ᠠᠷᠢᠭᠢ

ᠠᠮᠠᠨ ᠴᠠᠭᠠᠨ ᠢᠷᠦᠭᠡᠯ ᠳ᠋ᠤ

ᠠᠷᠢᠭᠢ ᠴᠢ ᠳᠡᠭᠡᠳᠤ ᠪᠠᠶ᠎ᠠ ᠳᠤ ᠰᠠᠭᠤᠨ᠎ᠠ

ᠠᠪᠣ ᠶᠢᠨ ᠭᠦᠤ ᠡᠪᠦᠭᠡᠷᠡᠭ᠍ᠰᠡᠨ ᠴᠤ

ᠠᠷᠭ᠎ᠠ ᠦᠭᠡᠶ ᠴᠢᠨᠤ ᠳᠠᠳ᠋ ᠪᠠᠶ᠎ᠠ ᠳᠤ ᠰᠠᠭᠤᠨ᠎ᠠ᠃


ᠠᠢ᠌ᠯ ᠠᠢ᠌ᠮᠠᠭ ᠤᠨ ᠨᠠᠢ᠌ᠷ ᠳᠡᠭᠡᠷ᠎ᠡ

ᠠᠮᠠᠨ ᠪᠢᠳᠡᠭᠦᠤ ᠠᠷᠢᠭᠢ ᠴᠢ ᠳᠡᠭᠡᠷ᠎ᠡ ᠵᠠᠯᠠᠭᠳᠠᠨ᠎ᠠ

ᠠᠷᠢᠭᠢ ᠦᠭᠡᠶ ᠨᠠᠢ᠌ᠷ ᠨᠠᠢ᠌ᠷ ᠪᠢᠰᠢ ᠭᠡᠳ

ᠠᠢ᠌ᠯ ᠠᠢ᠌ᠮᠠᠭ ᠤᠨ ᠡᠷ᠎ᠡ ᠡᠮ᠎ᠡ ᠦᠭᠡᠶ ᠭᠦᠡᠳᠦᠯᠡᠨ᠎ᠡ᠃


ᠠᠠᠳᠠ ᠪᠠᠨ ᠠᠷᠢᠭᠢ ᠡᠴᠠ ᠬᠣᠢ᠌ᠰᠢ ᠳᠠᠳᠠᠳᠠᠭ

ᠠᠷᠪᠢᠨ ᠣᠯᠠᠨ ᠨᠠᠢ᠌ᠵᠢ ᠲᠡᠶ ᠴᠤ

ᠠᠯᠴᠤ ᠳᠤᠰᠠᠵᠤ ᠪᠦᠳᠦᠷᠢᠭᠦ ᠦᠶ᠎ᠡ ᠳ᠋ᠤ

ᠠᠮᠠᠨ ᠪᠠᠨ ᠪᠠᠷᠢᠳᠠᠭ ᠠᠢ᠌ᠯ ᠤᠨ ᠵᠠᠯᠠᠭᠤᠰ ᠴᠥᠭᠡᠨ᠃


ᠠᠷᠤ ᠡᠴᠠ ᠮᠢᠨᠢ ᠱᠤᠯᠭᠤᠨᠠᠳᠠᠭ

ᠠᠮᠠ ᠬᠠᠯᠠᠭᠤᠨ ᠴᠡᠴᠡᠷᠭᠡᠳᠡᠭ᠌

ᠠᠭᠢᠶᠠᠤᠨ ᠭᠦᠮᠦᠰ ᠮᠤᠩ ᠥᠭᠡᠢ

ᠠᠷᠢᠭᠢ ᠴᠢᠮᠠᠳᠤ ᠶᠠᠯ᠎ᠠ ᠦᠭᠡᠶ᠃


ᠠᠷᠢᠭᠢ ᠶᠢ ᠴᠢᠳᠠᠳᠠᠭ ᠡᠷ᠎ᠡ ᠴᠢᠳᠠᠨ᠎ᠠ

ᠠᠷᠠᠠᠰᠢᠨ ᠶᠢᠡᠨ ᠪᠠᠷᠢᠳᠠᠭ ᠡᠷ᠎ᠡ ᠪᠠᠷᠢᠨ᠎ᠠ

ᠠᠷᠤ ᠬᠣᠢ᠌ᠮᠤᠷ ᠶᠢᠡᠷ ᠭᠦᠢᠳᠡᠨ ᠥᠭᠡ ᠭᠦᠶ‍ᠦᠯᠭᠡᠪᠠᠯ

ᠠᠷᠢᠭᠤᠨ ᠰᠢᠷᠡᠭᠡ ᠊ᠭ᠍‍ᠬᠢᠷᠳᠦᠨ᠎ᠡ᠃


