ᠭᠡᠵᠢᠭᠡᠳᠤ ᠶᠢᠨ ᠨᠢᠳᠤ

ᠭᠡᠵᠢᠭᠡᠳᠤ ᠭᠡᠵᠤ ᠥᠷᠦᠭᠡᠰᠤᠨ ᠨᠢᠳᠤ ᠲᠡᠶ ᠪᠣᠯᠪᠠᠴᠤ ᠭᠠᠷ ᠤᠨ ᠣᠷᠠᠨ ᠶᠢᠡᠨ ᠭᠠᠢ᠌ᠬᠠᠭᠤᠯᠤᠭᠰᠠᠨ ᠣᠷᠠᠯᠢᠭ ᠤᠨ ᠪᠠᠷᠢᠯᠳᠤᠭ᠎ᠠ ᠲᠡᠶ ᠣᠪᠣᠭ᠎ᠠ ᠴᠤ ᠵᠠᠯᠠᠭᠤ ᠶᠤᠮ᠃ ᠭᠡᠭᠦ ᠳᠡᠭᠡᠨ ᠭᠤᠨᠢᠭ ᠳᠠᠳᠠᠭᠰᠠᠨ ᠥᠷᠦᠭᠡᠰᠤᠨ ᠨᠢᠳᠤ ᠨᠢ ᠳᠠᠨᠢᠬᠤ᠂ ᠳᠠᠨᠢᠬᠤ ᠦᠭᠡᠶ ᠭᠦᠮᠦᠰ ᠤᠨ ᠰᠠᠤᠠᠭᠢᠯ ᠳᠤ ᠵᠤᠯ ᠪᠣᠰᠤ ᠳᠠᠪᠢᠯᠠᠩ ᠪᠠ ᠵᠤᠯᠪᠣᠭᠠᠳᠤ ᠣᠢ᠌ᠯᠠᠰ ᠤᠨ ᠭᠢᠨᠢ ᠳᠤᠬᠠᠢ ᠬᠠᠷᠠᠮᠰᠠᠬᠤ ᠪᠢᠰᠢᠷᠡᠭᠦ ᠪᠣᠳᠤᠯ ᠬᠠᠷᠪᠣᠭᠤᠯᠳᠠᠭ ᠨᠢ ᠣᠴᠢᠷᠳᠠᠢ᠃

ᠭᠡᠯᠡᠭᠦ ᠡᠴᠡ ᠳ᠋ᠠ᠂ ᠣᠷᠳᠤ ᠬᠠᠷ᠎ᠠ ᠭᠡᠵᠢᠭᠡ ᠨᠢ ᠳᠡᠭᠦᠨ ᠤ ᠨᠢᠳᠤᠨ ᠳᠤ ᠭᠠᠢ ᠳᠠᠷᠢᠭᠰᠠᠨ ᠪᠠᠢ᠌ᠵᠠᠢ᠃ ᠳᠤᠷᠮᠤᠭᠤᠷ ᠬᠠᠷ᠎ᠠ ᠨᠢᠳᠤ ᠲᠡᠶ ᠭᠦᠤ ᠪᠠᠢ᠌ᠬᠤ ᠡᠴᠡ ᠪᠠᠨ ᠭᠡᠵᠢᠭᠡᠳᠤ ᠭᠠᠷ ᠣᠷᠠᠨ᠃ ᠠᠷᠪᠠᠨ ᠨᠢ᠋ᠮᠠᠨ ᠨᠠᠰᠤᠨ ᠳᠠᠭᠠᠨ ᠦᠨᠳᠦᠷ ᠳᠤᠮᠳᠠᠳᠤ ᠪᠠᠨ ᠳᠡᠭᠦᠰᠭᠡᠵᠤ ᠠᠢ᠌ᠮᠠᠭ ᠤᠨ ᠲᠦᠪ ᠲᠤ ᠰᠠᠯᠪᠢᠵᠤ ᠴᠢᠮᠡᠭᠯᠡᠭᠦ ᠭᠠᠵᠠᠷ ᠱᠠᠪᠢ ᠣᠷᠤᠭᠰᠠᠨ ᠨᠢ ᠳᠠᠪᠤᠨ ᠵᠢᠯ ᠤᠨ ᠡᠮᠦᠨᠡᠭᠢ ᠣᠴᠢᠷ ᠪᠢᠯᠠ᠃ ᠳᠡᠭᠡᠭᠡᠤᠨ ᠳᠠᠷᠠ ᠮᠠᠨᠢ ᠭᠤᠷᠪᠠᠨ ᠵᠢᠯ ᠤᠨ ᠳᠠᠷᠠᠭ᠎ᠠ ᠶᠤᠰᠤᠳᠠᠢ ᠮᠡᠷᠭᠡᠵᠢᠯ ᠨᠢ ᠴᠠᠭᠠᠷᠠᠨ ᠣᠷᠠᠨ ᠪᠢᠴᠢᠯᠭᠡ ᠨᠢ ᠴᠤ ᠠᠢ᠌ᠮᠠᠭ ᠣᠷᠤᠨ ᠤ ᠰᠤᠨᠢᠨ ᠰᠡᠳᠭᠦᠯ ᠳᠤ ᠵᠥᠩᠳᠡᠭᠡᠨ ᠬᠠᠷᠠᠭᠳᠠᠬᠤ ᠪᠣᠯᠪᠠ᠃ 《ᠭᠦᠮᠤᠨ ᠪᠣᠯᠬᠤ ᠪᠠᠭ᠎ᠠ ᠡᠴᠡ ᠪᠠᠨ᠂ ᠭᠦᠯᠦᠭ᠌ ᠪᠣᠯᠬᠤ ᠣᠨᠠᠭᠠᠨ ᠡᠴᠡ ᠪᠠᠨ》 ᠭᠡᠳᠡᠭ᠍ᠴᠢᠯᠡᠨ ᠳᠡᠭᠦᠨ ᠤ ᠠᠪᠢᠶᠠᠰ ᠪᠢᠯᠢᠭ᠌ ᠶᠠᠪᠣᠬᠤ ᠳᠤᠳᠤᠮ ᠴᠤᠭᠤᠷᠠᠵᠤ ᠣᠷᠤᠨ ᠤ ᠲᠦᠪ ᠲᠤ ᠣᠷᠠᠨ ᠪᠢᠴᠢᠯᠭᠡ ᠶᠢᠨ ᠳᠤᠰᠬᠠᠢ ᠠᠩᠭᠢ ᠳᠤ ᠰᠤᠷᠤᠯᠴᠠᠵᠤ ᠥᠩᠭᠡᠷᠡᠵᠡᠢ᠃

ᠣᠬᠠᠭᠠᠨ ᠰᠡᠷᠭᠦᠯᠡᠩ ᠰᠠᠨᠠᠭ᠎ᠠ ᠣᠷᠠᠨ ᠡᠨᠡ ᠵᠠᠯᠠᠭᠤ ᠣᠳᠠᠯ ᠦᠭᠡᠶ ᠦᠨᠳᠦᠷ ᠪᠠᠶ᠎ᠠ ᠲᠡᠶ ᠥᠷᠭᠡᠨ ᠮᠦᠷᠤ ᠲᠡᠶ ᠡᠷ᠎ᠡ ᠪᠣᠯᠤᠨ ᠳᠤᠮᠤᠭᠠᠵᠢᠵᠤ᠂ ᠮᠣᠢ᠌ᠯ ᠬᠠᠷ᠎ᠠ ᠭᠡᠵᠢᠭᠡ ᠪᠠᠨ ᠮᠦᠷᠤ ᠳᠠᠪᠠᠭᠤᠯᠤᠨ ᠣᠷᠭᠤᠭᠤᠯᠤᠭᠰᠠᠨ ᠡᠴᠡ 《ᠭᠡᠵᠢᠭᠡᠳᠤ》 ᠭᠡᠭᠦ ᠰᠠᠢ᠌ᠬᠠᠨ ᠨᠠᠷ᠎ᠠ ᠣᠯᠠᠨ ᠤ ᠰᠠᠤᠠᠭᠢᠯ ᠳᠤ ᠪᠠᠢ᠌ᠷᠢ ᠠᠪᠴᠤ ᠬᠤᠨᠤᠭᠰᠢᠭᠰᠠᠨ ᠪᠢᠯᠠ᠃ ᠭᠡᠳᠡᠯ᠎ᠡ ᠣᠷᠳᠤ ᠬᠠᠷ᠎ᠠ ᠭᠡᠵᠢᠭᠡᠨ ᠡᠴᠡ ᠣᠷᠰᠢᠭ ᠳᠠᠳᠠᠬᠤ ᠶᠢ ᠭᠡᠨ ᠰᠠᠨᠠᠯ᠎ᠠ ᠳ᠋ᠠ᠃

ᠳᠠᠷᠠ ᠵᠢᠯ ᠭᠡᠵᠢᠭᠡᠳᠤ ᠭᠦᠳᠡᠭᠡ ᠳᠡᠭᠡᠨ ᠬᠠᠷᠢᠭᠠᠤᠨ ᠰᠠᠯᠪᠢᠵᠤ ᠴᠢᠮᠡᠭᠯᠡᠭᠦ ᠠᠵᠢᠯ ᠭᠢᠪᠠ᠃ ᠣᠷᠤᠯᠭ᠎ᠠ ᠣᠪᠣᠭ᠎ᠠ ᠵᠥᠭᠡᠷ ᠪᠣᠯᠪᠠᠴᠤ ᠣᠷᠳᠤ ᠬᠠᠷ᠎ᠠ ᠭᠡᠵᠢᠭᠡ ᠨᠢ ᠳᠡᠭᠦᠨ ᠢ ᠶᠠᠷᠤ ᠵᠥᠭᠡᠷ ᠰᠠᠭᠤᠯᠭᠠᠭᠰᠠᠨ ᠦᠭᠡᠶ᠃

