ᠲᠦᠰᠢᠶᠠᠳᠤ ᠮᠢᠨᠤ

ᠠᠷᠠᠤᠨ ᠤᠨ ᠳᠠᠭᠤᠤ ᠪᠠᠷ ᠶᠢᠡᠨ ᠰᠠᠷᠠ ᠶᠢ ᠬᠤᠷᠭᠤᠳᠠᠭᠤᠯᠵᠤ

ᠠᠮᠢᠳᠤᠷᠠᠯ ᠤᠨ ᠭᠤᠨᠢᠭ ᠢ ᠳᠠᠢ᠌ᠯᠤᠭᠰᠠᠨ

ᠠᠷᠠᠯᠳᠤ ᠬᠤᠭᠤᠷ ᠶᠢᠡᠷ ᠶᠢᠡᠨ ᠡᠭᠦᠯᠡ ᠶᠢ ᠦᠯᠳᠠᠵᠤ

ᠠᠮᠢᠵᠢᠷᠠᠯ ᠤᠨ ᠭᠡᠭᠡ ᠶᠢ ᠳᠠᠯᠠᠯᠤᠭᠰᠠᠨ

ᠡᠪᠦᠭᠡ ᠬᠠᠰᠠᠷ ᠤᠨ ᠡᠭᠡᠨᠡᠭ᠍ᠰᠢᠭ᠍ᠰᠡᠨ ᠣᠷᠤᠨ

ᠡᠷᠳᠡᠨ ᠡᠴᠡ ᠠᠯᠳᠠᠷᠳᠠᠢ ᠲᠦᠰᠢᠶᠠᠳᠤ ᠮᠢᠨᠤ

ᠪᠣᠷᠬᠠᠨ ᠬᠠᠯᠳᠤᠨ ᠡᠴᠡ ᠴᠠᠭᠢᠭᠰᠠᠨ ᠳᠡᠭ᠍ᠷᠢ ᠶᠢᠨ ᠭᠠᠯ

ᠰᠦᠨᠤᠰᠢ ᠦᠭᠡᠶ ᠳᠦᠷᠡᠯᠵᠡᠭ᠍ᠰᠡᠨ ᠨᠤᠳᠤᠭ ᠶᠤᠮ

ᠪᠣᠭᠳᠠ ᠪᠠᠭᠠᠳᠤᠷ ᠤᠨ ᠶᠠᠰᠤ ᠬᠠᠳᠠᠭᠤ ᠡᠷᠡᠰ

ᠬᠠᠢ᠌ᠯᠤᠰᠢ ᠦᠭᠡᠶ ᠨᠢᠭᠳᠠᠷᠠᠭᠰᠠᠨ ᠣᠷᠤᠨ ᠶᠤᠮ

ᠬᠠᠨ ᠵᠠᠶᠠᠭ᠎ᠠ ᠲᠡᠶ ᠬᠤᠷᠴᠢᠨ ᠡᠷᠡᠴᠦᠳ ᠤᠨ

ᠰᠦᠨᠠᠰᠤ ᠨᠢ ᠠᠮᠢᠯᠠᠬᠤ ᠵᠢᠷᠦᠭᠡᠨ ᠠᠭᠤᠯᠠ ᠲᠡᠶ

ᠬᠠᠳᠤᠨ ᠳᠠᠪᠢᠯᠠᠩ ᠲᠡᠶ ᠬᠠᠴᠠᠷ ᠭᠤᠸ᠎ᠠ ᠬᠡᠦᠭᠡᠡᠴᠦᠳ ᠤᠨ

ᠳᠠᠭᠤᠤ ᠪᠠᠨ ᠰᠢᠩᠭᠡᠭᠡᠭ᠍ᠰᠡᠨ ᠪᠠᠳᠤᠴᠠᠭᠠᠨ ᠤ ᠣᠢ ᠲᠡᠶ

ᠦᠨᠡᠨ ᠭᠠᠵᠢᠭᠤ ᠶᠢ ᠳᠤᠩᠭ᠋ᠠᠨ ᠳᠤᠯᠢᠯᠠᠳᠠᠭ