ᠠᠷᠢᠭᠢ ᠰᠢᠭ ᠬᠠᠯᠠᠭᠤᠨ ᠡᠷᠡᠴᠦᠦᠯ ᠮᠢᠨᠢ

ᠠᠷᠢᠭᠢ ᠪᠢᠳᠠᠨ ᠢ ᠭᠤᠳᠤᠭᠠᠭᠠᠤᠨ ᠦᠭᠡᠶ᠂

ᠠᠮᠠᠨ ᠳᠠᠭᠠᠨ ᠪᠢᠳᠠ ᠠᠷᠢᠭᠢ ᠶᠢ ᠣᠪᠵᠢ ᠪᠣᠯᠭᠠᠭᠰᠠᠨ ᠦᠭᠡᠶ ᠣᠴᠢᠷ

ᠠᠮᠢᠳᠤᠷᠠᠯ ᠶᠢᠡᠨ ᠪᠢᠳᠠ ᠠᠷᠢᠭᠢ ᠪᠠᠷ ᠰᠤᠯᠢᠵᠤ ᠪᠣᠯᠬᠤ ᠦᠭᠡᠶ᠃

ᠠᠷᠢᠭᠢ ᠶᠢ ᠣᠤᠭᠤᠳᠠᠭ ᠭᠠᠵᠠᠷ ᠲᠤ ᠨᠢ ᠣᠤᠭᠤ

ᠠᠷᠤ ᠬᠣᠢ᠌ᠨᠠᠭᠢ ᠪᠠᠨ ᠪᠣᠳᠤᠵᠤ ᠪᠠᠢ᠌ᠭᠠᠤᠨ ᠣᠤᠭᠤ᠂

ᠠᠳᠬᠤ ᠶᠢᠨ ᠴᠢᠨᠡᠭᠡᠨ ᠳᠡᠯᠭᠡᠭᠦᠷ ᠲᠤ ᠠᠷᠠᠢ ᠪᠠᠭᠳᠠᠵᠤ ᠪᠢᠳᠡᠭᠡᠢ ᠣᠤᠭᠤ᠃


ᠬᠠᠪᠳᠠᠭ᠎ᠠ ᠳᠤ ᠪᠠᠢ᠌ᠭᠰᠠᠨ ᠴᠥᠭᠡᠨ ᠵᠤᠭᠤᠰ ᠵᠢᠠᠨ

ᠬᠠᠨᠢ ᠶᠢᠨ ᠲᠦᠯᠦᠭᠡ ᠭᠠᠷᠭᠠᠨ ᠣᠤᠭᠤᠵᠤ ᠪᠣᠯᠤᠨ᠎ᠠ᠂

ᠬᠠᠶᠠ ᠨᠢᠭᠡ ᠳᠤᠭᠤᠰᠤ ᠪᠠᠨ ᠭᠦᠪᠢᠵᠤ᠂ ᠳᠤᠭᠤᠰᠤ ᠬᠤᠷᠢᠶᠠᠵᠤ ᠪᠣᠯᠤᠨ᠎ᠠ

ᠬᠠᠯᠠ ᠲᠡᠶ ᠥᠭᠡ ᠪᠠᠷ ᠦᠨᠳᠦᠰᠦᠳᠠᠨ ᠶᠢᠡᠨ ᠭᠤᠳᠤᠭᠠᠵᠤ ᠪᠣᠯᠬᠤ ᠦᠭᠡᠶ᠃


ᠠᠷᠢᠭᠢ ᠶᠢᠨ ᠰᠤᠭᠳᠤᠭᠤ ᠶᠢ ᠮᠠᠭᠤᠴᠢᠯᠠᠬᠤ ᠡᠴᠠ ᠪᠢᠰᠢ

ᠠᠷᠢᠭᠢ ᠨᠡᠷᠡᠭ᠍ᠰᠡᠨ ᠭᠦᠮᠤᠨ ᠢ ᠮᠠᠭᠤᠴᠢᠯᠠᠳᠠᠭ ᠦᠭᠡᠶ᠂

ᠨᠠᠷᠢᠨ ᠶᠠᠪᠣᠳᠠᠯ ᠢ ᠳᠠᠨᠢᠭᠰᠠᠨ ᠭᠦᠮᠦᠰ

ᠨᠠᠷᠠᠳᠤ ᠶᠢᠨ ᠵᠠᠢ ᠳᠤ ᠰᠠᠷᠠ ᠲᠡᠶ ᠪᠠᠨ ᠰᠤᠭᠳᠤᠳᠠᠭ᠃


