ᠨᠤᠳᠤᠭ ᠤᠨ ᠮᠢᠨᠢ ᠰᠢᠷᠤᠢ

ᠭᠦᠢ ᠶᠢᠨ ᠴᠢᠰᠤ ᠪᠠᠨ ᠳᠤᠰᠤᠭᠠᠭᠰᠠᠨ

ᠭᠦᠯ ᠤᠨ ᠣᠯᠠ ᠪᠠᠨ ᠰᠢᠷᠣᠢ᠌ᠳᠠᠭᠤᠯᠤᠭᠰᠠᠨ

ᠳᠤᠭᠤᠷᠠᠢ ᠤᠨ ᠣᠷᠤᠮ ᠶᠢᠡᠷ ᠥᠨᠦᠰᠦᠭᠦᠯᠦᠭ᠍ᠰᠡᠨ

ᠳᠤᠨᠤᠳᠠᠰᠤᠨ ᠤ ᠨᠢᠯᠪᠣᠰᠤ ᠪᠠᠷ ᠠᠷᠭᠠᠳᠠᠭᠤᠯᠤᠭᠰᠠᠨ

ᠨᠤᠳᠤᠭ ᠤᠨ ᠮᠢᠨᠢ ᠰᠢᠷᠤᠢ

ᠰᠢᠷᠭᠠᠯ ᠨᠠᠷᠠᠨ ᠤ ᠢᠯᠴᠢ ᠰᠢᠩᠭᠡᠰᠦᠳᠡᠢ

ᠰᠢᠯᠡᠭᠡᠭ᠍ᠰᠡᠨ ᠭᠦᠯᠦᠰᠤᠨ ᠤ ᠦᠨᠦᠷ ᠬᠠᠩᠬᠤᠯᠠᠭᠠᠰᠤᠳᠠᠢ

ᠣᠯᠠᠷᠢᠯ ᠤᠨ ᠳᠦᠷᠪᠠᠨ ᠠᠭᠠᠯᠢ ᠡᠭᠡᠯᠵᠢᠯᠡᠭᠡᠰᠦᠳᠡᠢ

ᠣᠳᠤᠮ ᠳᠠᠮᠵᠢᠭᠰᠠᠨ ᠪᠠᠭᠤᠷᠢ ᠳᠠᠮᠠᠭᠠᠯᠠᠭᠠᠰᠤᠳᠠᠢ

ᠨᠤᠳᠤᠭ ᠤᠨ ᠮᠢᠨᠢ ᠰᠢᠷᠤᠢ

ᠠᠷᠭᠠᠰᠤᠨ ᠤ ᠦᠨᠡᠰᠤ ᠰᠢᠭ᠌ ᠪᠣᠳᠠᠷᠠᠭ᠎ᠠ ᠦᠭᠡᠶ

ᠠᠶᠠᠨ ᠤ ᠳᠤᠭᠤᠰᠤ ᠰᠢᠭ ᠵᠠᠮᠬᠠᠷᠠᠭ᠎ᠠ ᠦᠭᠡᠶ

ᠠᠯᠠᠭ ᠴᠡᠴᠡᠭᠡᠰ ᠶᠢᠡᠨ ᠊ᠭ᠍‍ᠬᠢᠷᠳᠦᠭᠡ ᠦᠭᠡᠶ

ᠠᠶᠠᠷᠬᠠᠨ ᠨᠡᠭᠦᠳᠡᠯᠯᠡᠵᠤ ᠡᠯᠡᠰᠦᠷᠡᠭᠡ ᠦᠭᠡᠶ

ᠨᠤᠳᠤᠭ ᠤᠨ ᠮᠢᠨᠢ ᠰᠢᠷᠤᠢ

ᠰᠦᠷᠦᠭ᠌ ᠤᠨ ᠳᠤᠯᠠᠭᠠᠨ ᠭᠡᠪᠳᠡᠷᠢ ᠲᠡᠶ

ᠰᠥᠮᠡᠢ᠌ᠭᠦ ᠵᠡᠷᠭᠡᠯᠭᠡᠨ ᠤ ᠬᠤᠨᠢᠶᠠᠰᠤ ᠲᠡᠶ

ᠰᠦᠷᠯᠢᠭ᠌ ᠠᠭᠤᠯᠠ ᠶᠢᠨ ᠨᠦᠮᠦᠷᠢ ᠲᠡᠶ

ᠰᠦᠯᠳᠡ ᠵᠢᠷᠤᠮ ᠤᠨ ᠵᠠᠭᠢᠶᠠᠰᠤ ᠲᠡᠶ

ᠨᠤᠳᠤᠭ ᠤᠨ ᠮᠢᠨᠢ ᠰᠢᠷᠤᠢ

ᠠᠰᠢᠳᠠ ᠣᠷᠤᠰᠢᠬᠤ ᠶᠢᠨ ᠢᠷᠦᠭᠡᠯ ᠲᠡᠶ᠃

ᠠᠵᠠ ᠵᠢᠷᠭᠠᠯ ᠤᠨ ᠵᠦᠩᠨᠠᠯ ᠲᠡᠶ

ᠠᠮᠢᠨ ᠵᠢᠷᠦᠭᠡᠨ ᠤ ᠬᠤᠯᠪᠣᠭ᠎ᠠ ᠲᠡᠶ

ᠠᠷᠪᠠᠨ ᠴᠠᠭᠠᠨ ᠤ ᠳᠠᠮᠪᠠᠷᠠᠯ ᠲᠡᠶ

ᠨᠤᠳᠤᠭ ᠤᠨ ᠮᠢᠨᠢ ᠰᠢᠷᠤᠢ

ᠰᠢᠭᠤᠷᠭᠠᠨ ᠳᠤ ᠳᠠᠭᠤᠭᠳᠠᠵᠤ ᠭᠡᠢ᠌ᠰᠦᠭᠡ ᠦᠭᠡᠶ

