ᠡᠪᠠᠢ᠌ᠯᠡᠨ ᠥᠭᠡᠢ᠌ᠯᠡᠭᠦ ᠶᠢᠨ ᠵᠠᠪ ᠦᠭᠡᠶ᠁

ᠬᠠᠷᠠᠴᠠᠨ ᠳᠤ ᠴᠢᠨᠢ ᠠᠭᠤᠰᠤᠭᠰᠠᠨ ᠰᠡᠭᠦᠷᠡᠰᠤ ᠠᠯᠳᠠᠮ᠎ᠠ ᠣᠢ᠌ᠤᠠᠬᠠᠷ

ᠭᠤᠨᠢᠭ ᠳᠠᠷᠠᠯᠠᠵᠤ ᠬᠤᠨᠤᠭᠰᠠᠨ ᠣᠳᠤᠨ ᠤ ᠪᠦᠳᠡᠭᠢ ᠭᠡᠭᠡ

ᠰᠡᠳᠭᠢᠯ ᠤᠨ ᠰᠡᠯᠡᠭᠦᠭᠡᠨ ᠵᠠᠢ᠌ᠴᠢᠨ ᠤ ᠮᠢᠨᠢ ᠠᠮᠤᠭᠤᠯᠠᠩ ᠳᠠᠢ᠌ᠪᠣᠩ ᠢ ᠡᠪᠳᠡᠨ᠎ᠡ

ᠪᠣᠳᠤᠯ ᠣᠢ᠌ᠮᠤᠷᠠᠭᠤᠯᠤᠨ᠎ᠠ

ᠪᠦᠷ ᠴᠤ ᠠᠭᠤᠷᠯᠠᠭᠤᠯᠤᠨ᠎ᠠ


ᠭᠤᠪᠠᠢ ᠭᠡᠦᠭᠡᠡᠴᠦᠦᠯ ᠤᠨ ᠨᠢᠳᠤ ᠳᠠᠯᠠᠯᠤᠩᠬᠠᠨ ᠣᠴᠢᠯᠠᠳᠠᠭ

ᠰᠥᠭᠦᠷᠡᠰᠢ ᠦᠭᠡᠶ ᠣᠮᠤᠭᠯᠠᠩ ᠬᠠᠷᠠᠴᠠᠨ ᠳᠤ ᠴᠢᠨᠢ

ᠡᠭᠦᠯᠡ ᠪᠦᠷᠭᠦᠭᠦ ᠶᠢ ᠪᠢ ᠬᠠᠷᠠᠬᠤ ᠳᠤᠷ᠎ᠠ ᠥᠭᠡᠢ

ᠦᠵᠡᠳᠠᠯ᠎ᠠ ᠨᠢᠯᠪᠣᠰᠤ ᠵᠠᠢ᠌ᠷᠯᠠᠬᠤ ᠶᠢ ᠨᠠᠩ ᠭᠦᠰᠡᠭᠦ ᠥᠭᠡᠢ

ᠡᠷ᠎ᠡ ᠭᠦᠮᠤᠨ ᠬᠠᠢ᠌ᠷᠠᠯᠠᠭᠰᠠᠨ ᠭᠦᠮᠤᠨ ᠳᠤ ᠪᠠᠨ ᠭᠡᠵᠢᠶᠡᠳᠡ ᠣᠶᠠᠬᠠᠨ ᠪᠠᠢ᠌ᠳᠠᠭ ᠴᠤ

ᠨᠢᠯᠬᠠᠷᠠᠵᠤ ᠨᠠᠯᠠᠳᠠᠭ ᠬᠠᠩᠬᠠᠭᠠᠷ ᠴᠡᠭᠡᠵᠢ ᠮᠢᠨᠢ ᠴᠢ ᠯᠠ ᠪᠣᠯᠬᠤᠷ

ᠨᠢᠯᠪᠣᠰᠤ ᠪᠠᠨ ᠨᠢᠭᠤᠵᠤ ᠮᠡᠭ᠍ᠰᠢᠳᠡᠭ᠌ ᠰᠡᠳᠭᠢᠯ ᠤᠨ ᠨᠦᠮᠦᠷᠢ ᠴᠢ ᠯᠠ ᠪᠣᠯᠬᠤᠷ