— ᠭᠦᠶ‍ᠢ᠂ ᠡᠨᠡ ᠭᠦᠤ ᠴᠢᠨᠢ ᠭᠡᠵᠢᠭᠡ ᠮᠡᠵᠢᠭᠡ ᠪᠠᠨ ᠳᠠᠯᠪᠢᠴᠢᠬᠠᠭᠠᠤᠨ ᠡᠷᠡᠭ᠍ᠳᠡᠢ ᠭᠡᠭᠦ ᠳᠤ ᠡᠷᠡᠭ᠍ᠳᠡᠢ ᠪᠢᠰᠢ᠂ ᠡᠮᠡᠭ᠍ᠳᠡᠢ ᠭᠡᠭᠦ ᠳᠤ ᠡᠮᠡᠭ᠍ᠳᠡᠢ ᠪᠢᠰᠢ᠂ ᠶᠠᠭᠤᠨ ᠤ ᠰᠢᠠᠵᠢᠳᠠᠢ ᠪᠣᠢ︖ ᠪᠠᠷᠠᠭᠤᠨ ᠠᠢ᠌ᠯ ᠤᠨ ᠪᠠᠤᠠᠮ᠎ᠠ ᠡᠵᠢ ᠶᠢᠨ ᠪᠠᠷᠭᠢᠷᠠᠴᠢᠬᠠᠭᠰᠠᠨ ᠳᠠᠭᠤ ᠡᠳᠦᠷᠵᠢᠨ ᠱᠤᠤᠭᠢᠵᠤ ᠴᠢᠭᠢ ᠳᠠᠯᠠᠳᠤᠨ᠎ᠠ᠃

— ᠢᠱᠢ᠂ ᠯᠣᠢ᠌ᠪᠠᠷᠴᠢᠨ ᠤ ᠳᠦᠷᠢ ᠲᠡᠶ᠁ ᠵᠡᠭᠦᠨ ᠠᠢ᠌ᠯ ᠤᠨ ᠵᠢᠷᠦᠭᠡ ᠠᠪᠣ ᠴᠤ ᠵᠥᠭᠡᠷ ᠰᠠᠭᠤᠭᠰᠠᠨ ᠦᠭᠡᠶ ᠨᠢᠭᠡ ᠶᠠᠭᠤᠮ᠎ᠠ ᠪᠠᠪᠠᠨᠠᠪᠠ᠃

— ᠪᠦᠭᠡᠷ᠎ᠡ ᠡ᠂ ᠬᠠᠭᠤᠴᠢᠨ ᠴᠠᠭ ᠲᠤ ᠭᠡᠷ ᠤᠨ ᠠᠬᠠᠰ ᠵᠠᠬᠠᠰ ᠨᠢ ᠪᠠᠶ᠎ᠠ ᠥᠩᠭᠡᠷᠡᠪᠠᠯ ᠵᠠᠭᠤᠨ ᠬᠤᠨᠤᠭ ᠭᠡᠵᠢᠭᠡ ᠪᠠᠨ ᠵᠠᠰᠠᠬᠤ ᠦᠭᠡᠶ ᠶᠤᠰᠤ ᠪᠠᠢ᠌ᠳᠠᠭ᠂ ᠣᠳᠤ ᠴᠢᠨᠢ ᠶᠠᠭᠤ ᠪᠣᠯᠵᠤ ᠪᠠᠢ᠌ᠬᠤ ᠶᠢ ᠮᠡᠳᠡᠭᠦ ᠦᠭᠡᠶ᠂ ᠪᠣᠭ ᠴᠢᠦᠡᠭᠦᠷ ᠰᠢᠭ᠌ ᠁ ᠳᠠᠯᠠ ᠭᠠᠷᠤᠭᠰᠠᠨ ᠳᠠᠯᠠᠠᠳᠠᠢ ᠡᠪᠦᠭᠡᠨ ᠪᠠᠰᠠ ᠠᠮᠤᠷ ᠪᠠᠢ᠌ᠵᠤ ᠴᠢᠳᠠᠬᠤ ᠦᠭᠡᠶ᠂ ᠡᠳᠦᠷ ᠦᠨᠵᠢᠯ ᠦᠭᠡᠶ ᠥᠭᠡᠨ ᠤ ᠮᠦᠨᠳᠤᠷ ᠪᠠᠭᠤᠯᠭᠠᠨ᠎ᠠ᠃

ᠭᠦᠳᠡᠭᠡ ᠨᠤᠳᠤᠭ ᠮᠢᠨᠢ᠂ ᠶᠠᠭᠤ ᠭᠡᠭᠦ ᠪᠢᠯᠠ︖ ᠭᠡᠵᠤ ᠭᠡᠵᠢᠭᠡᠳᠤ ᠪᠣᠳᠤᠨ᠎ᠠ᠃ ᠦᠰᠪᠦᠷᠢ ᠶᠢᠨ ᠭᠡᠦᠭᠡᠤᠨ ᠨᠢ ᠰᠤᠨᠢᠷᠬᠠᠵᠤ ᠭᠠᠢ᠌ᠬᠠᠭᠰᠠᠨ ᠬᠠᠷᠠᠴᠠ ᠪᠠᠷ᠂ ᠦᠶ᠎ᠡ ᠵᠡᠷᠭᠡ ᠶᠢᠨ ᠵᠠᠯᠠᠭᠤᠰ ᠨᠢ ᠡᠷᠭᠦᠵᠤ ᠮᠠᠭᠳᠠᠬᠤ ᠶᠢᠨ ᠠᠶᠠᠰ ᠶᠢᠡᠷ ᠭᠡᠵᠢᠭᠡ ᠶᠢ ᠨᠢ 《ᠰᠢᠠᠵᠢᠯᠠᠵᠤ》᠂ 《ᠨᠢᠳᠤ ᠨᠡᠭᠡᠭᠡᠭ᠍ᠰᠡᠨ》 ᠡᠴᠡ ᠪᠣᠰᠤᠳ ᠨᠢ ᠪᠦᠷ 《ᠮᠠᠭᠤ ᠶᠢ ᠮᠠᠯᠳᠠᠨ ᠮᠤᠬᠤᠷ ᠢ ᠳᠦᠭᠡᠯᠡᠵᠡᠢ》᠃

《ᠳᠠᠪᠣᠰᠤ ᠢᠳᠡᠭ᠍ᠰᠡᠨ ᠠᠮᠠᠨ ᠳᠤ ᠳᠠᠪᠠᠭ᠎ᠠ ᠦᠭᠡᠶ》 ᠬᠣᠢ᠌ᠨ᠎ᠠ᠂ ᠣᠷᠤᠭᠤᠯ ᠣᠷᠤᠭᠤᠯ ᠤᠨ ᠬᠠᠯᠠᠭᠤᠨ ᠳᠤ ᠣᠰᠤ ᠴᠠᠰᠤ ᠰᠢᠭ ᠠᠰᠬᠠᠷᠠᠵᠤ ᠬᠠᠶᠠᠯᠠᠬᠤ ᠬᠠᠷ᠎ᠠ ᠢᠷᠸ᠎ᠠ ᠲᠡᠶ ᠥᠭᠡ ᠶᠢ ᠶᠠᠭᠠᠭᠢᠬᠤ ᠪᠣᠢ᠃ 《ᠨᠤᠬᠠᠢ ᠬᠤᠴᠠᠬᠤ ᠪᠠᠷ ᠬᠤᠴᠠᠨ᠎ᠠ᠂ ᠳᠡᠮᠡᠭᠡ ᠶᠠᠪᠣᠬᠤ ᠪᠠᠷ ᠶᠠᠪᠣᠨ᠎ᠠ》 ᠭᠡᠤᠨ ᠭᠡᠵᠢᠭᠡᠳᠤ ᠳᠦᠯᠡᠢ ᠭᠤᠳᠤᠯᠢ ᠰᠢᠭ ᠥᠩᠭᠡᠷᠡᠭᠡᠵᠤ ᠠᠵᠢᠯ ᠳᠠᠭᠠᠨ ᠮᠤᠩᠭ᠋ᠠᠨᠢᠳᠠᠭ᠃ ᠵᠤᠯ ᠶᠢᠡᠷ ᠬᠤᠳᠠ ᠶᠢᠨ ᠭᠢ ᠰᠢᠭ᠌ ᠣᠯᠠᠭᠠᠨ ᠨᠤᠭᠤᠭᠠᠨ ᠥᠩᠭᠡ ᠣᠷᠤᠭᠤᠯᠤᠭᠰᠠᠨ ᠦᠭᠡᠶ ᠳᠡᠭᠡᠨ ᠪᠣᠯᠵᠠᠢ ᠭᠡᠵᠤ ᠭᠡᠵᠢᠭᠡᠳᠤ ᠪᠣᠳᠤᠨ᠎ᠠ᠃

ᠭᠡᠪᠠᠴᠤ ᠳᠠᠷᠠ ᠠᠵᠢᠯ ᠳᠠᠭᠠᠨ ᠭᠢᠯᠠᠷᠠᠭᠤᠯᠵᠤ ᠢᠷᠡᠭᠦ ᠪᠠᠷ ᠪᠢ ᠭᠡᠮᠡᠨ ᠭᠢᠯᠪᠠᠯᠵᠠᠵᠤ ᠪᠠᠢ᠌ᠭᠰᠠᠨ ᠭᠡᠦᠭᠡᠡᠴᠦᠳ ᠴᠤ ᠬᠤᠯᠠᠭᠠᠢ ᠨᠢᠳᠤ ᠪᠠᠷ ᠬᠠᠷᠠᠬᠤ ᠪᠣᠯᠵᠠᠢ᠃ ᠳᠡᠭᠡᠭᠡᠤᠨ ᠭᠡᠳᠤ ᠨᠢ ᠭᠡᠦᠭᠡᠨ ᠬᠠᠢ᠌ᠷ᠎ᠠ ᠪᠠᠨ ᠨᠢᠰᠭᠡᠭᠡᠤᠨ ᠠᠮᠵᠢᠴᠢᠬᠠᠪᠠ᠃ ᠨᠠᠰᠤ ᠪᠠᠭ᠎ᠠ ᠴᠢᠰᠤ ᠰᠢᠩᠭᠡᠨ ᠭᠡᠤᠨ ᠭᠡᠵᠢᠭᠡᠳᠤ ᠡᠨᠡ ᠶᠠᠪᠣᠳᠠᠯ ᠢ ᠬᠠᠯᠠᠭᠠᠭᠰᠠᠨ ᠦᠭᠡᠶ ᠪᠣᠯᠪᠠᠴᠤ ᠭᠤᠸ᠎ᠠ ᠨᠠᠷ᠎ᠠ ᠲᠡᠶ ᠭᠣᠢ᠌ᠪᠠᠷᠬᠠᠨ ᠪᠠᠶ᠎ᠠ ᠲᠡᠶ ᠪᠠᠭᠰᠢ ᠭᠡᠦᠭᠡᠨ ᠡᠨᠡ ᠳᠠᠷᠠ ᠭᠡᠵᠤ ᠵᠠᠯᠭᠠᠭ᠎ᠠ ᠡᠷᠢᠵᠤ ᠢᠷᠡᠳᠡᠭ᠌ ᠪᠠᠢ᠌ᠯ᠎ᠠ᠃