ᠬᠠᠩᠭ᠋ᠠᠯ ᠨᠠᠭᠤᠷ ᠤᠨ ᠴᠡᠩᠭᠡᠭ᠌ ᠣᠰᠤ ᠲᠡᠶ

ᠦᠷᠪᠢᠰᠭᠦ ᠣᠮᠤᠭ ᠢ ᠨᠢ ᠭᠠᠢ᠌ᠬᠠᠭᠤᠯᠤᠨ ᠣᠷᠤᠰᠬᠤ

ᠦᠷᠭᠡᠨ ᠬᠤᠤᠯᠢᠨ ᠤ ᠳᠤᠭᠰᠢᠨ ᠴᠠᠮᠨᠠᠭ᠎ᠠ ᠲᠡᠶ

ᠦᠨᠢ ᠶᠢᠨ ᠳᠠᠪᠴᠢᠶᠠᠷᠢ ᠶᠢ ᠣᠴᠢᠷᠯᠠᠨ ᠳᠠᠯᠠᠩᠨᠠᠬᠤ

ᠵᠢᠷᠠᠨ ᠳᠠᠪᠠᠭ᠎ᠠ ᠶᠢᠨ ᠮᠠᠩᠬ᠎ᠠ ᠶᠢᠨ ᠪᠣᠭᠤᠷᠤᠯ ᠪᠠᠷ᠎ᠠ ᠲᠡᠶ

ᠳᠤᠭᠰᠢᠨ ᠳ᠋ᠠ ᠸᠠᠩ ᠤᠨ ᠣᠮᠤᠭ ᠭᠤᠨᠢᠭ ᠰᠢᠩᠭᠡᠭ᠍ᠰᠡᠨ

ᠬᠡᠦᠬᠡᠳ ᠤᠨ ᠠᠭᠤᠯᠠ ᠶᠢᠨ ᠳᠡᠦᠭᠡᠨ ᠰᠢᠪᠠᠨᠡᠭᠡ ᠲᠡᠶ

ᠳᠤᠯᠭᠤᠷ ᠳᠦᠷᠤ ᠳᠤ ᠪᠠᠨ ᠳᠤᠭᠴᠢ ᠶᠠᠪᠣᠭᠰᠠᠨ

ᠳᠤᠮᠤᠭᠳᠤ ᠨᠤᠳᠤᠭ ᠲᠦᠰᠢᠶᠠᠳᠤ ᠮᠢᠨᠤ

ᠠᠷᠠᠯᠳᠤ ᠬᠤᠭᠤᠷ ᠠᠷᠠᠤᠨ ᠤᠨ ᠳᠠᠭᠤᠤ ᠠᠠᠳᠠᠢ ᠪᠦᠵᠢᠭ᠌

ᠠᠮᠢᠯᠠᠯ ᠤᠨ ᠭᠤᠷᠪᠠᠨ ᠦᠨᠳᠦᠰᠦ

ᠡᠷᠳᠡᠨᠢᠵᠢᠷᠦᠭᠡ ᠰᠢᠷᠤᠪ ᠪᠦᠷᠢᠪᠠᠶᠡᠷ ᠬᠠᠢ ᠪᠣᠤ

ᠦᠯᠢᠭᠡᠷ ᠤᠨ ᠳᠦᠷᠪᠠᠨ ᠣᠳᠠᠰᠤ

ᠵᠤᠷᠢᠭᠳᠤ ᠴᠤᠭᠯᠠ ᠣᠤᠠᠬᠤᠨ ᠭᠡᠭᠡᠡᠵᠦᠭ᠌ ᠁

ᠳᠡᠯᠭᠡᠷᠡᠭᠦ ᠮᠢᠩᠭ᠋ᠠᠨ ᠰᠠᠯᠠᠭ᠎ᠠ

ᠣᠷᠠᠯᠢᠭ ᠰᠤᠶᠤᠯ ᠣᠷᠤᠭᠰᠢᠯᠠᠯᠳᠠ ᠳᠠᠪᠰᠢᠯᠳᠠ

ᠵᠢᠮᠢᠰᠯᠡᠭᠦ ᠰᠠᠢ᠌ᠬᠠᠨ ᠢᠷᠡᠭᠡᠳᠦᠢ

