ᠳᠠᠭᠢᠨᠢ

ᠬᠤᠰᠤᠨ ᠣᠷᠭ᠎ᠠ ᠪᠠᠨ ᠳᠤᠯᠵᠤ ᠪᠣᠰᠬᠤ ᠳᠤ

ᠬᠤᠯᠠ ᠶᠢᠨ ᠵᠡᠷᠭᠡᠯᠭᠡᠨ ᠳᠤ ᠳᠠ ᠮᠢᠨᠢ ᠬᠠᠷᠠᠭᠳᠠᠨ᠎ᠠ᠂

ᠬᠤᠨᠢ ᠪᠠᠨ ᠳᠠᠭᠤᠵᠤ ᠬᠤᠳᠠ ᠪᠣᠴᠠᠬᠤ ᠳᠤ

ᠬᠠᠰᠢᠶᠠᠨ ᠡᠭᠦᠳᠡᠨ ᠳᠤ ᠳᠠ ᠮᠢᠨᠢ ᠵᠤᠭᠰᠤᠨ᠎ᠠ᠃

ᠪᠣᠯᠪᠠᠷᠠᠢ ᠣᠷᠤᠭᠤᠯ ᠢ ᠴᠢᠨᠢ ᠥᠨᠦᠰᠭᠦ ᠪᠠᠷ

ᠪᠣᠳᠤᠯ ᠳᠤ ᠪᠠᠨ ᠣᠤᠯ ᠨᠢ ᠬᠠᠳᠠᠭᠰᠠᠨ ᠶᠤᠮ᠂

ᠪᠠᠩᠵᠠᠯ ᠤᠨ ᠷᠤᠮᠠᠠᠲ᠋ᠢᠭ ᠰᠠᠯᠭᠢᠨ ᠳᠤ ᠴᠢᠨᠢ

ᠪᠣᠷᠤ ᠵᠢᠷᠦᠭᠡ ᠮᠢᠨᠢ ᠪᠣᠯᠭᠢᠭᠰᠠᠨ ᠶᠤᠮ᠃

ᠰᠠᠷᠠᠨ ᠳᠠᠭᠢᠨᠢ ᠪᠣᠯ ᠳᠠ

ᠡᠩᠭᠡ ᠨᠠᠷᠠᠨ ᠪᠣᠯ ᠪᠢ᠂

ᠴᠢ ᠪᠢ ᠬᠤᠶᠠᠷ

ᠥᠡᠳᠦᠷᠯᠢᠭ᠌ ᠤᠨ ᠦᠵᠦᠭᠦᠷ ᠳᠠᠯ᠎ᠠ ᠳᠤ

ᠦᠷᠦᠭᠡ ᠳᠤᠭᠤᠨᠤ ᠪᠠᠨ ᠪᠣᠰᠬᠠᠬᠤ ᠶᠢ

ᠪᠠᠳᠤᠶᠤᠰᠤ ᠪᠠᠷ ᠪᠠᠳᠤᠯᠠᠵᠤ

ᠢᠯᠠᠶᠤᠰᠤ ᠪᠠᠷ ᠢᠯᠡᠳᠭᠡᠨ᠎ᠡ᠃

ᠥᠭᠡᠷᠴᠢᠨ ᠭᠦᠤ ᠪᠢ

ᠨᠡᠭᠡᠮᠡᠯᠴᠢᠨ ᠭᠡᠦᠭᠡᠨ ᠳᠠ

ᠳᠠᠨ ᠤ ᠮᠠᠨ ᠤ ᠬᠤᠶᠠᠭᠤᠯᠠ

ᠳᠠᠩᠰᠤᠭ ᠪᠠᠯᠴᠢᠭᠡᠷ ᠤᠨ ᠬᠠᠵᠠᠭᠤ ᠳᠤ

ᠳᠤᠯᠭ᠎ᠠ ᠳᠦᠳᠡᠭ᠌ ᠶᠢᠡᠨ ᠳᠠᠭᠢᠬᠤ ᠶᠢ

ᠭᠦᠮᠤᠨ ᠶᠤᠰᠤᠨ ᠳᠤ ᠨᠤᠳᠠᠯᠠᠵᠤ

ᠭᠦᠭᠡ ᠰᠤᠳᠤᠷ ᠲᠤ ᠳᠡᠮᠳᠡᠭᠯᠡᠨ᠎ᠡ᠃


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠨᠤᠳᠤᠭ

ᠵᠤᠬᠢᠶᠠᠭᠴᠢ᠄ ᠥᠡᠳᠦᠷᠯᠢᠭ᠌
ᠬᠠᠷᠢᠶ᠎ᠠ᠄ ᠰᠢᠯᠦᠭ
ᠳᠠᠷᠤᠮ᠄ 1899
ᠴᠠᠭ᠄ 2014 ᠤᠨ ᠤ 03 ᠰᠠᠷ᠎ᠠ ᠶᠢᠨ 26