ᠰᠢᠭᠦᠳᠡᠷᠢ ᠪᠠᠨ ᠭᠤᠳᠤᠭᠠᠵᠤ ᠭᠠᠩᠳᠠᠭ᠎ᠠ ᠦᠭᠡᠶ

ᠳᠡᠷᠯᠢᠭ᠌ ᠳ᠋ᠤᠨᠢ ᠰᠢᠷᠠᠯᠳᠤᠵᠤ ᠨᠠᠭᠠᠯᠳᠤᠭ᠎ᠠ ᠦᠭᠡᠶ

ᠳᠠᠷᠰᠠᠯᠠᠵᠤ ᠨᠤᠳᠤᠭ ᠡᠴᠡ ᠪᠠᠨ ᠣᠷᠪᠠᠭ᠎ᠠ ᠦᠭᠡᠶ

ᠨᠤᠳᠤᠭ ᠤᠨ ᠮᠢᠨᠢ ᠰᠢᠷᠤᠢ

ᠡᠮᠨᠢᠭ᠌ ᠨᠢ ᠳᠤᠭᠤᠯᠠᠬᠤ ᠳᠤ ᠭᠤᠮᠤᠳᠠᠭ᠎ᠠ ᠦᠭᠡᠶ

ᠡᠷᠴᠢ ᠪᠠᠨ ᠰᠢᠯᠭᠠᠬᠤ ᠳᠤ ᠵᠠᠭᠤᠨᠠᠷᠠᠭ᠎ᠠ ᠦᠭᠡᠶ

ᠥᠩᠭᠡ ᠦᠵᠡᠮᠵᠢ ᠨᠢ ᠬᠤᠭᠤᠴᠢᠷᠠᠭ ᠦᠭᠡᠶ

ᠦᠩ ᠰᠢᠮᠯᠢᠭ᠌ ᠶᠢᠡᠨ ᠠᠯᠳᠠᠭ᠎ᠠ ᠦᠭᠡᠶ

ᠨᠤᠳᠤᠭ ᠤᠨ ᠮᠢᠨᠢ ᠰᠢᠷᠤᠢ

ᠨᠡᠭᠦᠳᠡᠯ ᠤᠨ ᠮᠦᠷ ᠨᠢ ᠪᠠᠯᠠᠷᠠᠭ᠎ᠠ ᠦᠭᠡᠶ

ᠨᠢᠴᠦᠭᠦᠷᠡᠵᠤ ᠬᠠᠯᠴᠠᠭᠠᠢ᠌ᠷᠠᠭᠠᠤᠨ ᠡᠮᠵᠢᠭ᠍ᠯᠡᠭᠡ ᠦᠭᠡᠶ

ᠣᠳᠤᠮ ᠶᠢᠡᠨ ᠮᠠᠷᠳᠠᠵᠤ ᠪᠢᠯᠳᠠᠤᠴᠢᠯᠠᠭ᠎ᠠ ᠦᠭᠡᠶ

ᠣᠷᠭᠤᠮᠠᠯ ᠨᠢ ᠦᠨᠳᠦᠰᠦ ᠳᠠᠰᠤᠷᠠᠭ᠎ᠠ ᠦᠭᠡᠶ

ᠨᠤᠳᠤᠭ ᠤᠨ ᠮᠢᠨᠢ ᠰᠢᠷᠤᠢ

ᠮᠤᠩᠭ᠋ᠤᠯ ᠭᠤᠯᠤᠮᠳᠠ ᠶᠢᠨ ᠭᠡᠷᠢᠶᠡᠰ ᠥᠪᠯᠡᠭᠡᠰᠦᠳᠡᠢ

ᠮᠤᠷᠢᠳᠠᠨ ᠵᠠᠶᠠᠭᠠᠨ ᠤ ᠳᠠᠪᠢᠯᠠᠩ ᠳᠡᠭᠡᠳᠦᠯᠡᠭᠡᠰᠦᠳᠡᠢ

ᠡᠯᠦᠡᠴᠡ ᠳᠡᠭᠡᠳᠦᠰ ᠤᠨ ᠰᠦᠨᠠᠰᠤ ᠣᠷᠤᠰᠢᠭᠠᠰᠤᠳᠠᠢ

ᠡᠷᠳᠡ ᠣᠷᠢᠳᠠ ᠶᠢᠨ ᠳᠤᠮᠤᠭ ᠰᠢᠪᠠᠨᠡᠭᠡᠰᠦᠳᠡᠢ

ᠨᠤᠳᠤᠭ ᠤᠨ ᠮᠢᠨᠢ ᠰᠢᠷᠤᠢ


ᠵᠤᠬᠢᠶᠠᠭᠴᠢ ᠶᠢᠨ ᠬᠠᠶ‍ᠢᠭ᠄ ᠪᠠᠶᠠᠠᠭᠤᠤᠯ ᠵᠸᠤ ᠶᠢᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1710
ᠴᠠᠭ᠄ 2010 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