ᠠᠮᠢᠳᠤᠷᠠᠯ ᠣᠷᠤᠰᠬᠤ ᠣᠰᠤᠨ ᠰᠢᠭ ᠣᠷᠤᠭᠰᠢᠳᠠᠢ᠌ᠬᠠᠨ᠂ ᠣᠷᠭᠤᠬᠤ ᠨᠠᠷᠠᠨ ᠰᠢᠭ ᠢᠯᠴᠢᠳᠡᠢ᠌ᠭᠡᠨ ᠪᠠᠢ᠌ᠬᠤᠯᠠᠷ ᠡᠳᠦᠷ ᠤᠨ ᠠᠵᠢᠯ ᠭᠡᠳᠥᠢᠪᠠᠷ ᠵᠦᠳᠡᠷᠡᠯᠳᠠᠢ ᠪᠣᠯᠪᠠᠴᠤ ᠳᠠᠷᠠ ᠠᠮᠤᠰᠭᠢᠬᠤ ᠵᠠᠭᠤᠷ᠎ᠠ ᠭᠡᠵᠢᠭᠡ ᠪᠠᠨ ᠢᠯᠢᠵᠤ ᠠᠪᠣᠮᠠᠭᠴᠠ ᠠᠵᠢᠯ ᠳᠠᠭᠠᠨ ᠪᠣᠰᠢᠭᠤᠬᠠᠨ ᠣᠷᠤᠳᠠᠭ᠃

ᠳᠡᠭ᠍ᠷᠢ ᠨᠢᠷᠭᠡᠭ᠍ᠰᠡᠨ ᠳᠠᠷᠠ ᠡᠳᠦᠷ ᠡᠴᠦᠰ ᠲᠡᠭᠡᠨ ᠢᠷᠠᠯ᠎ᠠ᠃ ᠨᠠᠮᠤᠷ ᠤᠨ ᠳᠤᠮᠳᠠ ᠰᠠᠷ᠎ᠠ ᠳᠤ ᠪᠠᠢ᠌ᠵᠤ ᠪᠢᠯᠠ᠃ ᠭᠠᠴᠠᠭᠠᠨ ᠤ ᠠᠯᠪᠠᠨ ᠭᠡᠷ ᠪᠠ ᠪᠠᠭ᠎ᠠ ᠰᠤᠷᠭᠠᠭᠤᠯᠢ ᠶᠢᠨ ᠠᠩᠭᠢ ᠶᠢᠨ ᠭᠡᠷ ᠢ ᠰᠠᠯᠪᠢᠵᠤ ᠴᠢᠮᠡᠭᠯᠡᠭᠦ ᠠᠵᠢᠯ ᠢ ᠭᠠᠭᠴᠠᠭᠠᠷ ᠳᠠᠭᠠᠭᠠᠴᠢᠯᠠᠵᠤ ᠠᠪᠣᠭᠰᠠᠨ ᠭᠡᠵᠢᠭᠡᠳᠤ ᠪᠦᠳᠤᠨ ᠡᠳᠦᠷ ᠮᠤᠩᠭ᠋ᠠᠨᠢᠭᠠᠤᠨ ᠭᠡᠷ ᠲᠡᠭᠡᠨ ᠬᠠᠷᠢᠬᠤ ᠪᠠᠷ ᠵᠠᠰᠠᠮᠠᠯ ᠵᠠᠮ ᠳᠤ ᠣᠷᠤᠪᠠ᠃

ᠳᠤᠰᠬᠤᠨ ᠤ ᠵᠡᠭᠦᠨ ᠵᠠᠬ᠎ᠠ ᠳᠤ ᠪᠠᠢ᠌ᠬᠤ ᠭᠡᠷ ᠶᠢᠡᠨ ᠴᠢᠭᠯᠡᠨ ᠠᠯᠬᠤᠯᠠᠬᠤ ᠳᠤ ᠭᠦᠳᠡᠭᠡ ᠠᠢ᠌ᠯ ᠤᠳ ᠨᠠᠮ ᠰᠡᠯᠡᠭᠦᠨ᠃ ᠮᠠᠯᠵᠢᠬᠤ ᠣᠷᠤᠨ ᠳᠤ ᠬᠠᠪᠣᠷ ᠨᠠᠮᠤᠷ ᠤᠨ ᠠᠵᠢᠯ ᠬᠠᠮᠤᠭ ᠶᠠᠭᠠᠷᠠᠤ ᠪᠠᠢ᠌ᠳᠠᠭ ᠡᠴᠡ ᠡᠨᠡ ᠦᠶ᠎ᠡ ᠠᠢ᠌ᠯ ᠪᠦᠷᠢ ᠶᠢᠨ ᠭᠦᠭ᠍ᠰᠢᠳ ᠵᠡᠮᠳᠡᠭ᠍ᠴᠦᠳ ᠪᠣᠶᠤ ᠭᠡᠦᠭᠡᠤᠨ ᠰᠢᠤᠬᠠᠤᠨ ᠡᠴᠡ ᠪᠣᠰᠤᠳ ᠨᠢ ᠪᠦᠷ ᠨᠠᠮᠤᠷᠵᠢᠶ᠎ᠠ ᠳᠠᠭᠠᠨ ᠶᠠᠭᠠᠷᠠᠵᠠᠢ᠃ ᠳᠠᠭᠠᠭᠤᠯᠡᠷ ᠥᠢᠮᠡᠭᠡᠨ ᠱᠤᠤᠭᠢᠶᠠᠨ ᠬᠤᠷᠢᠶᠠᠭᠳᠠᠵᠤ ᠭᠦᠳᠡᠭᠡ ᠶᠢᠨ ᠰᠡᠯᠡᠭᠦᠨ᠂ ᠰᠢᠯᠦᠭ᠌ ᠤᠨ ᠰᠡᠳᠬᠢᠯᠭᠡ ᠶᠢ ᠳᠦᠷᠦᠭ᠍ᠳᠡᠭᠦᠯᠭᠦ ᠨᠢ ᠠᠷᠭ᠎ᠠ ᠦᠭᠡᠶ᠃

ᠭᠤᠷᠪᠠᠨ ᠭᠦᠷᠳᠦᠳᠤ ᠮᠠᠰᠢᠨ ᠤ ᠳᠡᠷᠭᠡᠳᠡ ᠬᠠᠯᠠᠮᠠᠭᠠᠢ ᠪᠠᠢ᠌ᠳᠠᠯ ᠲᠡᠶ ᠵᠤᠭᠰᠤᠬᠤ ᠭᠡᠳᠤᠨ ᠵᠠᠯᠠᠭᠤᠰ ᠲᠡᠶ ᠭᠡᠵᠢᠭᠡᠳᠤ ᠬᠠᠷᠭᠤᠪᠠ᠃ ᠡᠮᠦᠰᠴᠤ ᠵᠡᠭᠦᠭ᠍ᠰᠡᠨ ᠶᠢᠡᠷ ᠨᠢ ᠳᠠᠪᠠᠭᠠᠨ ᠪᠠᠷᠠᠭᠤᠠᠳᠠᠭᠢ ᠳᠠᠷᠢᠶᠠᠯᠠᠬᠤ ᠳᠤᠰᠬᠤᠨ ᠤ ᠭᠢ ᠪᠣᠯᠬᠤ ᠶᠢ ᠭᠡᠵᠢᠭᠡᠳᠤ ᠭᠠᠳᠠᠷᠯᠠᠪᠠ᠃

ᠳᠠᠠᠳᠠᠭᠢ ᠳᠠᠷᠢᠶᠠᠴᠢᠳ ᠠᠵᠢᠯ ᠭᠡᠪᠠᠯ ᠳᠤᠬᠤ ᠪᠠᠨ ᠮᠠᠭᠠᠵᠢᠳᠠᠭ ᠴᠤ ᠭᠡᠷᠡᠭᠦᠯ ᠭᠡᠪᠠᠯ ᠬᠠᠠᠴᠤᠢ ᠰᠢᠮᠠᠯᠠᠳᠠᠭ ᠭᠦᠮᠦᠰ ᠶᠤᠮ᠃ ᠳᠡᠭᠡᠭᠡᠤᠨ ᠪᠠᠰᠠ ᠡ᠊ᠨᠳᠡᠭᠢ ᠮᠠᠯᠵᠢᠬᠤ ᠣᠷᠤᠨ ᠤ ᠭᠦᠮᠦᠰ ᠲᠡᠶ ᠭᠠᠯ ᠣᠰᠤ ᠰᠢᠭ ᠬᠠᠷᠰᠢᠯᠳᠤᠵᠤ ᠪᠠᠢ᠌ᠳᠠᠭ᠃ ᠳᠠᠳᠠᠨ ᠡᠮ ᠤᠨ ᠦᠨᠳᠦᠰᠦ ᠮᠠᠯᠳᠠᠬᠤ ᠪᠠᠷ ᠢᠷᠠᠪᠠᠯ ᠮᠠᠯᠴᠢᠳ ᠪᠠᠯᠴᠢᠭᠡᠷ ᠣᠰᠤ ᠡᠴᠡ ᠪᠠᠨ ᠭᠦᠭᠡᠭᠡᠨ᠎ᠡ᠃ ᠮᠠᠯᠴᠢᠳ ᠤᠨ ᠮᠠᠯ ᠳᠠᠳᠠᠨᠤᠰ ᠤᠨ ᠳᠠᠷᠢᠶᠠᠨ ᠳᠤ ᠣᠢ᠌ᠷᠠᠳᠪᠠᠯ ᠭᠦᠩᠭᠡᠨ ᠳᠡᠭᠡᠨ ᠡᠪᠠᠷ ᠢ ᠨᠢ ᠬᠤᠭᠤᠯᠵᠤ ᠰᠡᠭᠦᠯ ᠢ ᠨᠢ ᠣᠭᠳᠤᠯᠤᠨ᠎ᠠ᠂ ᠭᠦᠡᠳᠤ ᠳᠡᠭᠡᠨ ᠳᠡᠭ᠍ᠷᠢ ᠬᠠᠷᠠᠭᠤᠯᠤᠨ᠎ᠠ᠃