ᠡᠷᠡᠮᠡᠭᠡᠢ ᠰᠦᠷᠯᠢᠭᠦᠨ ᠳᠤ ᠴᠢᠨᠢ ᠰᠢᠳᠤᠵᠤ

ᠡᠷᠡᠰ ᠭᠠᠩᠳᠠᠭᠤᠨ ᠳᠤ ᠴᠢᠨᠢ ᠯᠠ ᠪᠠᠭᠤᠵᠤ ᠦᠭ‍ᠭᠦ ᠳᠤᠷᠠᠳᠠᠢ

ᠡᠶᠡᠯᠳᠤᠨ ᠡᠪᠯᠡᠭ᠍ᠰᠡᠨ ᠨᠢᠯᠤᠭᠤᠨ ᠵᠠᠩ ᠳᠤ ᠯᠠ ᠳᠤᠷ᠎ᠠ ᠥᠭᠡᠢ

ᠰᠥᠭᠦᠳᠦᠭᠦᠯᠤᠨ ᠪᠠᠢ᠌ᠵᠤ ᠣᠷᠤᠭ ᠭᠤᠶᠤᠭᠤᠯᠬᠤ ᠨᠠᠩ ᠳᠤᠷ᠎ᠠ ᠥᠭᠡᠢ

ᠰᠦᠷ ᠨᠢ ᠪᠠᠭᠤᠷᠠᠭᠰᠠᠨ ᠡᠷ᠎ᠡ ᠭᠦᠮᠤᠨ ᠤ ᠭᠠᠷ ᠲᠤ ᠵᠠᠯᠠᠭᠳᠠᠬᠤ ᠠᠮᠢᠳᠤᠷᠠᠯ

ᠳᠠᠷᠪᠠᠭᠤᠯ ᠶᠢᠡᠨ ᠭᠡᠭᠡᠭ᠍ᠰᠡᠨ ᠣᠩᠭ᠋ᠤᠴᠠ ᠰᠢᠭ ᠳᠦᠭᠡᠷᠢᠵᠤ ᠮᠠᠳᠠᠨ᠎ᠡ

ᠬᠠᠢ᠌ᠷᠠᠯᠠᠯ᠎ᠠ ᠶᠠᠭᠠᠭᠢᠯ᠎ᠠ ᠭᠡᠵᠤ ᠭᠤᠶᠤᠵᠤ ᠳᠡᠭᠦᠭᠦ ᠶᠢᠨ ᠣᠷᠤᠨ ᠳ᠋ᠤ

ᠬᠠᠴᠠᠷ ᠨᠢᠯᠴᠢᠭᠢᠨᠠᠳᠠᠯ᠎ᠠ ᠳᠦᠷᠢᠮᠡᠭᠡᠢ ᠥᠭᠡᠰ ᠰᠢᠪᠠᠨᠠ

ᠶᠡᠭᠡᠮᠰᠦᠭ᠌ ᠳᠦᠷᠢᠯᠠᠵᠤ ᠵᠦᠷᠢᠭᠦ ᠶᠢᠨ ᠵᠠᠪ ᠦᠭᠡᠶ ᠬᠠᠷᠠᠴᠠ ᠶᠢ ᠮᠢᠨᠢ ᠪᠣᠯᠢᠶᠠ

ᠢᠴᠢᠭ᠍ᠰᠡᠨ ᠶᠢᠡᠨ ᠨᠢᠭᠤᠵᠤ ᠵᠦᠷᠢᠭᠦᠳᠯᠡᠭᠦ ᠶᠢᠨ ᠵᠠᠢ ᠦᠭᠡᠶ ᠰᠡᠳᠭᠢᠯ ᠢ ᠮᠢᠨᠢ ᠡᠵᠡᠮᠳᠡ

ᠵᠡᠭᠦᠳᠤ ᠶᠢ ᠭᠦᠷᠳᠡᠯ᠎ᠡ ᠨᠠᠪᠳᠠ ᠬᠠᠷᠠᠭᠰᠠᠨ ᠪᠣᠯᠵᠤ ᠦᠪᠡᠷ ᠲᠤ ᠪᠠᠨ ᠢᠳᠡᠭᠡ