ᠦᠯᠢᠭᠡᠷ ᠤᠨ ᠨᠤᠳᠤᠭ ᠠᠯᠳᠠᠷᠳᠠᠢ

ᠦᠪᠣᠷ ᠮᠤᠩᠭ᠋ᠤᠯ ᠤᠨ ᠲᠦᠰᠢᠶᠠᠳᠤ ᠮᠢᠨᠤ

ᠣᠳᠤᠮᠳᠤ ᠰᠤᠶᠤᠯ ᠤᠨ ᠳᠤᠷᠭᠠᠨ ᠭᠦᠷᠦᠰᠤ ᠪᠠᠷ ᠶᠢᠡᠨ

ᠮᠢᠨᠤ ᠲᠦᠰᠢᠶᠠᠳᠤ ᠵᠠᠭᠤᠨ ᠵᠠᠭᠤᠨ ᠳᠤ ᠪᠠᠨ ᠵᠤᠯ ᠲᠡᠶ

ᠣᠬᠠᠭᠠᠨ ᠱᠥᠭᠯᠡᠭ᠍ᠰᠡᠨ ᠭᠦᠮᠤᠨ ᠵᠤᠨ ᠶᠢᠡᠷ ᠶᠢᠡᠨ

ᠮᠢᠨᠤ ᠲᠦᠰᠢᠶᠠᠳᠤ ᠣᠨ ᠣᠨ ᠳᠤ ᠪᠠᠨ ᠳᠠᠪᠰᠢᠯᠳᠠ ᠲᠡᠶ

ᠠᠷᠠᠤᠨ ᠤᠨ ᠳᠠᠭᠤᠤ ᠪᠠᠷ ᠶᠢᠡᠨ ᠰᠠᠷᠠ ᠶᠢ ᠬᠤᠷᠭᠤᠳᠠᠭᠤᠯᠵᠤ

ᠠᠮᠢᠳᠤᠷᠠᠯ ᠤᠨ ᠭᠤᠨᠢᠭ ᠢ ᠳᠠᠢ᠌ᠯᠤᠭᠰᠠᠨ

ᠠᠷᠠᠯᠳᠤ ᠬᠤᠭᠤᠷ ᠶᠢᠡᠷ ᠶᠢᠡᠨ ᠡᠭᠦᠯᠡ ᠶᠢ ᠦᠯᠳᠠᠵᠤ

ᠠᠮᠢᠵᠢᠷᠠᠯ ᠭᠡᠭᠡ ᠶᠢ ᠳᠠᠯᠠᠯᠤᠭᠰᠠᠨ

ᠡᠪᠦᠭᠡ ᠬᠠᠰᠠᠷ ᠤᠨ ᠡᠭᠡᠨᠢᠭ᠍ᠰᠢᠭ᠍ᠰᠡᠨ ᠣᠷᠤᠨ

ᠡᠷᠳᠡᠨ ᠡᠴᠡ ᠠᠯᠳᠠᠷᠳᠠᠢ ᠲᠦᠰᠢᠶᠠᠳᠤ ᠮᠢᠨᠤ


2008᠂ 10᠂ 1


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯᠵᠤᠬᠢᠶᠠᠭᠴᠢ᠄ ᠳᠠᠪᠬᠤᠷᠪᠠᠶᠠᠷ
ᠬᠠᠷᠢᠶ᠎ᠠ᠄ ᠰᠢᠯᠦᠭ
ᠳᠠᠷᠤᠮ᠄ 1903
ᠴᠠᠭ᠄ 2010 ᠤᠨ ᠤ 07 ᠰᠠᠷ᠎ᠠ ᠶᠢᠨ 17