ᠮᠢᠨᠤ ᠮᠤᠩᠭ᠋ᠤᠯ ᠰᠤᠷᠭᠠᠭᠤᠯᠢ

ᠠᠭᠤᠯᠠ ᠳᠦᠰᠢᠭ᠍ᠰᠡᠨ ᠨᠤᠳᠤᠭ ᠤᠨ ᠳᠡᠭ᠍ᠷᠢ ᠳᠤ

ᠡᠭᠡᠰᠢᠭ᠌ ᠳᠤᠯᠤᠭ᠎ᠠ ᠪᠠᠨ ᠬᠤᠳᠠᠯᠠᠭᠤᠯᠵᠤ

ᠣᠳᠤᠷ ᠳᠡᠷᠡᠯᠡᠭ᠍ᠰᠡᠨ ᠨᠡᠭᠦᠳᠡᠯ ᠤᠨ ᠳᠤᠭᠤᠰᠤᠨ ᠳ᠋ᠤ

ᠡᠷᠢᠯ ᠤᠨ ᠨᠢ᠋ᠮᠠᠨ ᠭᠠᠠᠵᠤᠭ᠎ᠠ ᠳᠡᠯᠡᠰᠭᠡᠵᠤ

ᠬᠤᠩᠬᠤ ᠶᠢᠨ ᠬᠤᠩᠭ᠋ᠤᠷ ᠳᠠᠭᠤᠨ ᠵᠢᠠᠷ

ᠬᠤᠷᠸ᠎ᠠ ᠰᠢᠭᠦᠷᠡᠭ᠍ᠰᠡᠨ ᠭᠡᠢ᠌ᠮᠦᠷᠢ ᠰᠡᠷᠢᠭᠡᠵᠤ

ᠬᠤᠵᠢᠮ ᠶᠢᠡᠨ ᠳᠤᠯᠢᠳᠠᠭᠰᠠᠨ ᠭᠦᠰᠡᠯ ᠤᠨ ᠦᠨᠳᠦᠷ ᠳᠤ

ᠬᠤᠯᠠ ᠶᠢᠨ ᠠᠶᠠᠨ ᠤ ᠳᠦᠷᠦᠭᠡ ᠳᠤᠰᠤᠯᠠᠵᠤ

ᠡᠵᠢ ᠰᠤᠷᠭᠠᠭᠤᠯᠢ ᠮᠢᠨᠢ

ᠡᠷᠳᠡᠨ ᠤ ᠬᠤᠳᠠ ᠰᠢᠭ

ᠡᠯᠢᠭᠡ ᠵᠢᠷᠦᠭᠡᠨ ᠳᠤ ᠮᠢᠨᠢ ᠨᠠᠢ᠌ᠰᠯᠠᠨ᠎ᠠ

ᠡᠩᠭᠦᠷᠡᠢ ᠰᠤᠷᠤᠭᠴᠢᠳ ᠮᠢᠨᠢ

ᠡᠴᠦᠰ ᠤᠨ ᠪᠠᠭᠠᠳᠤᠷᠴᠤᠳ ᠰᠢᠭ

ᠡᠷᠢᠯ ᠳᠡᠭᠡᠨ ᠴᠤᠪᠣᠷᠠᠯᠳᠤᠨ᠎ᠠ ᠁

ᠰᠠᠷᠠᠭᠤᠯᠬᠠᠨ ᠭᠦᠷᠢᠶᠡᠨ ᠳ᠋ᠤᠨᠢ ᠰᠢᠭᠦᠳᠡᠷᠢ ᠰᠢᠭ᠌ ᠪᠦᠮᠪᠦᠷᠡᠭ᠍ᠰᠡᠨ

ᠣᠳᠠᠭᠠᠨ ᠣᠨ ᠤ ᠮᠥᠩᠭᠦᠨ ᠳᠤᠷᠠᠰᠤᠮᠵᠢ

ᠵᠢᠷᠦᠭᠡᠨ ᠳᠤ ᠬᠤᠩᠭ᠋ᠤᠷᠯᠠᠵᠤ

ᠰᠠᠭᠯᠠᠷᠬᠠᠨ ᠣᠢ ᠳ᠋ᠤᠨᠢ ᠰᠢᠯᠦᠭ᠌ ᠰᠢᠭ᠌ ᠣᠶᠠᠩᠭ᠋ᠠᠷᠠᠭᠰᠠᠨ

ᠣᠨᠠᠭᠠᠨ ᠨᠠᠰᠤᠨ ᠤ ᠮᠢᠨᠢ ᠮᠤᠩᠭ᠋ᠤᠯ ᠨᠠᠷᠭᠢᠶ᠎ᠠ

