠡ᠃

ᠶᠠᠭ ᠡᠨᠡ ᠭᠡᠷᠢᠶᠡᠰ ᠤᠨ ᠶᠤᠰᠤ ᠪᠠᠷ ᠶᠠᠫᠣᠨ ᠢ ᠡᠰᠡᠷᠭᠦᠴᠡᠭᠦ ᠳᠠᠢ᠌ᠨ ᠳᠤ ᠶᠠᠫᠣᠨ ᠡᠵᠡᠷᠭᠡᠭ᠌ ᠳᠦᠷᠢᠮᠡᠭᠡᠢ᠌ᠳᠡᠨ ᠪᠠᠭᠤᠵᠤ ᠦᠭ‍ᠭᠦᠭᠡᠳ ᠭᠦᠵᠦᠭᠦᠨ ᠳᠡᠭᠡᠨ ᠥᠭᠦᠭ᠍ᠰᠡᠳ ᠤᠨ ᠶᠢᠡᠨ ᠶᠠᠰᠤ ᠶᠢ ᠰᠢᠳᠠᠭᠠᠵᠤ ᠰᠠᠪᠠᠯᠠᠨ ᠵᠡᠭᠦᠭᠡᠳ ᠳᠤᠳᠠᠭᠠᠵᠤ ᠪᠠᠢ᠌ᠪᠠ᠃ ᠳᠠᠳᠠᠨ ᠤ ᠠᠷᠤ ᠡᠴᠠ ᠶᠡᠭᠡ ᠰᠦᠮ᠎ᠡ ᠶᠢᠨ ᠣᠯᠠᠨ ᠬᠤᠸᠠᠷᠠᠭ ᠰᠤᠷ ᠬᠠᠶᠠᠵᠤ ᠡᠭᠢᠯᠡᠪᠡ᠃ ᠮᠢᠩᠭ᠋ᠠᠨ ᠬᠤᠸᠠᠷᠠᠭ ᠤᠳ ᠡᠩᠨᠡᠭᠡ ᠪᠣᠯᠵᠤ᠂ ᠦᠪᠡᠷ ᠦᠪᠡᠷ ᠤᠨ ᠵᠠᠷ ᠵᠡᠪᠰᠡᠭ᠌ ᠶᠢᠡᠨ ᠡᠷᠭᠦᠵᠤ᠂ ᠭᠡᠩᠭᠡᠷᠭᠡ ᠴᠡᠩ᠂ ᠪᠦᠷᠢᠶ᠎ᠡ ᠪᠢᠰᠭᠢᠭᠦᠷ ᠤᠨ ᠳᠠᠭᠤᠨ ᠳᠤ ᠨᠤᠮ ᠣᠩᠰᠢᠨ᠂ ᠴᠢᠳᠭᠦᠷ ᠢ ᠳᠠᠭᠤᠵᠤ᠂ ᠴᠠᠮ ᠬᠠᠷᠠᠢ᠌ᠨ ᠮᠠᠭᠰᠢᠵᠤ ᠡᠭᠢᠯᠡᠪᠡ᠃ ᠢᠩᠭᠢᠵᠤ ᠶᠠᠪᠤᠨ ᠶᠠᠪᠣᠭᠰᠠᠭᠠᠷ ᠠᠭᠤᠯᠠᠨ ᠡᠩᠭᠡᠷ ᠲᠤ ᠭᠦᠷᠦᠭᠡᠳ ᠵᠢᠭᠰᠠᠭᠠᠯ ᠤᠨ ᠡᠮᠦᠨ᠎ᠡ ᠳᠠᠮᠨᠠᠵᠤ ᠶᠠᠪᠣᠭᠰᠠᠨ ᠴᠠᠭᠠᠰᠤᠨ ᠴᠢᠳᠭᠦᠷ ᠢ ᠪᠠᠨ ᠰᠤᠷ ᠭᠡᠵᠤ ᠨᠠᠷᠠᠯᠠᠨ᠂ ᠶᠠᠫᠣᠠᠴᠤᠳ ᠤᠨ ᠠᠷᠤ ᠡᠴᠠ ᠬᠠᠶᠠᠵᠤ ᠶᠠᠪᠣᠭᠤᠯᠤᠭᠠᠤᠨ ᠭᠠᠯ ᠣᠷᠤᠭᠤᠯᠪᠠ᠃

ᠡᠨᠡ ᠪᠠᠢ᠌ᠳᠠᠯ ᠢ ᠨᠢᠳᠤ ᠪᠠᠷ ᠶᠢᠡᠨ ᠥᠵᠡᠭ᠍ᠰᠡᠨ ᠪᠣᠯᠪᠠᠯ ᠡᠮᠡᠭᠡ ᠮᠢᠨᠢ ᠶᠠᠭᠠᠭᠢᠨ ᠪᠠᠶᠠᠷᠯᠠᠬᠤ ᠪᠣᠯ ᠡ ︕


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ

ᠵᠤᠬᠢᠶᠠᠭᠴᠢ᠄ ᠳᠤᠭᠤᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 4231
ᠴᠠᠭ᠄ 2014 ᠤᠨ ᠤ 04 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