ᠦᠨᠦ ᠬᠠᠪᠣᠷ ᠳᠠᠷᠠ ᠳᠤᠰᠬᠤᠨ ᠤ ᠬᠤᠶᠠᠷ ᠵᠠᠯᠠᠭᠤ ᠡᠨᠡ ᠪᠠᠷ ᠵᠠᠮ ᠳᠠᠭᠠᠷᠠᠵᠤ ᠳᠡᠯᠭᠡᠭᠦᠷ ᠲᠤ ᠣᠷᠤᠬᠤ ᠳ᠋ᠤᠨᠢ᠂ ᠳᠠᠮᠤᠷ ᠭᠡᠳᠡᠭ᠌ ᠮᠠᠯᠴᠢᠨ ᠵᠠᠯᠠᠭᠤ ᠬᠠᠷᠭᠤᠯᠳᠤᠵᠤ 《ᠬᠠᠮᠢᠭᠠᠭᠢ ᠪᠣᠢ︖》 ᠭᠡᠤᠨ ᠠᠰᠠᠭᠤᠭᠰᠠᠨ ᠳᠤ 《ᠡ᠊ᠨᠳᠡᠭᠢ》 ᠭᠡᠵᠤ ᠬᠠᠷᠢᠭᠤᠯᠵᠠᠢ᠃ ᠭᠡᠯᠡ ᠳᠡᠭᠡᠨ ᠭᠢᠷᠦᠭᠡ ᠲᠡᠶ ᠵᠠᠯᠠᠭᠤ ᠮᠠᠨᠢ 《ᠮᠠᠨ ᠤ ᠳᠤᠰᠬᠤᠨ ᠤ ᠮᠠᠭᠤ ᠢᠠᠵᠢ ᠨᠢ ᠪᠠᠰᠠ ᠡᠢ᠌ᠮᠤ ᠭᠡᠦᠭᠡᠤᠨ ᠳᠦᠷᠦᠭᠦ ᠦᠭᠡᠶ》 ᠭᠡᠤᠨ ᠴᠠᠭᠠᠳᠤᠭᠢ ᠶᠢᠨ ᠶᠢᠡᠨ ᠬᠤᠷᠤ ᠶᠢ ᠪᠣᠴᠠᠯᠭᠠᠵᠤ ᠵᠤᠳᠤᠭᠠᠨ ᠪᠣᠯᠪᠠ᠃ ᠳᠠᠷᠠ ᠣᠳᠠᠭ᠎ᠠ ᠳᠠᠮᠤᠷ ᠭᠡᠳᠥᠢᠪᠠᠷ ᠳᠡᠢ᠌ᠯᠦᠭ᠍ᠰᠡᠨ ᠪᠣᠯᠪᠠᠴᠤ ᠰᠡᠭᠦᠯᠡᠷ ᠨᠢ ᠬᠠᠪᠣᠷᠵᠢᠶᠠᠨ ᠳᠠᠭᠠᠨ ᠭᠠᠭᠴᠠᠭᠠᠷ ᠪᠠᠢ᠌ᠭᠠᠤᠨ ᠭᠡᠪᠳᠡᠷᠢ ᠳᠤ ᠣᠷᠤᠳᠠᠯ᠎ᠠ ᠵᠤᠳᠤᠭᠳᠠᠯ᠎ᠠ ᠭᠡᠳᠡᠭ᠌᠃

ᠣᠳᠤ᠂ ᠡᠨᠡ ᠭᠤᠷᠪᠠ ᠴᠤ ᠠᠢ᠌ᠯ ᠤᠨ ᠪᠢᠷᠠᠭᠤ ᠳᠠᠷᠢᠶᠠᠨ ᠳ᠋ᠤᠨᠢ ᠣᠷᠤᠭᠰᠠᠨ ᠭᠡᠷᠡᠭ᠌ ᠢ ᠨᠡᠭᠡᠭᠦ ᠪᠠᠷ ᠢᠷᠡᠭᠡᠤᠨ ᠠᠢ᠌ᠯ ᠤᠨ ᠡᠵᠡᠨ ᠲᠡᠶ ᠨᠢ ᠡᠰᠡ ᠣᠴᠠᠷᠠᠭᠠᠤᠨ ᠠᠷᠢᠭᠢ ᠭᠦᠵᠡᠭᠡᠯᠡᠨ ᠶᠠᠪᠣᠵᠤ ᠪᠠᠢ᠌ᠬᠤ ᠨᠢ ᠡᠨᠡ ᠪᠢᠯᠠ᠃

ᠭᠡᠵᠢᠭᠡᠳᠤ ᠳᠠᠳᠠᠨ ᠡᠴᠡ ᠵᠠᠢ᠌ᠯᠠᠬᠤ ᠶᠢ ᠭᠢᠴᠢᠶᠠᠵᠤ ᠪᠠᠢ᠌ᠳᠠᠯ᠎ᠠ ᠪᠣᠯᠤᠭᠰᠠᠨ ᠦᠭᠡᠶ ᠵᠠᠮ ᠭᠡᠷᠦᠪᠡ᠃

᠊᠊᠊᠊᠊᠊᠊᠊᠊᠊᠊᠊᠊᠊᠊ ᠴᠢ ᠬᠠᠮᠢᠭᠠᠭᠢ ᠪᠣᠢ︖ ᠭᠡᠵᠤ ᠳᠠᠳᠠᠨ ᠤ ᠨᠢᠭᠡ ᠨᠢ ᠠᠰᠠᠭᠤᠬᠤ ᠳᠤ᠄

᠊᠊᠊᠊᠊᠊᠊᠊᠊᠊᠊᠊᠊᠊᠊ ᠡ᠊ᠨᠳᠡᠭᠢ ᠭᠡᠵᠤ ᠨᠠᠮ ᠬᠠᠷᠢᠭᠤᠯᠵᠠᠢ᠃ ᠳᠠᠳᠠᠨ ᠭᠡᠵᠢᠭᠡᠳᠤ ᠶᠢ ᠣᠷᠤᠢ ᠡᠴᠡ ᠣᠯᠠ ᠳ᠋ᠤᠨᠢ ᠭᠦᠷᠳᠡᠯ᠎ᠡ ᠠᠵᠢᠭᠯᠠᠭᠰᠠᠨ ᠶᠢᠡᠨ᠄

᠊᠊᠊᠊᠊᠊᠊᠊᠊᠊᠊᠊᠊᠊᠊ ᠴᠢ ᠡ᠊ᠨᠳᠡᠭᠢ ᠪᠣᠯ ᠪᠢᠳᠠᠨ ᠳᠠᠨᠢᠨ᠎ᠠ᠃ ᠭᠡᠳᠡᠯ᠎ᠡ ᠴᠢᠮᠢ᠋ᠢ ᠡᠮᠦᠨ᠎ᠡ ᠨᠢ ᠦᠵᠡᠵᠤ ᠪᠠᠢ᠌ᠭᠰᠠᠨ ᠦᠭᠡᠶ᠂ ᠴᠢ ᠭᠡᠵᠢᠭᠡ ᠦᠰᠦ ᠪᠠᠨ ᠢᠩᠭᠢᠵᠤ ᠳᠠᠯᠪᠢᠭᠠᠤᠨ ᠭᠡᠳᠦᠷᠭᠡᠢ ᠮᠠᠶ‍ᠢᠭᠯᠠᠵᠤ ᠪᠣᠢ᠂ ᠡᠭᠡ ᠪᠠᠨ ᠴᠢᠩᠭᠢᠭ᠍ᠰᠡᠨ︕ ᠭᠡᠵᠤ ᠬᠠᠷᠢᠶᠠᠪᠠ᠃

ᠭᠡᠵᠢᠭᠡᠳᠤ ᠳᠠᠰᠴᠤ ᠴᠢᠳᠠᠭᠰᠠᠨ ᠦᠭᠡᠶ᠂ ᠦᠪᠡᠷ ᠤᠨ ᠭᠠᠵᠠᠷ ᠲᠠᠭᠠᠨ ᠭᠦᠮᠤᠨ ᠳᠤ ᠳᠤᠷᠤᠮᠵᠢᠯᠠᠭᠳᠠᠨ᠎ᠠ ᠭᠡᠭᠦ ᠡᠴᠡ᠄

᠊᠊᠊᠊᠊᠊᠊᠊᠊᠊᠊᠊᠊᠊᠊ ᠮᠢᠨᠤ ᠭᠡᠵᠢᠭᠡ ᠦᠪᠡᠷ ᠤᠨ ᠳᠤᠯᠤᠭᠠᠢ ᠳᠡᠭᠡᠷ᠎ᠡ ᠣᠷᠭᠤᠭᠰᠠᠨ᠂ ᠴᠢᠮ᠎ᠠ ᠳᠤ ᠶᠠᠮᠠᠷ ᠰᠠᠪᠠᠭ᠎ᠠ ᠲᠡᠶ ᠪᠣᠢ︖ ᠰᠠᠷᠠ ᠥᠵᠡᠭᠡᠤᠨ ᠪᠢᠳᠡᠭᠡᠢ ᠬᠤᠴᠠᠭᠠᠤᠨ ᠪᠠᠢ ᠭᠡᠵᠤ ᠵᠠᠩᠳᠤᠷᠤᠯ᠎ᠠ᠃

᠊᠊᠊᠊᠊᠊᠊᠊᠊᠊᠊᠊᠊᠊᠊ ᠶᠠᠭᠠᠭᠢᠭᠰᠠᠨ ᠪᠦᠳᠦᠭᠦᠯᠢᠭ᠌ ᠣᠯᠤᠰ ᠪᠣᠢ︖ ᠭᠡᠵᠤ ᠨᠢᠭᠡ ᠨᠢ ᠭᠡᠵᠢᠭᠡᠳᠤ ᠶᠢ ᠰᠢᠭᠤᠳ ᠳᠦᠭᠦᠰᠢᠯᠡᠴᠢᠭᠡᠯ᠎ᠡ᠃ ᠠᠭᠤᠷ ᠬᠤᠷᠤᠰᠤᠯ ᠳᠤ ᠪᠠᠭ᠍ᠳᠡᠷᠡᠭ᠍ᠰᠡᠨ ᠭᠡᠵᠢᠭᠡᠳᠤ ᠬᠠᠷᠢᠭᠤ ᠪᠠᠯᠡᠭᠯᠡᠭᠦ ᠪᠠᠨ ᠮᠠᠷᠳᠠᠭᠰᠠᠨ ᠦᠭᠡᠶ᠂ ᠠᠵᠢᠯ ᠳᠤ ᠭᠡᠷᠡᠭᠯᠡᠵᠤ ᠪᠠᠢ᠌ᠭᠰᠠᠨ ᠪᠦᠳᠦᠭᠦᠨ ᠭᠤᠷᠪᠠᠯᠵᠢᠨ ᠮᠤᠳᠤᠨ ᠱᠤᠭᠤᠮ ᠶᠢᠡᠷ ᠶᠢᠡᠨ ᠳᠡᠭᠦᠨ ᠤ ᠨᠢᠭᠤᠷ ᠥᠭᠡᠳᠡ ᠳᠠᠰ ᠭᠢᠨ ᠪᠠᠭᠤᠯᠭᠠᠭᠠᠤᠨ ᠠᠮᠵᠢᠭᠤᠯᠪᠠ᠃

