ᠰᠠᠴᠠᠨ ᠥᠭᠡᠰ ᠤᠨ ᠥᠭᠡᠳᠡᠰᠤ

ᠣᠰᠤ ᠣᠤᠭᠤᠬᠤ ᠦᠭᠡᠶ ᠥᠭᠡᠷ ᠢ ᠣᠰᠤ ᠣᠤᠭᠤᠯᠭᠠᠨ᠎ᠠ ᠭᠡᠵᠤ ᠳᠤᠯᠤᠭᠠᠢ ᠶᠢ ᠨᠢ ᠪᠢᠳᠡᠭᠡᠢ ᠳᠠᠷᠤ ︕ ᠮᠦᠷᠭᠦᠵᠤ ᠮᠠᠳᠠᠨ᠎ᠠ᠃

ᠣᠴᠢᠷ ᠶᠤᠰᠤ ᠦᠯᠦ ᠮᠡᠳᠡᠭᠦ ᠭᠦᠮᠤᠨ ᠳᠤ ᠣᠴᠢᠷ ᠶᠤᠰᠤ ᠮᠡᠳᠡᠭᠦᠯᠦᠨ᠎ᠡ ᠭᠡᠵᠤ ᠶᠤᠰᠤ ᠥᠩᠭᠡᠷᠡᠤ ᠪᠣᠤ ᠶᠠᠷᠢ ︕ ᠴᠠᠭ ᠶᠢᠡᠨ ᠭᠠᠷᠤᠵᠠᠳᠠᠭᠤᠯᠤᠨ᠂ ᠰᠡᠳᠭᠢᠯ ᠶᠢᠡᠨ ᠵᠥᠳᠡᠭᠡᠨ᠎ᠡ᠃ ᠢᠯᠡᠭᠦᠴᠡ ᠶᠠᠪᠣᠳᠠᠯ︕


ᠳᠡᠨᠡᠭ᠌ ᠭᠦᠮᠤᠨ ᠡᠴᠡ ᠰᠠᠴᠠᠨ ᠭᠦᠮᠤᠨ ᠵᠠᠢ᠌ᠯᠠᠳᠠᠭ᠂

ᠳᠡᠷᠭᠡᠨ ᠡᠯᠵᠢᠭᠡ ᠡᠴᠡ ᠳᠠᠯ᠎ᠠ ᠶᠢᠨ ᠮᠤᠷᠢ ᠦᠷᠭᠦᠳᠡᠭ᠌᠃


ᠰᠠᠢ᠌ᠨ ᠨᠠᠢ᠌ᠵᠠ ᠶᠢ ᠰᠠᠷ᠎ᠠ ᠪᠠᠷ ᠵᠢᠯ ᠶᠢᠡᠷ ᠡᠷᠢᠭᠡᠳ ᠣᠯᠳᠠᠭ ᠦᠭᠡᠶ᠂

ᠰᠠᠮᠠᠭᠤᠨ ᠨᠠᠢ᠌ᠵᠠ ᠶᠢ ᠰᠠᠯᠳᠠᠭ᠎ᠠ ᠪᠠᠨ ᠬᠠᠮᠢᠰᠭᠢᠪᠠᠯ ᠡᠷᠢᠭᠡᠳ ᠣᠯᠴᠢᠬᠠᠳᠠᠭ᠃


ᠰᠠᠢ᠌ᠨ ᠭᠦᠮᠤᠨ ᠳᠤ ᠵᠤᠯᠠ ᠡᠷᠭᠦ ︕ ᠠᠴᠢ ᠳᠤᠰᠠ ᠲᠡᠶ ᠶᠤᠮ︕

ᠰᠠᠷᠠᠯ ᠡᠯᠵᠢᠭᠡᠨ ᠳᠤ ᠳᠠᠰᠢᠭᠤᠷ ᠡᠷᠭᠦ ︕ ᠠᠭᠠᠰᠢ ᠮᠠᠭᠤ ᠲᠡᠶ ᠶᠤᠮ︕


         2010.12.12. ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠬᠠᠷᠢᠶ᠎ᠠ᠄ ᠰᠤᠶᠤᠯ ᠣᠷᠠᠯᠢᠭ
ᠳᠠᠷᠤᠮ᠄ 4487
ᠴᠠᠭ᠄ 2010 ᠤᠨ ᠤ 12 ᠰᠠᠷ᠎ᠠ ᠶᠢᠨ 13