ᠦᠪᠡᠷ ᠤᠨ ᠭᠦᠡᠳᠦᠳᠭᠡᠯ
ᠵᠠᠳᠠᠭᠠᠢ ᠰᠢᠯᠦᠭ᠌

ᠭᠤᠸ᠎ᠠ ᠳᠡᠷᠭᠡᠯ ᠨᠠᠷᠠ ᠰᠡᠳᠭᠢᠯ ᠶᠢᠡᠨ ᠳᠡᠯᠭᠡᠨ ᠦᠪᠡᠷ ᠢ ᠪᠠᠨ ᠭᠦᠡᠳᠦᠳᠭᠡᠵᠤ ᠭᠡᠷᠡᠯ ᠢᠯᠴᠢ ᠪᠠᠨ ᠳᠡᠯᠡᠭᠡᠢ ᠳᠤ ᠳᠦᠭᠡᠭᠡᠨ᠎ᠡ᠂ ᠭᠡᠭᠡᠡᠴᠢᠷ ᠨᠤᠭᠤᠭᠠᠨ ᠡᠪᠠᠰᠤ ᠨᠠᠪᠴᠢ ᠨᠠᠢ᠌ᠷ ᠶᠢᠡᠨ ᠬᠠᠢ᠌ᠷᠠᠯᠠᠨ ᠦᠪᠡᠷ ᠢ ᠪᠠᠨ ᠭᠦᠡᠳᠦᠳᠭᠡᠵᠤ ᠭᠠᠩᠬᠤᠨ ᠰᠠᠷᠪᠠᠯᠵᠠᠨ ᠣᠷᠭᠤᠨ᠎ᠠ᠂ ᠭᠣᠢ᠌ᠳᠠ ᠰᠦᠷᠯᠢᠭ᠌ ᠠᠭᠤᠯᠠ ᠡᠷ᠎ᠡ ᠶᠢᠨ ᠵᠤᠯᠪᠣᠭ᠎ᠠ ᠪᠠᠷ ᠬᠠᠨᠢ᠌ᠨ ᠦᠪᠡᠷ ᠢ ᠪᠠᠨ ᠭᠦᠡᠳᠦᠳᠭᠡᠨ ᠴᠢᠯᠠᠭᠤᠳ ᠤᠨ ᠵᠡᠭᠦᠳᠤ ᠪᠠᠨ ᠡᠪᠦᠷᠯᠡᠨ ᠭᠦᠭᠡᠷᠡᠯᠡᠨ ᠦᠨᠢᠶᠠᠷᠳᠤᠨ᠎ᠠ᠂ ᠭᠣᠢ᠌ᠪᠠᠷ ᠦᠳᠡᠰᠢ ᠶᠢᠨ ᠰᠠᠷᠠᠨ ᠦᠪᠡᠷ ᠢ ᠪᠠᠨ ᠭᠦᠡᠳᠦᠳᠭᠡᠨ ᠭᠦᠭᠡᠭᠡᠴᠡᠯᠳᠦᠯ ᠶᠢᠡᠨ ᠮᠥᠩᠭᠡᠯᠡᠨ ᠰᠡᠳᠭᠢᠯ ᠶᠢᠡᠨ ᠡᠴᠡᠭᠡᠨ ᠮᠦᠰᠢᠶᠠᠨ᠎ᠡ᠂ ᠭᠠᠢ᠌ᠬᠠᠯᠳᠠᠢ ᠭᠤᠤᠯ ᠭᠤᠷᠤᠬ᠎ᠠ ᠭᠦᠰᠡᠯᠡᠩ ᠤᠨ ᠭᠡᠭᠡ ᠬᠠᠶᠠᠯᠠᠨ ᠭᠦᠷᠦᠰᠤ ᠭᠠᠵᠠᠷ ᠶᠢᠡᠨ ᠠᠯᠤᠰ ᠢ ᠵᠤᠷᠢᠨ ᠠᠮᠢ ᠨᠠᠰᠤᠨ ᠤ ᠭᠠᠩᠭ᠋ᠠᠩ ᠳᠠᠭᠤᠨ ᠲᠡᠶ ᠮᠤᠷᠤᠯᠵᠠᠨ᠎ᠠ᠂ ᠣᠷᠠᠨ ᠵᠢᠷᠭᠢᠶᠠᠠᠳᠤ ᠰᠢᠪᠠᠭᠤᠳ ᠦᠪᠡᠷ ᠤᠨ ᠭᠦᠡᠳᠦᠳᠭᠡᠯ ᠶᠢᠡᠨ ᠰᠤᠷᠠᠨ ᠵᠢᠭᠦᠷ ᠳᠠᠯᠠᠪᠴᠢ ᠪᠠᠨ ᠠᠭᠤᠳᠠᠮ ᠳᠡᠭ᠍ᠷᠢ ᠶᠢᠨ ᠮᠠᠠᠳᠠᠯ ᠵᠥᠭ᠌ ᠪᠠᠢ᠌ᠨ ᠳᠠᠭᠢᠨ ᠰᠤᠮᠤᠳᠠᠨ᠎ᠠ᠂ ᠨᠤᠬᠠᠢ ᠦᠪᠡᠷ ᠤᠨ ᠭᠦᠡᠳᠦᠳᠭᠡᠯ ᠶᠢᠡᠨ ᠡᠷᠢᠨ ᠬᠠᠶᠠ ᠬᠤᠴᠠᠵᠤ ᠬᠠᠶᠠ ᠭᠦᠶᠤᠨ᠎ᠡ᠂ ᠣᠯᠠᠷᠢᠯ ᠤᠨ ᠰᠢᠪᠠᠭᠤ ᠦᠪᠡᠷ ᠤᠨ ᠭᠦᠡᠳᠦᠳᠭᠡᠯ ᠶᠢᠡᠨ ᠰᠠᠨᠠᠵᠤ ᠵᠢᠭᠦᠷ ᠶᠢᠡᠨ ᠰᠠᠨᠠᠵᠤ᠂ ᠨᠢᠳᠤ ᠪᠠᠨ ᠰᠠᠨᠠᠵᠤ ᠣᠮᠠᠷᠠᠰᠢ ᠬᠠᠯᠢᠨ᠎ᠠ᠂ ᠡᠪᠠᠰᠤ ᠮᠤᠳᠤᠨ ᠤ ᠦᠨᠳᠦᠰᠦ ᠰᠠᠬᠠᠯ ᠦᠪᠡᠷ ᠤᠨ ᠭᠦᠡᠳᠦᠦᠤᠨᠭᠡᠯ ᠳᠤ ᠪᠠ ᠰᠢ᠌ᠳᠤᠨ ᠨᠠᠪᠴᠢ ᠨᠠᠮᠠᠭ᠎ᠠ ᠪᠠᠨ ᠴᠢᠮᠠᠨ᠎ᠡ ᠁

ᠭᠦᠮᠤᠨ ᠦᠪᠡᠷ ᠢ ᠪᠠᠨ ᠭᠦᠡᠳᠦᠳᠭᠡᠨ ᠠᠵᠢᠯ ᠠᠮᠢᠳᠤᠷᠠᠯ ᠶᠢᠨ ᠬᠠᠢ᠌ᠷᠠᠯᠠᠨ᠎ᠠ᠂ ᠭᠦᠮᠤᠨ ᠦᠪᠡᠷ ᠢ ᠪᠠᠨ ᠢᠳᠡᠭᠡᠵᠤ ᠠᠵᠢᠯ ᠠᠮᠢᠳᠤᠷᠠᠯ ᠶᠢᠡᠨ ᠴᠤᠭᠴᠠᠯᠠᠨ᠎ᠠ᠂ ᠭᠦᠮᠤᠨ ᠦᠪᠡᠷ ᠢ ᠪᠠᠨ ᠭᠦᠡᠳᠦᠳᠭᠡᠨ ᠦᠷᠦᠭᠡᠯ ᠢ ᠭᠦᠡᠳᠦᠳᠭᠡᠨ᠎ᠡ᠂ ᠭᠦᠮᠤᠨ ᠦᠪᠡᠷ ᠢ ᠪᠠᠨ ᠭᠦᠡᠳᠦᠳᠭᠡᠨ ᠭᠦᠮᠤᠨ ᠵᠡᠷᠭᠡ ᠲᠡᠶ ᠶᠠᠪᠣᠨ᠎ᠠ᠂ ᠭᠦᠮᠤᠨ ᠦᠪᠡᠷ ᠢ ᠪᠠᠨ ᠭᠦᠡᠳᠦᠳᠭᠡᠨ ᠨᠥᠭᠦᠷᠰᠡᠭ᠌ ᠢ ᠣᠢ᠌ᠯᠠᠭᠠᠨ ᠶᠠᠪᠣᠨ᠎ᠠ᠂ ᠭᠦᠮᠤᠨ ᠦᠪᠡᠷ ᠢ ᠪᠠᠨ ᠭᠦᠡᠳᠦᠳᠭᠡᠨ ᠬᠠᠢ᠌ᠷ᠎ᠠ ᠮᠠᠳᠠᠷᠠᠨ᠎ᠡ᠂ ᠭᠦᠮᠤᠨ ᠦᠪᠡᠷ ᠢ ᠪᠠᠨ ᠭᠦᠡᠳᠦᠳᠭᠡᠨ ᠵᠢᠩᠭᠢᠨᠢ ᠠᠮᠵᠢᠯᠳᠠ ᠲᠡᠶ ᠶᠠᠪᠣᠨ᠎ᠠ᠂ ᠭᠦᠮᠤᠨ ᠦᠪᠠᠷ ᠢ ᠪᠠᠨ ᠭᠦᠡᠳᠦᠳᠭᠡᠨ ᠳᠡᠭ᠍ᠷᠢᠯᠢᠭ᠌ ᠪᠠᠶᠠᠷ ᠵᠢᠷᠭᠠᠯ ᠲᠡᠶ ᠶᠠᠪᠣᠨ᠎ᠠ᠂ ᠭᠦᠮᠤᠨ ᠦᠪᠡᠷ ᠢ ᠪᠠᠨ ᠭᠦᠡᠳᠦᠳᠭᠡᠨ ᠶᠠᠪᠣᠬᠤ ᠵᠠᠮ ᠶᠢᠡᠨ ᠬᠠᠢ᠌ᠷᠠᠯᠠᠨ᠎ᠠ ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1367
ᠴᠠᠭ᠄ 2012 ᠤᠨ ᠤ 10 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