ᠱᠤᠭᠤᠮ ᠬᠤᠭᠤ ᠦᠰᠦᠷᠪᠠ᠃ ᠲᠦᠰ ᠨᠦᠰ᠂ ᠫᠢᠰ ᠫᠠᠰ ᠁ ᠪᠦᠭᠡᠮ ᠵᠤᠳᠤᠭᠠᠨ᠃ ᠭᠡᠵᠢᠭᠡᠳᠤ ᠭᠠᠭᠴᠠᠭᠠᠷ ᠳᠤᠯᠠ ᠭᠦᠴᠤᠨ ᠮᠡᠭᠦᠰᠳᠡᠵᠤ ᠪᠠᠶ᠎ᠠ ᠮᠤᠯᠳᠤᠷᠤᠨ ᠴᠠᠭᠠᠰᠢ ᠭᠦᠶ‍ᠦᠪᠡ᠃ ᠭᠦᠶ‍ᠦᠭᠦ ᠵᠠᠭᠤᠷ᠎ᠠ ᠬᠣᠢ᠌ᠰᠢ ᠪᠠᠨ ᠬᠠᠷᠠᠬᠤ ᠳᠤ᠂ ᠮᠠᠰᠢᠨ ᠤ ᠡᠷᠭᠢᠭᠦᠯᠦᠭᠦᠷ ᠢ ᠳᠠᠯᠠᠢ᠌ᠨ ᠨᠡᠭᠡᠵᠤ ᠭᠦᠢᠴᠡᠮᠡᠷ ᠭᠦᠮᠤᠨ ᠤ ᠳᠦᠷᠢ ᠥᠵᠡᠭ᠍ᠳᠡᠭᠡᠤᠨ ᠯᠠ ᠠᠭᠱᠠᠨ ᠵᠠᠭᠤᠷ᠎ᠠ ᠢᠷᠸ᠎ᠠ ᠶᠢᠨ ᠮᠠᠭᠤ ᠳᠠᠮᠤᠷ ᠥᠷᠦᠭᠡᠰᠤᠨ ᠨᠢᠳᠤᠨ ᠳᠡᠭᠡᠷ᠎ᠡ ᠨᠢ ᠬᠠᠢ᠌ᠷ᠎ᠠ ᠨᠠᠢ᠌ᠷ ᠦᠭᠡᠶ ᠪᠠᠭᠤᠴᠢᠬᠠᠯ᠎ᠠ᠃

ᠳᠠᠷᠠ ᠥᠭᠦᠦᠡᠭᠢᠨ ᠣᠨᠠᠵᠤ ᠴᠠᠭᠠᠰᠢ ᠶᠠᠭᠤ ᠪᠣᠯᠤᠭᠰᠠᠨ ᠢ ᠮᠡᠳᠡᠭ᠍ᠰᠡᠨ ᠦᠭᠡᠶ᠃ ᠦᠨᠦᠭᠢ 《ᠮᠠᠯ》 ᠳᠡᠭᠡᠷ᠎ᠡ ᠨᠢ ᠨᠢᠭᠡ ᠳᠠᠪᠰᠠᠵᠤ ᠠᠪᠣᠭᠰᠠᠨ ᠶᠢᠡᠨ ᠨᠢᠳᠤᠨ ᠤ ᠬᠤᠭ ᠪᠣᠯᠤᠭᠰᠠᠨ ᠭᠡᠵᠢᠭᠡ ᠶᠢ ᠬᠤᠷᠤᠰᠤᠯᠳᠠᠢ᠌ᠬᠠᠨ ᠴᠢᠩᠭ᠋ᠠᠭᠠᠵᠤ᠂ ᠶᠠᠷᠤ ᠪᠦᠯᠳᠡᠷᠡᠮᠡᠷ ᠪᠣᠯᠤᠭᠰᠠᠨ ᠨᠢᠳᠤ ᠶᠢ ᠥᠵᠡᠭᠡᠤᠨ ᠰᠠ‍‌ᠶᠢ ᠪᠠᠢ᠌ᠳᠠᠯ ᠮᠠᠭᠤ ᠭᠡᠮᠡᠨ ᠬᠠᠮᠰᠠᠭᠠᠳᠠᠨ ᠲᠡᠶ ᠪᠠᠨ ᠠᠷᠢᠯᠵᠤ ᠣᠤᠠᠪᠠ ᠁

ᠠᠷᠪᠠᠨ ᠵᠡᠭᠦᠳᠤᠨ ᠳᠤ ᠣᠷᠤᠮᠠᠷ ᠦᠭᠡᠶ ᠠᠶᠤᠮᠰᠢᠭᠳᠤ ᠡᠨᠡ 《ᠪᠠᠢ᠌ᠯᠳᠤᠭᠠᠨ》 ᠳᠡᠭᠦᠰᠭᠦ ᠭᠢᠷᠢ᠂ ᠭᠦᠷᠰᠢ ᠠᠢ᠌ᠯ ᠠᠢ᠌ᠮᠠᠭ ᠤᠨ ᠭᠢᠨ ᠰᠠ‍‌ᠶᠢ ᠭᠡᠵᠢᠭᠡᠳᠤ ᠶᠢᠨ ᠳᠡᠷᠭᠡᠳᠡ ᠭᠦᠷᠦᠯᠴᠡᠨ ᠢᠷᠡᠵᠡᠭᠡᠪᠡ᠃

ᠭᠦᠭ᠍ᠰᠢᠳ ᠨᠠᠰᠤᠳᠠᠤᠨ ᠭᠡᠷᠡᠭ᠌ ᠪᠣᠷᠤᠭᠤ ᠳᠠᠢ᠌ᠰᠢ ᠬᠠᠠᠳᠤᠵᠠᠢ᠂ ᠠᠢ ᠵᠠᠢ᠌ᠯᠠᠭᠤᠯ︕ ᠭᠡᠵᠤ ᠵᠠᠯᠪᠠᠷᠢᠨ᠎ᠠ᠃ ᠳᠡᠭᠡᠭᠡᠤᠨ ᠶᠠᠭᠤ ᠴᠤ ᠭᠡᠰᠡᠨ ᠭᠡᠵᠢᠭᠡᠳᠤ ᠶᠢ ᠰᠤᠮᠤᠨ ᠤ ᠡᠮᠨᠡᠯᠭᠡ ᠳᠤ ᠭᠦᠷᠭᠡᠵᠡᠢ᠃ ᠡᠮᠴᠢ ᠡᠴᠡ ᠡᠮ ᠳᠠᠯᠪᠢᠵᠤ ᠪᠦᠷ ᠪᠦᠯᠳᠡᠷᠡᠭᠦ ᠰᠢᠬᠠᠭᠰᠠᠨ ᠨᠢᠳᠤ ᠶᠢ ᠪᠠᠬᠠᠨ ᠣᠶᠤᠭᠠᠤᠨ ᠬᠤᠳᠠ ᠶᠢᠨ ᠡᠮᠨᠡᠯᠭᠡ ᠳᠤ ᠠᠪᠠᠴᠢᠬᠤ ᠶᠢ ᠰᠠᠨᠠᠭᠤᠯᠪᠠ᠃ ᠨᠠᠮᠤᠷᠵᠢᠶ᠎ᠠ ᠳᠠᠭᠠᠨ ᠪᠠᠢ᠌ᠭᠰᠠᠨ ᠭᠦᠭᠡᠷᠦᠭᠦᠢ ᠠᠪᠣ ᠨᠢ ᠴᠢᠮᠡᠭᠡ ᠠᠪᠣᠭᠠᠤᠨ ᠭᠡᠳᠤᠨ ᠵᠠᠭᠤᠨ ᠭᠠᠵᠠᠷ ᠤᠨ ᠥᠵᠦᠭᠦᠷ ᠡᠴᠡ ᠰᠦᠨᠢ ᠳᠡᠭᠡᠨ ᠢᠷᠠᠯ᠎ᠠ᠂ ᠠᠪᠠᠭ᠎ᠠ ᠨᠢ ᠴᠤ ᠢᠷᠠᠪᠠ᠃ ᠪᠦᠭᠦᠳᠡ ᠪᠦᠭᠦᠳᠡᠭᠡᠷ ᠴᠤᠭᠯᠠᠷᠠᠵᠤ ᠭᠡᠵᠢᠭᠡᠳᠤ ᠶᠢ ᠠᠢ᠌ᠮᠠᠭ ᠤᠨ ᠡᠮᠨᠡᠯᠭᠡ ᠳᠤ ᠰᠠᠭᠤᠯᠭᠠᠪᠠ᠃