ᠵᠡᠭᠦᠳᠡᠨ ᠳᠤ ᠬᠤᠯᠠᠳᠠᠵᠤ

ᠡᠯᠡᠭ᠍ᠳᠡᠵᠤ ᠬᠠᠭᠤᠴᠢᠷᠠᠭᠰᠠᠨ ᠴᠤ

ᠡᠭᠦᠷᠢᠳᠡ ᠰᠢᠵᠢᠷᠳᠡᠭᠦ ᠡᠷᠳᠡᠮ ᠤᠨ ᠭᠤᠯᠤᠮᠳᠠ ᠭᠡᠵᠤ

ᠡᠯᠢᠭᠡᠨ ᠳᠡᠭᠡᠨ ᠳᠡᠭᠡᠳᠦᠯᠡᠵᠤ ᠡᠩᠭᠡᠷ ᠲᠡᠭᠡᠨ ᠳᠠᠪᠡᠷᠢᠨ

ᠢᠷᠠᠭᠤ ᠨᠠᠢ᠌ᠷᠠᠭ ᠲᠤ ᠪᠠᠨ ᠥᠮᠴᠢᠷᠭᠡᠭᠦ ᠳ᠋ᠤ

ᠣᠨ ᠵᠢᠯ ᠣᠷᠤᠮᠳᠠᠵᠤ ᠬᠠᠷᠠᠭᠳᠠᠬᠤ

ᠣᠷᠠᠩᠬᠠᠢ ᠪᠠᠢ᠌ᠰᠢᠩ ᠤᠨ ᠨᠤᠷᠠᠩᠬᠠᠢ ᠰᠡᠭᠦᠳᠡᠷ ᠳᠤ

ᠨᠠᠷ᠎ᠠ ᠨᠢ ᠪᠣᠭᠤᠷᠤᠯᠳᠠᠵᠤ

ᠡᠳᠦᠷ ᠬᠤᠨᠤᠭ ᠵᠤᠯᠭᠠᠷᠠᠴᠤ ᠴᠡᠴᠡᠭᠯᠡᠭᠦ

ᠡᠪᠦᠭᠡᠷᠡᠭ᠍ᠰᠡᠨ ᠮᠤᠳᠤ ᠨᠢ ᠢᠳᠡᠭᠡᠷᠡᠭ᠍ᠰᠡᠨ ᠰᠠᠯᠠᠭᠠᠨ ᠳ᠋ᠤ

ᠠᠯᠳᠠᠷ ᠨᠢ ᠰᠢᠷᠭᠠᠯᠳᠠᠵᠤ

ᠡᠯᠡᠩᠭᠡᠢ ᠪᠠᠢ᠌ᠰᠢᠩ ᠨᠢ ᠡᠯᠢᠭᠡ ᠰᠢᠮᠰᠢᠷᠡᠭᠦᠯᠵᠤ

ᠡᠵᠢ ᠶᠢᠨ ᠳᠦᠷᠢ ᠰᠢᠭ᠌ ᠨᠢᠳᠤᠨ ᠳᠤ ᠬᠠᠯᠠᠭᠤᠬᠠᠨ

ᠡᠪᠳᠡᠷᠭᠡᠢ ᠭᠡᠷᠡᠮ ᠨᠢ ᠡᠯᠳᠡᠪ ᠢ ᠪᠣᠳᠤᠭᠳᠤᠭᠤᠯᠵᠤ

ᠡᠭᠡ ᠭᠡᠯᠡ ᠰᠢᠭ᠌ ᠵᠢᠷᠦᠭᠡᠨ ᠳᠤ ᠳᠤᠯᠠᠭᠠᠬᠠᠨ ᠁

ᠦᠷᠦᠴᠡᠨ ᠤ ᠭᠦᠨ ᠳᠤ ᠰᠥᠮᠪᠦᠷᠯᠡᠭᠦ ᠳᠦᠷᠢ ᠨᠢ

ᠡᠪᠦᠭᠡ ᠶᠢᠨ ᠬᠠᠢ᠌ᠯᠠᠳᠠᠭ ᠳᠤᠤᠯᠢ ᠶᠢᠨ ᠠᠶ᠎ᠠ ᠰᠢᠭ

ᠦᠨᠦᠴᠢᠨ ᠰᠡᠳᠭᠢᠯ ᠳᠤ ᠮᠢᠨᠢ ᠣᠶᠠᠰᠴᠤ

ᠣᠶᠠᠷᠠᠯ ᠤᠨ ᠳᠤᠮᠳᠠ ᠰᠥᠮᠡᠯᠵᠡᠭᠦ ᠪᠠᠷ᠎ᠠ ᠨᠢ