ᠥᠭᠡᠷ ᠥᠨᠦᠷᠭᠡᠵᠤ ᠥᠨᠡᠭᠡᠨ ᠳᠤᠯᠢᠶᠠᠳᠠᠭ ᠥᠭᠡᠢ

ᠥᠩᠭᠡ ᠪᠦᠷᠢ ᠶᠢᠨ ᠠᠷᠢᠭᠢ ᠴᠢᠮᠢ᠋ᠢ

ᠦᠨᠦᠴᠢᠨ ᠭᠦᠪᠠᠭᠦᠨ ᠰᠠᠴᠠᠯᠠᠵᠤ ᠢᠷᠡᠭᠦ ᠳ᠋ᠤ

ᠦᠨᠢᠷ ᠭᠦᠮᠦᠰ ᠰᠤᠭᠳᠤᠵᠤ ᠶᠠᠪᠣᠯ᠎ᠠ᠃


ᠠᠷᠢᠭᠢ ᠪᠢᠳᠠᠨ ᠢ ᠳᠤᠭᠤᠵᠤ ᠥᠵᠡᠭᠡ ᠥᠭᠡᠢ

ᠠᠷᠢᠭᠢ ᠶᠢ ᠪᠢᠳᠠ ᠳᠤᠭᠤᠵᠤ ᠶᠠᠪᠣᠯ᠎ᠠ

ᠳᠤᠭᠤᠭᠠᠯᠭ᠎ᠠ ᠶᠢ ᠳᠠᠭᠠᠭᠠᠯ ᠦᠭᠡᠶ ᠪᠢᠳᠠ ᠳᠠᠷᠤᠭᠳᠠᠵᠤ

ᠳᠤᠭᠤᠯ ᠤᠨ ᠵᠠᠯ᠎ᠠ ᠳᠡᠭᠡᠷ᠎ᠡ ᠣᠠᠳᠠᠵᠤ ᠦᠵᠡᠯ᠎ᠠ᠃


ᠠᠮᠠᠨ ᠴᠠᠭᠠᠨ ᠢᠷᠦᠭᠡᠯ ᠳ᠋ᠤ

ᠠᠷᠢᠭᠢ ᠴᠢ ᠳᠡᠭᠡᠳᠤ ᠪᠠᠶ᠎ᠠ ᠳᠤ ᠰᠠᠭᠤᠨ᠎ᠠ

ᠠᠪᠣ ᠶᠢᠨ ᠭᠦᠤ ᠡᠪᠦᠭᠡᠷᠡᠭ᠍ᠰᠡᠨ ᠴᠤ

ᠠᠷᠭ᠎ᠠ ᠦᠭᠡᠶ ᠴᠢᠨᠤ ᠳᠠᠳ᠋ ᠪᠠᠶ᠎ᠠ ᠳᠤ ᠰᠠᠭᠤᠨ᠎ᠠ᠃


ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ ᠮᠤᠩᠭ᠋ᠤᠯ ᠥᠪᠠᠷᠳᠡᠭᠡᠨ ᠵᠠᠰᠠᠬᠤ ᠰᠢᠶᠠᠨ ᠤ ᠵᠠᠰᠠᠭ ᠤᠨ ᠣᠷᠳᠤᠨ ᠤ ᠠᠯᠪᠠᠨ ᠭᠡᠷ

ᠵᠤᠬᠢᠶᠠᠭᠴᠢ᠄ ᠳᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1640
ᠴᠠᠭ᠄ 2010 ᠤᠨ ᠤ 10 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