ᠭᠡᠳᠤᠨ ᠡᠳᠦᠷ ᠮᠡᠳᠡᠭᠡ ᠰᠡᠭᠡᠭᠡ ᠦᠭᠡᠶ ᠭᠡᠪᠳᠡᠭ᠍ᠰᠡᠨ ᠭᠡᠵᠢᠭᠡᠳᠤ ᠭᠡᠨᠡᠳᠲᠡ ᠣᠬᠠᠭ᠎ᠠ ᠣᠷᠤᠬᠤ ᠰᠢᠭ ᠪᠣᠯᠤᠭᠠᠤᠨ ᠣᠷᠴᠢᠨ ᠳᠤᠭᠤᠷᠢᠨ ᠶᠢᠡᠨ ᠬᠠᠷᠠᠬᠤ ᠳᠤ ᠴᠠᠪ ᠴᠠᠭᠠᠨ᠃ ᠨᠢᠯᠪᠣᠰᠤ ᠣᠰᠤᠨ ᠳᠤ ᠳᠡᠪᠳᠦᠭ᠍ᠰᠡᠨ ᠦᠬᠢᠨ ᠳᠡᠭᠦᠤ ᠨᠢ ᠨᠠᠰᠤ ᠪᠠᠷᠠᠭᠰᠠᠨ ᠡᠵᠢ ᠪᠠᠨ ᠣᠷᠤᠯᠠᠵᠤ ᠳᠦᠭᠡ ᠰᠠᠯᠤᠯ ᠦᠭᠡᠶ ᠬᠠᠷᠠᠵᠤ ᠠᠰᠠᠷᠠᠨ᠎ᠠ᠃ ᠲᠦᠮᠡᠨ ᠨᠢᠳᠤ ᠲᠡᠶ ᠳᠡᠭ᠍ᠷᠢ ᠮᠢᠨᠢ ᠦᠷᠦᠰᠢᠶᠠ᠂ ᠡᠭᠦᠯᠡᠨ ᠳᠠᠯᠳᠠ ᠣᠷᠤᠭᠰᠠᠨ ᠡᠵᠢ ᠮᠢᠨᠢ ᠭᠦᠤ ᠨᠠᠮᠢ᠋ᠢ ᠪᠠᠨ ᠪᠢᠳᠡᠭᠡᠢ ᠯᠠ ᠣᠯᠵᠤ ᠬᠠᠷᠠᠭᠠᠰᠠᠢ᠂ ᠡᠭᠡ ᠭᠦᠮᠤᠨ ᠤ ᠰᠠᠤᠠᠭᠢᠯ ᠳᠠᠭᠠᠭᠠᠬᠤ ᠦᠭᠡᠶ ᠰᠢᠤ︕ ᠭᠡᠵᠤ ᠭᠡᠵᠢᠭᠡᠳᠤ ᠰᠠᠤᠠᠭᠢᠯ ᠳᠡᠭᠡᠨ ᠰᠢᠪᠠᠨᠠᠨ᠎ᠠ᠃

ᠳᠡᠭᠦᠨ ᠤ ᠥᠷᠦᠭᠡᠰᠤᠨ ᠮᠠᠯᠮᠠᠢ ᠴᠤ ᠭᠡᠷᠡᠭ᠌ ᠡᠴᠡ ᠭᠠᠷᠴᠠᠢ᠂ ᠬᠠᠷ᠎ᠠ ᠴᠠᠭᠠᠨ ᠨᠢ ᠨᠢᠭᠡᠨᠲᠡ ᠢᠯᠭᠠᠷᠠᠬᠤ ᠪᠠᠨ ᠪᠣᠯᠢᠭᠠᠤᠨ ᠮᠠᠰᠠ ᠵᠠᠰᠠᠯ ᠭᠢᠵᠤ ᠣᠭᠳᠤᠯᠵᠤ ᠬᠠᠶᠠᠬᠤ ᠡᠴᠡ ᠥᠭᠡᠷ᠎ᠡ ᠠᠷᠭ᠎ᠠ ᠦᠭᠡᠶ᠂ ᠡᠰᠡ ᠳᠡᠭᠡᠪᠠᠯ ᠨᠥᠭᠦᠭᠡ ᠡᠷᠡᠭᠦᠯ ᠨᠢᠳᠤ ᠪᠠᠨ ᠪᠠᠰᠠ ᠨᠥᠯᠦᠭᠡᠯᠡᠭᠦ ᠶᠤᠮ ᠭᠡᠨ᠎ᠡ᠃ ᠭᠡᠵᠢᠭᠡᠳᠤ ᠨᠢᠭᠡ ᠭᠦᠮᠤᠨ ᠳᠤ ᠨᠢᠳᠤ ᠭᠡᠴᠢᠨᠡᠨ ᠴᠢᠬᠤᠯᠠ ᠭᠡᠳᠡᠭ᠌ ᠢ ᠶᠠᠭᠠᠭᠢᠯ᠎ᠠ ᠭᠡᠤᠨ ᠮᠠᠳᠠᠨ᠎ᠠ᠃ 《ᠮᠡᠳᠡᠯᠭᠡ ᠦᠭᠡᠶ ᠭᠦᠮᠤᠨ ᠨᠢᠳᠤ ᠪᠠᠨ ᠠᠯᠳᠠᠭᠰᠠᠨ ᠲᠡᠶ ᠠᠳᠠᠯᠢ》 ᠭᠡᠵᠤ ᠶᠠᠮᠠᠷ ᠨᠢᠭᠡᠨ ᠨᠤᠮ ᠤᠨ ᠬᠠᠭᠤᠳᠠᠰᠤᠨ ᠳᠤ ᠪᠢᠴᠢᠵᠤ ᠪᠠᠢ᠌ᠳᠠᠭ᠃ ᠣᠳᠤ ᠪᠢ ᠴᠤ ᠭᠡᠷᠡᠭ᠌ ᠦᠭᠡᠶ ᠪᠣᠯᠤᠯ᠎ᠠ᠂ ᠨᠢᠭᠡ ᠨᠢᠳᠤ ᠶᠢ ᠣᠬᠤᠵᠤ ᠠᠪᠬᠤ ᠪᠠᠢ᠌ᠳᠤᠭᠠᠢ ᠬᠤᠶᠠᠷ ᠨᠢᠳᠤ ᠶᠢ ᠴᠤ ᠣᠬᠤᠵᠤ ᠠᠪᠣᠭᠠᠷᠠᠢ ᠭᠡᠵᠤ ᠳᠤᠯᠤᠭᠠᠢ ᠡᠪᠠᠦᠡᠭᠦ ᠰᠢᠨᠠᠯᠤᠯ ᠳᠤ ᠳᠠᠰᠴᠤ ᠶᠠᠳᠠᠭᠠᠤᠨ ᠥᠭᠦᠯ ᠨᠢ ᠵᠢᠷᠭᠠᠯ ᠭᠡᠵᠤ ᠪᠣᠳᠤᠭᠳᠠᠪᠠ᠃ ᠮᠠᠰᠠ ᠵᠠᠰᠠᠯ ᠭᠢᠭᠦ ᠳᠤᠬᠠᠢ ᠡᠯᠢᠭᠡᠨ ᠰᠠᠳᠤᠨ ᠤ ᠭᠢᠨᠢ ᠳᠤᠮᠳᠠ ᠣᠳᠠᠳᠠᠯ᠎ᠠ ᠳᠦᠳᠡᠭᠡᠯᠵᠡᠯ ᠶᠢᠡᠷ ᠳᠦᠭᠦᠷᠦᠭ᠍ᠰᠡᠨ ᠪᠣᠯᠪᠠᠴᠤ ᠬᠠᠰᠢ ᠯᠠ ᠭᠢᠯ᠎ᠠ᠃ ᠡᠭᠡ ᠡᠴᠡ ᠳᠦᠷᠦᠭᠦ ᠶᠢᠨ ᠡᠷᠡᠭᠦᠯ ᠡᠷᠭᠡᠳᠡᠨ ᠤ ᠨᠢᠭᠡ ᠢᠩᠭᠢᠭᠡᠤᠨ ᠯᠠ ᠡᠷᠡᠭᠦᠯ ᠪᠣᠰᠤ ᠬᠤᠷᠸ᠎ᠠ ᠶᠢ ᠬᠠᠷᠠᠬᠤ ᠡᠴᠡ ᠬᠠᠯᠢᠷᠠᠵᠤ᠂ ᠡᠴᠦᠰ ᠲᠡᠭᠡᠨ ᠳᠡᠭᠦᠨ ᠡᠴᠡ ᠤᠷᠢᠳ ᠡᠭᠡ ᠭᠠᠵᠠᠷ ᠲᠠᠭᠠᠨ ᠰᠢᠩᠭᠡᠭᠡᠭ᠍ᠰᠡᠨ ᠪᠠᠢ᠌ᠨ᠎ᠠ᠃

ᠭᠡᠷᠡᠯᠳᠤ ᠨᠠᠷᠠᠨ ᠤ ᠳᠤᠤᠷᠠᠭᠢ ᠭᠡᠭᠡᠨ ᠴᠠᠭᠠᠨ ᠡᠳᠦᠷ ᠤᠳ ᠳᠦᠨᠠᠷ ᠬᠠᠷᠠᠩᠭ᠋ᠤᠢ ᠶᠢᠨ ᠳᠤᠮᠳᠠ ᠥᠷᠭᠦᠯᠵᠢᠯᠡᠭ᠍ᠰᠡᠭᠡᠷ ᠪᠠᠢ᠌ᠨ᠎ᠠ᠃ ᠭᠡᠵᠢᠭᠡᠳᠤ ᠶᠢᠨ ᠪᠠᠶ᠎ᠠ ᠳᠦᠨᠠᠷ ᠬᠠᠷᠠᠩᠭ᠋ᠤᠢ ᠶᠢᠨ ᠳᠤᠮᠳᠠ ᠳᠡᠮᠳᠡᠷᠭᠢᠯᠡᠭ᠍ᠰᠡᠭᠡᠷ ᠪᠠᠢ᠌ᠨ᠎ᠠ᠂ ᠠᠮᠢ ᠨᠠᠰᠤ ᠨᠢ ᠳᠦᠨᠠᠷ ᠬᠠᠷᠠᠩᠭ᠋ᠤᠢ ᠶᠢᠨ ᠳᠤᠮᠳᠠ ᠳᠡᠯᠴᠢᠯᠡᠭ᠍ᠰᠡᠭᠡᠷ ᠪᠠᠢ᠌ᠨ᠎ᠠ᠃

ᠰᠠᠷ᠎ᠠ ᠭᠠᠷᠤᠢ ᠪᠣᠯᠤᠯ᠎ᠠ᠂ ᠪᠠᠶ᠎ᠠ ᠰᠠᠤᠠᠭᠢᠯ ᠨᠢ ᠪᠠᠬᠠᠨ ᠰᠠᠷᠠᠭᠤᠯᠵᠢᠵᠤ ᠡᠭᠢᠯᠡᠪᠡ᠃ ᠡᠪᠠᠦᠡᠴᠢᠳᠡᠨ ᠤ ᠣᠷᠤ ᠳᠤ ᠡᠳᠦᠷ ᠬᠤᠨᠤᠭ ᠢ ᠳᠤᠭᠤᠯᠬᠤ ᠭᠡᠭ᠍ᠴᠢ ᠭᠡᠴᠡᠭᠦᠤ ᠳᠠᠮᠤ ᠳ᠋ᠠ᠃ ᠳᠠᠷᠠ ᠳᠠᠮᠠᠭᠢ ᠳᠠᠳᠠᠵᠤ ᠡᠭᠢᠯᠡᠪᠡ᠃ ᠡᠪᠠᠦᠡᠴᠢᠨ ᠳᠤ ᠳᠠᠭᠠᠷᠠᠬᠤ ᠦᠭᠡᠶ ᠭᠡᠵᠤ ᠡᠮᠴᠢ ᠡᠴᠡ ᠰᠠᠨᠠᠭᠤᠯᠤᠭᠰᠠᠨ ᠪᠣᠯᠪᠠᠴᠤ ᠳᠠᠮᠠᠭᠢ ᠨᠢ ᠡᠪᠠᠦᠡᠭᠦ ᠳᠤ ᠡᠮ ᠪᠣᠯᠵᠤ᠂ ᠠᠮᠢ ᠭᠤᠤᠯ ᠡᠴᠡ ᠴᠤ ᠡᠷᠭᠢᠮ ᠰᠠᠨᠠᠭᠳᠠᠯ᠎ᠠ᠃ ᠦᠬᠢᠨ ᠳᠡᠭᠦᠤ ᠲᠡᠶ ᠪᠠᠨ ᠭᠠᠳᠠᠭᠤᠷ ᠳᠤᠭᠤᠷᠢᠬᠤ ᠪᠣᠯᠪᠠ᠃