ᠥᠩᠭᠡ ᠨᠢ ᠬᠠᠭᠤᠴᠢᠷᠠᠭᠰᠠᠨ ᠳᠤᠰᠤᠨ ᠵᠢᠷᠤᠭ ᠰᠢᠭ

ᠦᠷᠦ ᠵᠢᠷᠦᠭᠡᠨ ᠳᠤ ᠮᠢᠨᠢ ᠪᠣᠳᠤᠭᠰᠢᠵᠤ

ᠣᠬᠠᠭᠠᠠᠳᠤ ᠱᠠᠪᠢ ᠨᠢ

ᠣᠷᠢᠳᠠ ᠶᠢᠨ ᠠᠳᠠᠯᠢ ᠪᠠᠭᠳᠠᠵᠤ ᠶᠠᠳᠠᠭ᠎ᠠ ᠦᠭᠡᠶ ᠴᠤ

ᠣᠳᠠᠭᠠᠨ ᠣᠨ ᠤ ᠡᠯᠡᠩᠭᠡᠢ ᠪᠠᠢ᠌ᠰᠢᠩ ᠨᠢ

ᠦᠨᠳᠦᠷ ᠠᠰᠠᠷ ᠶᠢᠡᠷ ᠰᠤᠯᠢᠭᠳᠠᠵᠤ ᠴᠢᠳᠠᠭ᠎ᠠ ᠦᠭᠡᠶ ᠴᠤ

ᠥᠩᠭᠡ ᠨᠢ ᠬᠠᠭᠤᠴᠢᠨ ᠵᠢᠰᠤ ᠨᠢ ᠪᠣᠷᠤᠬᠠᠨ ᠴᠤ

ᠣᠷᠤ ᠪᠠᠨ ᠡᠵᠡᠯᠡᠵᠤ ᠨᠠᠷ᠎ᠠ ᠪᠠᠨ ᠡᠷᠭᠦᠭ᠍ᠰᠡᠨ

ᠥᠪᠯᠡᠭᠦ ᠭᠦᠭᠡ ᠰᠤᠶᠤᠯ ᠤᠨ ᠮᠢᠨᠢ

ᠡᠳᠦᠷ ᠤᠨ ᠨᠠᠷᠠ ᠲᠡᠶ ᠮᠤᠩᠭ᠋ᠤᠯ ᠬᠠᠶ‍ᠢᠭ

ᠣᠢ ᠨᠢ ᠰᠢᠩᠭᠡᠷᠡᠵᠤ ᠡᠪᠠᠰᠤ ᠨᠢ ᠨᠢᠮᠭᠡᠷᠡᠭ᠍ᠰᠡᠨ ᠴᠤ

ᠡᠷᠦᠭᠡ ᠪᠠᠨ ᠳᠠᠳᠠᠵᠤ ᠣᠳᠤᠭ᠎ᠠ ᠪᠠᠨ ᠪᠣᠷᠭᠢᠭᠤᠯᠠᠭᠰᠠᠨ

ᠣᠳᠤᠮ ᠴᠠᠭᠠᠨ ᠭᠦᠰᠡᠯ ᠤᠨ ᠮᠢᠨᠢ

ᠣᠶᠤᠨ ᠭᠡᠷᠡᠯ ᠤᠨ ᠮᠥᠩᠭᠦᠨ ᠵᠤᠯᠠ

ᠮᠢᠨᠤ ᠮᠤᠩᠭ᠋ᠤᠯ ᠰᠤᠷᠭᠠᠭᠤᠯᠢ

ᠳᠤᠭ᠎ᠠ ᠨᠢ ᠢᠯᠡᠭᠦᠳᠡᠯ᠎ᠡ ᠭᠡᠭ᠍ᠳᠡᠭᠦ

ᠳᠤᠷᠭᠤᠳ ᠭᠡᠳᠤᠨ ᠪᠠᠭᠰᠢ

ᠳᠤᠯᠤᠭᠠᠢ ᠨᠢ ᠴᠥᠭᠦᠳᠡᠯ᠎ᠡ ᠭᠡᠭ᠍ᠳᠡᠭᠦ

ᠳᠤᠷᠮᠤᠭᠤᠷ ᠭᠡᠳᠤᠨ ᠵᠢᠭᠠᠯ

ᠳᠤᠯᠭ᠎ᠠ ᠪᠠᠨ ᠰᠠᠭᠢᠵᠤ ᠳᠤᠭ ᠶᠢᠠᠨ ᠡᠷᠭᠦᠭ᠍ᠰᠡᠨ

