ᠵᠠᠯᠬᠠᠭᠤ ᠡᠷ᠎ᠡ ᠡᠮ᠎ᠡ ᠬᠤᠶᠠᠷ

     ᠡᠷᠳᠡ ᠣᠷᠢᠳᠠ ᠲᠤ ᠵᠠᠯᠬᠠᠭᠤ ᠡᠷ᠎ᠡ ᠡᠮ᠎ᠡ ᠬᠤᠶᠠᠷ ᠪᠠᠢ᠌ᠵᠤ ᠭᠡᠨ᠎ᠡ᠃ ᠡᠷ᠎ᠡ ᠨᠢ ᠵᠠᠯᠬᠠᠭᠤᠷᠠᠭᠠᠤᠨ ᠭᠡᠵᠢᠶᠡᠳᠡ ᠨᠢᠭᠤᠷ ᠶᠢᠡᠨ ᠣᠭᠢᠶᠠᠬᠤ ᠦᠭᠡᠶ᠂ ᠡᠮ᠎ᠡ ᠨᠢ ᠵᠠᠯᠬᠠᠭᠤᠷᠠᠭᠠᠤᠨ ᠭᠡᠵᠢᠶᠡᠳᠡ ᠳᠤᠭᠤᠭ᠎ᠠ ᠪᠠᠨ ᠣᠭᠢᠶᠠᠳᠠᠭ ᠦᠭᠡᠶ ᠭᠡᠨ᠎ᠡ᠃

     ᠨᠢᠭᠡ ᠰᠦᠨᠢ ᠡᠷ᠎ᠡ ᠡᠮ᠎ᠡ ᠬᠤᠶᠠᠷ ᠢ ᠣᠠᠳᠠᠵᠤ ᠪᠠᠢ᠌ᠳᠠᠯ᠎ᠠ ᠬᠤᠯᠠᠭᠠᠢ᠌ᠴᠢ ᠢᠷᠡᠭᠡᠳ ᠶᠠᠭᠤᠮ᠎ᠠ ᠶᠢ ᠨᠢ ᠬᠤᠯᠠᠭᠠᠢ᠌ᠯᠠᠵᠠᠢ ᠭᠡᠨ᠎ᠡ᠃ ᠵᠠᠯᠠᠭᠤ ᠨᠡᠭᠡᠵᠤ ᠣᠴᠢᠭᠠᠤᠨ ᠳᠤᠭᠤᠭ᠎ᠠ ᠪᠠᠨ ᠪᠣᠯᠢᠶᠠᠵᠤ ᠠᠪᠬᠤ ᠪᠠᠷ ᠨᠤᠴᠤᠯᠳᠤᠬᠤ ᠳᠤ᠂ ᠳᠠᠷᠠ ᠬᠤᠯᠠᠭᠠᠢ᠌ᠴᠢ ᠢᠯᠳᠤ ᠪᠠᠷ ᠶᠢᠡᠨ ᠵᠠᠯᠠᠭᠤ ᠡᠷ᠎ᠡ ᠶᠢᠨ ᠥᠭᠡᠳᠡ ᠴᠠᠪᠴᠢᠭᠠᠤᠨ ᠳᠤᠳᠠᠭᠠᠪᠠ ᠭᠡᠨ᠎ᠡ᠃ ᠵᠠᠯᠠᠭᠤ ᠡᠷ᠎ᠡ ᠪᠣᠴᠠᠵᠤ ᠢᠷᠡᠭᠡᠳ ᠡᠮ᠎ᠡ ᠳᠡᠭᠡᠨ ᠰᠠᠢ᠌ᠮᠰᠠᠷᠬᠠᠵᠤ᠄