ᠬᠤᠶᠠᠷ ᠰᠠᠷ᠎ᠠ ᠢᠯᠡᠭᠦᠤ ᠪᠣᠯᠵᠤ ᠡᠪᠠᠦᠡᠴᠢᠨ ᠴᠤ ᠨᠠᠯᠢᠶᠠᠤᠨ ᠡᠳᠡᠭᠡᠷᠡᠭ᠍ᠰᠡᠨ ᠳᠤᠯᠠ ᠡᠮᠨᠡᠯᠭᠡ ᠡᠴᠡ ᠭᠠᠷᠪᠠ᠃ ᠡᠨᠡ ᠬᠤᠭᠤᠷᠤᠠᠳᠤ ᠦᠨᠦᠭᠢ ᠢᠮᠡᠷᠳᠡᠭ᠌ ᠢ ᠲᠦᠮᠡ ᠢᠯᠡᠭᠦᠤ ᠬᠠᠶᠠᠴᠢᠬᠠᠭᠰᠠᠨ ᠪᠠᠢ᠌ᠨ᠎ᠠ᠃

ᠭᠡᠵᠢᠭᠡᠳᠤ ᠶᠢᠨ ᠨᠠᠭᠠᠴᠤ ᠠᠪᠣ ᠰᠤᠮᠤᠨ ᠳᠤ ᠠᠵᠢᠯᠯᠠᠳᠠᠭ᠃ ᠡᠨᠡ ᠣᠴᠢᠷ ᠲᠤ ᠭᠦᠯ ᠤᠨ ᠣᠯᠠ ᠡᠴᠡ ᠪᠠᠨ ᠭᠠᠯ ᠭᠠᠷᠳᠠᠯ᠎ᠠ ᠭᠦᠶ‍ᠦᠭ᠍ᠰᠡᠨ ᠪᠣᠯᠪᠠᠴᠤ ᠭᠡᠷᠡᠭ᠌ ᠤᠨ ᠡᠵᠡᠨ ᠢ ᠪᠠᠷᠢᠪᠴᠢᠯᠠᠭᠤᠯᠵᠤ ᠳᠡᠢ᠌ᠯᠦᠭᠡ ᠦᠭᠡᠶ ᠪᠠᠢ᠌ᠭᠰᠠᠭᠠᠷ᠃ ᠭᠡᠵᠢᠭᠡᠳᠤ ᠶᠢ ᠰᠠ‍‌ᠶᠢ ᠡᠮᠨᠡᠯᠭᠡ ᠳᠤ ᠣᠷᠤᠭᠰᠠᠨ ᠤ ᠳᠠᠷᠠᠭ᠎ᠠ᠂ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠭᠢᠨ ᠨᠢᠳᠤ ᠶᠢ ᠨᠢ ᠰᠤᠬᠤᠯᠤᠭᠰᠠᠨ ᠨᠢᠭᠦᠯᠳᠤ ᠶᠠᠯᠠᠳᠠᠨ ᠢ ᠵᠠᠮ ᠤᠨ ᠬᠠᠭᠠᠰ ᠡᠴᠡ ᠪᠠᠨ ᠠᠯᠳᠠᠭᠰᠠᠨ ᠭᠡᠳᠡᠭ᠌᠃ ᠳᠠᠭᠢᠭᠠᠤᠨ ᠣᠯᠬᠤ ᠪᠠᠢ᠌ᠳᠤᠭᠠᠢ ᠣᠯᠢᠭᠳᠠᠢ ᠰᠤᠷᠠᠭ ᠴᠤ ᠭᠠᠷᠭᠠᠵᠤ ᠴᠢᠳᠠᠭ᠎ᠠ ᠦᠭᠡᠶ᠃ ᠰᠠᠷᠪᠠᠭᠠᠷ ᠮᠠᠯᠠᠭᠠᠢ ᠲᠡᠶ ᠰᠠᠢ᠌ᠨ ᠫᠣᠤ ᠲᠡᠶ ᠴᠠᠭᠳᠠᠭ᠎ᠠ ᠨᠡᠷ ᠭᠡᠵᠤ ᠡᠷᠭᠢᠮ ᠨᠤᠶᠠᠨ ᠤ ᠪᠠᠨ ᠡᠮᠦᠨ᠎ᠡ ᠡᠷᠭᠡ ᠪᠣᠭᠤᠯ ᠪᠣᠯᠪᠠᠴᠤ ᠡᠭᠡᠯ ᠠᠷᠠᠤᠨ ᠲᠠᠭᠠᠨ ᠡᠷᠯᠢᠭ᠌ ᠬᠠᠭᠠᠨ ᠭᠡᠵᠤ ᠮᠠᠳᠠ᠃ ᠭᠡᠵᠢᠭᠡᠳᠤ ᠶᠢᠨ ᠨᠠᠭᠠᠴᠤ ᠳᠠᠳᠠᠨ ᠢ ᠭᠡᠳᠤᠨ ᠣᠳᠠᠭ᠎ᠠ ᠬᠤᠭᠤᠯᠠᠨ ᠭᠡᠷ ᠲᠤ ᠵᠠᠯᠠᠭᠰᠠᠨ ᠴᠤ ᠭᠡᠷᠡᠭ᠌ ᠣᠴᠢᠷ ᠢ ᠬᠣᠢ᠌ᠰᠢᠯᠠᠭᠤᠯᠵᠤ ᠯᠠ ᠪᠠᠢ᠌ᠯ᠎ᠠ᠃

ᠭᠦᠳᠡᠭᠡ ᠳᠡᠭᠡᠨ ᠬᠠᠷᠢᠭᠠᠤᠨ ᠭᠡᠵᠢᠭᠡᠳᠤ ᠲᠤᠩ ᠣᠢ᠌ᠤᠠᠬᠠᠷᠳᠠᠢ᠃ ᠰᠤᠬᠤᠷ ᠪᠣᠯᠴᠢᠬᠠᠭᠰᠠᠨ ᠭᠡᠭᠦ ᠡᠴᠡ᠁ ᠳᠠᠮᠠᠭᠢᠨ ᠰᠢᠨᠤᠯ ᠭᠡᠴᠡᠭᠦᠳᠡᠭ᠍ᠰᠡᠨ ᠶᠢᠡᠷ ᠪᠠᠷᠠᠬᠤ ᠦᠭᠡᠶ᠂ ᠠᠷᠢᠭᠢ ᠴᠤ ᠬᠤᠯᠠᠭᠠᠢ᠌ᠯᠠᠵᠤ ᠣᠤᠭᠤᠬᠤ ᠪᠣᠯᠪᠠ᠃ ᠭᠦᠭᠡᠭᠡ ᠡᠪᠦᠯ ᠤᠨ ᠭᠦᠳᠡᠭᠡ ᠠᠢ᠌ᠯ᠂ ᠮᠠᠯᠵᠢᠬᠤ ᠣᠷᠤᠨ ᠭᠡᠵᠤ ᠬᠤᠷᠢᠮ ᠨᠠᠢ᠌ᠷ ᠪᠣᠯᠤᠭᠰᠠᠭᠠᠷ ᠭᠡᠷ ᠤᠨ ᠭᠦᠮᠦᠰ ᠤᠨ ᠬᠤᠷᠢᠭᠯᠠᠯ ᠢ ᠳᠠᠪᠴᠢᠨ ᠭᠡᠷᠡᠯ ᠵᠢᠷᠤᠭ ᠦᠭ‍ᠭᠦ ᠭᠡᠮᠡᠨ ᠵᠠᠪᠠᠯ ᠠᠮᠵᠢᠭᠤᠯᠳᠠᠭ᠃ ᠪᠠᠭ᠎ᠠ ᠶᠢᠨ ᠨᠠᠢ᠌ᠵᠠ ᠨᠢ ᠪᠠᠷᠢ ᠪᠠᠭᠤᠯᠭᠠᠬᠤ ᠭᠡᠨ᠎ᠡ᠂ ᠮᠠᠤᠨ ᠰᠤᠭᠳᠤᠭᠰᠠᠨ᠃ ᠦᠶᠡᠯᠢᠳ ᠡᠭᠡᠴᠢ ᠨᠢ ᠬᠠᠷᠢ ᠳᠤ ᠮᠤᠷᠳᠠᠬᠤ ᠭᠡᠨ᠎ᠡ᠂ ᠪᠠᠰᠠ ᠬᠤᠴᠤᠷᠤᠭᠰᠠᠨ ᠦᠭᠡᠶ᠃ ᠳᠠᠷᠠᠰᠤᠨ ᠳᠤ ᠵᠢᠷᠭᠠᠵᠤ ᠳᠡᠯᠡᠭᠡᠢ ᠶ‍ᠢᠷᠳᠢᠠᠴᠤ ᠶᠢ ᠲᠦᠷ ᠵᠠᠭᠤᠷ᠎ᠠ ᠭᠡᠰᠡᠨ ᠴᠤ ᠮᠠᠷᠳᠠᠶ᠎ᠠ ᠁ ᠳᠠᠷᠠ ᠢᠩᠭᠢᠵᠤ ᠯᠠ ᠪᠣᠳᠤᠨ᠎ᠠ᠃