ᠵᠢᠷᠦᠭᠡ ᠪᠣᠯᠭᠢᠳᠠᠯ᠎ᠠ ᠭᠠᠷ ᠡᠴᠠ ᠮᠢᠨᠢ ᠠᠳᠬᠤ

ᠪᠣᠳᠤᠯ ᠤᠨ ᠮᠢᠨᠢ ᠪᠣᠷᠤᠬᠠᠨ ᠬᠣᠢ᠌ᠮᠤᠷ ᠲᠤ ᠪᠠᠢ᠌ᠨ ᠪᠠᠢ᠌ᠨ ᠰᠠᠭᠠᠳᠠ

ᠪᠣᠷᠤᠭ᠎ᠠ ᠪᠣᠯᠤᠨ ᠨᠠᠮᠢᠷᠠᠵᠤ ᠢᠷᠡᠭᠡᠳ ᠵᠢᠷᠦᠭᠡᠨ ᠳᠡᠭᠡᠷ᠎ᠡ ᠳᠤᠪᠰᠢ

ᠳᠠᠭᠤᠯᠠᠨ ᠭᠠᠩᠬᠤᠬᠤ ᠴᠡᠴᠡᠭ᠍ᠭᠡᠨ ᠨᠠᠰᠤᠨ ᠤ

ᠳᠤᠷᠠᠯᠠᠯ ᠤᠨ ᠭᠠᠯ ᠢ ᠮᠢᠨᠢ ᠳᠦᠷᠠᠯᠵᠠᠳᠠᠯ᠎ᠠ ᠨᠤᠴᠤᠭ᠎ᠠ


ᠡᠪᠠᠢ᠌ᠯᠡᠨ ᠥᠭᠡᠢ᠌ᠯᠡᠭᠦ ᠶᠢᠨ ᠵᠠᠪ ᠥᠭᠡᠢ

ᠡᠷᠭᠢᠨ ᠣᠷᠴᠢᠵᠤ ᠴᠠᠭ ᠡᠯᠡᠭ᠍ᠳᠡᠳᠡᠭ᠌ ᠰᠢᠤ ᠬᠤᠩᠭ᠋ᠤᠷ ᠮᠢᠨᠢ︕

ᠵᠤᠨ ᠤ ᠪᠠᠨ ᠴᠢᠮᠡᠭ᠌ ᠵᠠᠭᠤᠨ ᠮᠢᠩᠭ᠋ᠠᠨ ᠴᠡᠴᠡᠭ᠌ ᠤᠨ ᠳᠠᠯᠪᠢ ᠰᠢᠭ᠌

ᠳᠤᠷᠠᠯᠠᠯ ᠬᠠᠢ᠌ᠷ᠎ᠠ ᠶᠢᠨ ᠠᠯᠳᠠᠨ ᠬᠤᠷᠤᠮ

ᠮᠥᠩᠭᠡᠷᠡᠭ᠍ᠰᠡᠨ ᠴᠤ ᠪᠠᠢ᠌ᠳᠠᠭ ᠰᠢᠤ ᠬᠠᠢ᠌ᠷᠠᠳᠤ ᠮᠢᠨᠢ︕

        2011.3.21

  

ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1426
ᠴᠠᠭ᠄ 2011 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