     《ᠮᠢᠨᠤ ᠵᠠᠯᠬᠠᠭᠤᠷᠠᠭᠠᠤᠨ ᠨᠢᠭᠤᠷ ᠶᠢᠡᠨ ᠣᠭᠢᠶᠠᠳᠠᠭ ᠦᠭᠡᠶ ᠶᠢᠨ ᠰᠠᠢ᠌ᠨ ᠦᠨᠦ ᠭᠠᠷᠤᠯ᠎ᠠ ᠪᠠ︕ ᠳᠤᠭᠤᠭ᠎ᠠ ᠬᠤᠯᠠᠭᠠᠢ᠌ᠯᠠᠭᠰᠠᠨ ᠬᠤᠯᠠᠭᠠᠢ᠌ᠴᠢ ᠶᠢᠨ ᠢᠯᠳᠤ ᠬᠤᠶᠠᠷ ᠬᠤᠷᠤᠭᠤ ᠳᠠᠭᠠᠭᠠᠭᠠᠤᠨ ᠊ᠭ᠍‍ᠬᠢᠷ ᠢ ᠮᠢᠨᠢ ᠬᠤᠪᠬᠤᠯᠤᠭᠠᠤᠨ ᠵᠤᠭᠰᠤᠵᠠᠢ︕》 ᠭᠡᠳ ᠣᠠᠳᠠᠵᠠᠢ᠃ ᠮᠠᠷᠭᠠᠰᠢ ᠦᠷᠯᠦᠭᠡ ᠨᠢ ᠵᠠᠯᠬᠠᠭᠤ ᠡᠮ᠎ᠡ ᠨᠢ ᠪᠣᠰᠤᠭᠠᠤᠨ ᠳᠤᠭᠤᠭ᠎ᠠ ᠶᠢ ᠬᠤᠯᠠᠭᠠᠢ᠌ᠴᠢ ᠠᠪᠣᠭᠠᠤᠨ ᠶᠠᠪᠣᠴᠢᠬᠠᠭᠰᠠᠨ ᠶᠤᠮ ᠴᠢᠨᠢ ᠶᠠᠭᠤᠨ ᠳᠠᠭᠠᠨ ᠴᠠᠢ ᠴᠢᠨᠠᠵᠤ ᠣᠤᠭᠤᠬᠤ ᠪᠢᠯᠠ ᠭᠡᠳ ᠭᠠᠷᠴᠤ ᠦᠵᠡᠪᠠᠯ ᠳᠤᠭᠤᠭᠠᠨ ᠤ ᠭᠢᠨᠢ ᠬᠤᠰᠤᠮ ᠬᠠᠭ ᠨᠢ ᠠᠯᠠᠭ᠎ᠠ ᠪᠣᠯᠤᠭᠠᠤᠨ ᠳᠤᠭᠤᠭ᠎ᠠ ᠨᠢ ᠰᠠᠭᠤᠷᠢ ᠳᠡᠭᠡᠷ᠎ᠡ ᠪᠠᠨ ᠪᠠᠢ᠌ᠨ᠎ᠠ ᠭᠡᠨ᠎ᠡ᠃ ᠵᠠᠯᠬᠠᠭᠤ ᠡᠮ᠎ᠡ ᠣᠠᠳᠠᠵᠤ ᠪᠠᠢ᠌ᠭᠰᠠᠨ ᠡᠷ᠎ᠡ ᠪᠠᠨ ᠲᠦᠯᠭᠢᠵᠤ ᠰᠡᠷᠢᠭᠡᠭᠡᠳ᠄

    《ᠮᠢᠨᠤ ᠵᠠᠯᠬᠠᠭᠤᠷᠠᠭᠠᠤᠨ ᠳᠤᠭᠤᠭ᠎ᠠ ᠪᠠᠨ ᠣᠭᠢᠶᠠᠳᠠᠭ ᠦᠭᠡᠶ ᠶᠢᠨ ᠰᠠᠢ᠌ᠨ ᠨᠢ ᠦᠨᠦ ᠭᠠᠷᠤᠯ᠎ᠠ ᠪᠠ︕ ᠬᠤᠯᠠᠭᠠᠢ᠌ᠴᠢ ᠳᠤᠭᠤᠭ᠎ᠠ ᠶᠢ ᠬᠤᠯᠠᠭᠠᠢ᠌ᠯᠠᠬᠤ ᠭᠡᠳ ᠬᠤᠰᠤᠮ ᠢ ᠨᠢ ᠬᠤᠯᠠᠭᠠᠢ᠌ᠯᠠᠭᠠᠤᠨ ᠶᠠᠪᠣᠴᠢᠬᠠᠭᠰᠠᠨ ᠪᠠᠢ᠌ᠨ᠎ᠠ》 ᠭᠡᠵᠤ ᠰᠠᠢ᠌ᠮᠰᠠᠷᠬᠠᠪᠠ ᠭᠡᠨ᠎ᠡ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ

ᠵᠤᠬᠢᠶᠠᠭᠴᠢ᠄ ᠭᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 3637
ᠴᠠᠭ᠄ 2011 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