ᠪᠠᠭᠰᠢ ᠮᠢᠨᠤ

ᠳᠦᠷᠪᠠᠨ ᠳᠢᠪ ᠤᠨ ᠨᠢᠭᠤᠴᠠ ᠴᠤᠤᠵᠢ ᠵᠢ

ᠲᠦᠯᠭᠢᠭᠦᠷᠳᠡᠨ ᠨᠡᠭᠡᠭᠡᠭ᠍ᠴᠢ ᠪᠠᠭᠰᠢ ᠮᠢᠨᠤ᠂

ᠣᠳᠤᠨ ᠭᠠᠷᠠᠭ ᠤᠨ ᠠᠯᠳᠠᠨ ᠭᠠᠳᠠᠰᠤ ᠳ᠋ᠤ

ᠣᠷᠢᠯᠭ᠎ᠠ ᠠᠢ᠌ᠯᠠᠳᠬᠠᠭᠴᠢ ᠪᠠᠭᠰᠢ ᠮᠢᠨᠤ᠂

ᠨᠠᠷᠠᠨ ᠡᠨᠧᠷᠭᠢ ᠶᠢᠨ ᠣᠷᠳᠤᠨ ᠢ

ᠨᠢᠭᠳᠠᠯᠠᠨ ᠬᠠᠢ᠌ᠭᠴᠢ ᠪᠠᠭᠰᠢ ᠮᠢᠨᠤ᠂

ᠬᠤᠷᠸ᠎ᠠ ᠶ‍ᠢᠷᠳᠢᠠᠴᠤ ᠶᠢ ᠵᠠᠭᠢᠷᠬᠤ

ᠬᠤᠪᠢᠯᠭᠠᠨ ᠰᠢᠳᠢᠳᠤ ᠪᠠᠭᠰᠢ ᠮᠢᠨᠤ᠄

ᠡᠷᠭᠢᠮ ᠳᠡᠭᠡᠳᠤ ᠣᠶᠤᠨ ᠤ ᠴᠢᠮᠡᠭ᠌

ᠡᠷᠡᠨ ᠴᠠᠭ ᠤᠨ ᠪᠠᠯᠭᠡ ᠳᠡᠮᠳᠡᠭ᠌

ᠰᠢᠵᠢᠷ ᠢᠷᠡᠭᠡᠳᠦᠢ ᠶᠢᠨ ᠦᠷ ᠤᠨ ᠴᠤᠯᠮᠤᠨ

ᠰᠤᠶᠤᠯ ᠭᠦᠭ᠍ᠵᠢᠯ ᠤᠨ ᠨᠠᠷᠠᠨ ᠤ ᠳᠤᠶᠠᠭ᠎ᠠ

ᠰᠢᠷᠭᠢᠰᠢ ᠦᠭᠡᠶ ᠡᠷᠳᠡᠮ ᠤᠨ ᠪᠣᠯᠠᠭ

ᠰᠢᠨ᠎ᠡ ᠳᠤᠮᠳᠠᠳᠤ ᠶᠢᠨ ᠳᠤᠷᠭᠠᠨ ᠵᠢᠯᠤᠭᠤ

ᠰᠢᠯᠵᠢᠰᠢ ᠦᠭᠡᠶ ᠪᠠᠳᠤ ᠭᠤᠯᠤᠮᠳᠠ︕

ᠰᠠᠠᠰᠠᠷ ᠠᠪᠠᠢ ᠶᠢᠨ ᠭᠤᠶᠤᠮᠰᠢᠭ ᠴᠢᠮᠡᠭᠯᠡᠯ ᠢ

ᠰᠠᠶ᠎ᠠ ᠶᠢᠨ ᠦᠯᠦᠭᠡᠢ ᠳᠤ ᠰᠠᠭᠠᠳᠠᠭᠤᠯᠤᠨ᠎ᠠ᠂

ᠥᠩᠭᠡ ᠶᠢᠨ ᠰᠠᠢ᠌ᠬᠠᠨ ᠰᠤᠯᠤᠩᠭ᠎ᠠ ᠵᠢ

ᠦᠨᠢᠷ ᠨᠤᠳᠤᠭ ᠲᠠᠭᠠᠨ ᠮᠢᠷᠠᠯᠵᠠᠭᠤᠯᠤᠨ᠎ᠠ᠂

ᠪᠣᠯᠤᠷ ᠡᠷᠳᠡᠨᠢ ᠶᠢᠨ ᠠᠯᠳᠠᠨ ᠲᠦᠯᠭᠢᠭᠦᠷ ᠢ

ᠪᠣᠯᠪᠠᠷᠠᠢ ᠬᠣᠢ᠌ᠴᠢ ᠳᠠᠭᠠᠨ ᠠᠳᠬᠤᠭᠤᠯᠤᠨ᠎ᠠ᠂

ᠪᠣᠮᠠᠨ ᠦᠶ᠎ᠡ ᠶᠢᠨ ᠭᠡᠭᠡᠨ ᠪᠣᠳᠤᠯᠭ᠎ᠠ ᠵᠢ

ᠪᠣᠴᠠᠰᠢ ᠦᠭᠡᠶ ᠰᠤᠳᠤᠯᠤᠨ ᠰᠤᠨᠢᠷᠬᠠᠭᠤᠯᠤᠨ᠎ᠠ᠄

ᠡᠨᠡᠷᠢᠯ ᠤᠨ ᠳᠠᠯᠠᠢ ᠪᠠᠭᠰᠢ ᠮᠢᠨᠤ

ᠡᠯᠪᠠᠭ᠌ ᠠᠮᠢᠳᠤᠷᠠᠯ ᠤᠨ ᠪᠠᠶᠠᠯᠢᠭ ᠦᠷ᠎ᠡ︕

ᠰᠢᠡᠵᠢᠯᠡᠭᠦ ᠣᠬᠠᠭᠠᠠᠴᠢ ᠡᠯᠸᠺᠲ᠋ᠷᠤᠨ ᠢ ᠵᠠᠭᠢᠷᠤᠭᠴᠢ

ᠰᠢᠨᠠᠴᠢᠯᠠᠯᠳᠠ ᠳᠸᠭ᠍ᠨᠢᠭ᠌ ᠤᠨ ᠠᠮᠢᠯᠠᠯ ᠤᠨ ᠦᠨᠳᠦᠰᠦ︕

ᠮᠠᠠᠳᠤᠯ ᠳᠡᠭ᠍ᠵᠢᠷᠡᠯ ᠤᠨ ᠮᠢᠠᠳᠠᠰᠤᠨ ᠵᠥᠭᠯᠡᠭᠦᠷ

ᠮᠡᠷᠭᠡᠳ ᠡᠷᠳᠡᠮᠳᠡᠨ ᠤ ᠰᠦᠨᠠᠰᠤᠨ ᠴᠠᠮᠬᠠᠭ︕

ᠮᠠᠠᠳᠤᠬᠤ ᠴᠠᠭ ᠤᠨ ᠬᠤᠪᠢ ᠵᠠᠶᠠᠭ᠎ᠠ

ᠮᠠᠨ ᠤ ᠣᠯᠠᠨ ᠶᠠᠰᠤᠳᠠᠨ ᠤ ᠰᠦᠷ ᠰᠦᠯᠳᠡ︕


ᠵᠤᠬᠢᠶᠠᠭᠴᠢ ᠶᠢᠨ ᠬᠠᠶ‍ᠢᠭ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 3019
ᠴᠠᠭ᠄ 2010 ᠤᠨ ᠤ 09 ᠰᠠᠷ᠎ᠠ ᠶᠢᠨ 10
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