ᠮᠤᠬᠤᠳᠠᠭ ᠦᠭᠡᠶ ᠢᠳᠡᠭᠡᠯ ᠮᠥᠭᠦᠳᠡᠭ᠌ ᠦᠭᠡᠶ ᠡᠷᠢᠯ

ᠮᠥᠩᠭᠡ ᠪᠣᠰᠤᠭ᠎ᠠ ᠡᠭᠡ ᠭᠡᠯᠡ ᠪᠠᠷ ᠵᠢᠠᠨ

ᠮᠤᠷᠢᠨ ᠳᠠᠯ ᠰᠢᠭ᠌ ᠰᠠᠯᠭᠢᠯᠠᠵᠤ

ᠮᠥᠷᠭᠦᠵᠤ ᠰᠢᠳᠦᠭᠦ ᠮᠤᠩᠭ᠋ᠤᠯ ᠨᠠᠷ᠎ᠠ ᠲᠡᠶ ᠪᠠᠨ

ᠮᠢᠨᠤ ᠵᠢᠷᠦᠭᠡᠨ ᠳᠤ ᠳᠦᠷᠡᠯᠵᠡᠵᠤ

ᠣᠢ ᠣᠬᠠᠭᠠᠨ ᠤ ᠦᠰᠦᠨ ᠭᠡᠷᠡᠯ ᠶᠢᠡᠷ ᠵᠢᠠᠨ

ᠥᠩᠭᠡᠳᠤ ᠴᠡᠴᠡᠭ᠌ ᠶᠢᠡᠨ ᠮᠢᠷᠠᠯᠵᠠᠭᠤᠯᠤᠭᠰᠠᠨ

ᠣᠶᠤᠨ ᠪᠢᠯᠢᠭ᠌ ᠤᠨ ᠮᠥᠩᠭᠦᠨ ᠳᠤᠶᠠᠭᠠᠨ ᠳ᠋ᠠᠭᠠᠨ

ᠦᠨᠳᠦᠷ ᠳᠡᠭ᠍ᠷᠢ ᠳᠤ ᠣᠳᠤᠳ ᠶᠢᠡᠨ ᠭᠢᠯᠠᠯᠵᠠᠭᠤᠯᠠᠭᠰᠠᠨ

ᠡᠭᠡᠯ ᠵᠢᠷ ᠤᠨ ᠡᠷᠭᠢᠮ ᠭᠠᠪᠢᠶ᠎ᠠ ᠨᠢ

ᠡᠨᠡ ᠳᠡᠯᠡᠭᠡᠢ ᠳᠤ ᠪᠠᠯᠠᠷᠠᠬᠤ ᠶᠤᠰᠤ ᠥᠭᠡᠢ

ᠡᠡᠭ᠌ ᠤᠨ ᠪᠠᠢ᠌ᠭᠰᠠᠨ ᠴᠤ ᠡᠳ᠋ᠯᠡᠭᠦ ᠨᠠᠷ᠎ᠠ ᠨᠢ

ᠡᠭᠡ ᠣᠷᠤᠨ ᠲᠡᠶ ᠪᠠᠨ ᠣᠷᠤᠰᠢᠬᠤ ᠶᠤᠰᠤᠳᠠᠢ

ᠡᠷᠡᠨ ᠵᠠᠭᠤᠨ ᠤ ᠡᠩᠭᠡ ᠶᠢᠨ ᠪᠠᠯ ᠳᠡᠭᠡᠷ᠎ᠡ

ᠡᠭᠡ ᠭᠡᠯᠡ ᠲᠡᠶ ᠪᠠᠨ ᠮᠥᠩᠭᠡᠷᠡᠭᠦ ᠵᠦᠢ᠌ ᠲᠡᠶ ᠡ︕ ᠁

ᠵᠤᠬᠢᠶᠠᠭᠴᠢ᠄ ᠪᠣ·ᠪᠠᠳᠤᠮᠥ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3029
ᠴᠠᠭ᠄ 2009 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