ᠭᠡᠳᠡᠯ᠎ᠡ ᠣᠳᠠᠭᠠᠨ ᠥᠷᠭᠦᠯᠵᠢᠯᠡᠵᠤ ᠴᠢᠳᠠᠭᠰᠠᠨ ᠦᠭᠡᠶ᠂ ᠴᠠᠭᠠᠨ ᠰᠠᠷ᠎ᠠ ᠶᠢᠨ ᠰᠢᠨᠠᠤᠨ ᠶᠢᠡᠷ ᠠᠷᠬᠠᠭ ᠭᠡᠮ ᠲᠡᠶ ᠪᠣᠯᠤᠭᠰᠠᠨ ᠳᠤᠯᠤᠭᠠᠢ ᠨᠢ ᠰᠥᠷᠡᠭᠡᠢ ᠡᠪᠠᠦᠡᠴᠤ ᠠᠢ᠌ᠮᠠᠭ ᠤᠨ ᠡᠮᠨᠡᠯᠭᠡ ᠳᠤ ᠳᠠᠭᠢᠨ ᠣᠷᠤᠵᠠᠢ᠃ ᠡᠮᠴᠢ ᠡᠴᠡ ᠭᠡᠷ ᠤᠨ ᠭᠦᠮᠦᠰ ᠢ ᠨᠢ ᠵᠢᠮᠠᠯᠠᠪᠠ᠃ ᠭᠡᠪᠠᠯᠢ ᠨᠢᠭᠡᠳᠡᠨ ᠤ ᠣᠳᠤᠨ ᠳᠤ ᠵᠠᠶᠠᠭᠠᠭᠳᠠᠭᠰᠠᠨ ᠦᠬᠢᠨ ᠳᠡᠭᠦᠤ ᠨᠢ ᠣᠭᠢᠯᠠᠬᠤ ᠶᠢᠨ ᠳᠠᠪᠢᠯᠠᠩ ᠡᠴᠡ ᠮᠦᠨ ᠭᠡᠯᠳᠦᠷᠢᠵᠤ ᠴᠢᠳᠠᠭᠰᠠᠨ ᠦᠭᠡᠶ᠃ ᠰᠠᠷ᠎ᠠ ᠭᠠᠷᠤᠢ ᠡᠮᠨᠡᠭᠦᠯᠦᠭᠡᠤᠨ ᠳᠤᠯᠤᠭᠠᠢ ᠡᠪᠠᠦᠡᠭᠦ ᠨᠢ ᠨᠠᠮᠳᠠᠭᠰᠠᠨ ᠶᠢᠡᠨ ᠪᠦᠷ ᠭᠡᠪᠵᠢᠵᠤ ᠡᠭᠢᠯᠡᠪᠡ᠃ ᠭᠡᠷᠰᠤᠯᠡᠭᠦ ᠦᠭᠡᠶ ᠪᠣᠯ ᠳᠤᠯᠤᠭᠠᠢ ᠶᠢᠨ ᠮᠠᠳᠠᠷᠠᠯ ᠤᠨ ᠡᠪᠠᠦᠡᠴᠢᠨ ᠳᠤ ᠨᠡᠷᠪᠠᠭ᠍ᠳᠡᠨ᠎ᠡ ᠭᠡᠵᠤ ᠡᠮᠴᠢ ᠶᠢᠨ ᠠᠭᠢᠨ ᠳᠠᠭᠢᠨ ᠰᠠᠨᠠᠭᠤᠯᠤᠭᠰᠠᠨ ᠥᠭᠡ ᠶᠢ ᠭᠡᠵᠢᠭᠡᠳᠤ ᠪᠣᠳᠤᠯ ᠲᠡᠶ ᠪᠠᠨ ᠬᠠᠮᠳᠤ ᠡᠭᠦᠷᠤᠨ ᠨᠤᠳᠤᠭ ᠲᠠᠭᠠᠨ ᠬᠠᠷᠢᠪᠠ᠃

ᠣᠤᠯ ᠡᠴᠡ ᠪᠠᠨ ᠥᠭᠡ ᠳᠠᠭᠤ ᠴᠥᠭᠡ᠊ᠨᠳᠡᠢ ᠠᠪᠣ ᠨᠢ ᠣᠯᠠᠮ ᠮᠡᠨᠡᠭ᠌ ᠰᠢᠭ᠌ ᠪᠣᠯᠤᠭᠰᠠᠨ ᠪᠠ ᠦᠬᠢᠨ ᠳᠡᠭᠦᠤ ᠶᠢᠨ ᠶᠢᠡᠨ ᠨᠢᠯᠪᠣᠰᠤ ᠶᠢ ᠳᠠᠭᠢᠨ ᠬᠠᠷᠠᠬᠤ ᠡᠴᠡ ᠬᠠᠯᠢᠷᠠᠵᠤ᠂ ᠭᠡᠵᠢᠭᠡᠳᠤ ᠪᠠᠶ᠎ᠠ ᠪᠠᠨ ᠪᠠᠷᠢᠵᠤ ᠰᠠᠤᠠᠭᠢᠯ ᠶᠢᠡᠨ ᠳᠤᠭᠳᠠᠭᠤᠨ ᠪᠣᠯᠭᠠᠬᠤ ᠶᠢ ᠭᠢᠴᠢᠶᠠᠯ᠎ᠠ᠃ ᠠᠮᠢᠳᠤ ᠶᠠᠪᠣᠬᠤ ᠶᠢᠨ ᠭᠦᠰᠡᠯ ᠢᠳᠡᠭ᠌ ᠢᠳᠡᠭ᠌ ᠶᠢᠡᠷ ᠠᠮᠢᠯᠠᠵᠤ ᠡᠭᠢᠯᠡᠵᠡᠢ᠃

ᠡᠳᠦᠷ ᠬᠤᠨᠤᠭ ᠥᠷᠭᠦᠯᠵᠢᠯᠡᠭ᠍ᠰᠡᠭᠡᠷ ᠬᠠᠪᠣᠷ ᠤᠨ ᠢᠮᠠᠭ᠎ᠠ ᠰᠠᠮᠨᠠᠬᠤ ᠠᠵᠢᠯ ᠴᠤ ᠳᠠᠭᠤᠰᠴᠠᠢ᠃ ᠭᠡᠵᠢᠭᠡᠳᠤ ᠡᠪᠠᠦᠡᠴᠢᠨ ᠶᠢᠡᠨ ᠳᠤᠭᠤᠰᠢᠳᠠᠢ ᠥᠵᠡᠭᠦᠯᠭᠦ ᠪᠠᠷ ᠠᠩᠬ᠎ᠠ ᠣᠳᠠᠭ᠎ᠠ ᠪᠠᠭᠡᠵᠢᠩ ᠣᠷᠤᠪᠠ᠃ ᠶᠡᠭᠡ ᠭᠠᠵᠠᠷ ᠬᠠᠰᠢ ᠯᠠ ᠣᠠᠳᠤᠤ᠃ ᠭᠡᠵᠢᠭᠡᠳᠤ ᠶᠢᠨ ᠨᠢᠳᠤ ᠶᠢ ᠨᠠᠷᠢᠯᠢᠭ ᠪᠠᠢ᠌ᠴᠠᠭᠠᠭᠠᠤᠨ ᠡᠮ ᠦᠭ‍ᠭᠦᠯ᠎ᠡ᠃ ᠭᠡᠳᠤᠨ ᠰᠠᠷ᠎ᠠ ᠥᠩᠭᠡᠷᠡᠪᠠᠯ ᠠᠷᠬᠠᠭ ᠭᠡᠮ ᠨᠢ ᠠᠷᠢᠯᠵᠤ᠂ ᠬᠠᠭᠤᠷᠮᠠᠭ ᠨᠢᠳᠤ ᠴᠤ ᠳᠠᠭᠠᠷᠠᠭᠤᠯᠵᠤ ᠪᠣᠯᠤᠨ᠎ᠠ ᠭᠡᠰᠡᠨ ᠡᠮᠴᠢ ᠶᠢᠨ ᠥᠭᠡ ᠶᠢ ᠰᠤᠨᠤᠰᠤᠭᠠᠤᠨ ᠭᠡᠵᠢᠭᠡᠳᠤ ᠶᠢᠨ ᠰᠠᠤᠠᠭᠢᠯ ᠳᠤ ᠨᠠᠷᠠ ᠳᠤᠯᠠᠢ᠌ᠵᠠᠢ᠃ ᠣᠠᠳᠠᠷᠠᠬᠤ ᠰᠢᠬᠠᠭᠰᠠᠨ ᠠᠮᠢᠳᠤᠷᠠᠯ ᠤᠨ ᠭᠠᠯ ᠡᠴᠦᠰ ᠲᠡᠭᠡᠨ ᠢᠳᠡᠭᠡᠯ ᠤᠨ ᠰᠤᠷ ᠳᠦᠷᠡᠯᠵᠡᠭᠦᠯᠵᠤ ᠡᠭᠢᠯᠡᠯ᠎ᠡ᠃ ᠪᠢ ᠵᠠᠪᠠᠯ ᠠᠮᠢᠳᠤ ᠶᠠᠪᠣᠬᠤ ᠶᠤᠰᠤᠳᠠᠢ᠂ ᠭᠦᠮᠤᠨ ᠰᠢᠭ᠌ ᠠᠮᠢᠳᠤᠷᠠᠬᠤ ᠶᠢᠨ ᠳᠦᠯᠦᠭᠡ ᠭᠤᠨᠢᠶᠠᠯ ᠪᠦᠭᠦᠨ ᠢ ᠳᠡᠪᠴᠢᠭᠦ ᠭᠡᠷᠡᠭ᠍ᠳᠡᠢ ᠭᠡᠵᠤ ᠪᠣᠳᠤᠭᠰᠠᠨ ᠭᠡᠵᠢᠭᠡᠳᠤ ᠳᠤ ᠨ᠂ ᠣᠰᠲ᠋ᠸᠷᠸᠸᠰᠺᠢ ᠶᠢᠨ 《ᠮᠢᠨᠤ ᠨᠢᠭᠡᠨ ᠡᠳᠦᠷ》 ᠪᠣᠳᠤᠭᠳᠠᠬᠤ ᠳᠤ ᠨᠢᠭᠤᠷ ᠨᠢ ᠨᠢᠯᠴᠢᠭᠢᠨᠡᠭᠦ ᠰᠢᠭ᠌ ᠪᠣᠯᠪᠠ᠃ ᠭᠦᠮᠤᠨ ᠶᠠᠷᠤ ᠭᠦᠰᠡᠯ ᠵᠢᠷᠭᠠᠯ ᠤᠨ ᠳᠦᠯᠦᠭᠡ ᠬᠠᠷᠰᠢ ᠰᠠᠭᠠᠤᠨ ᠪᠦᠭᠦᠨ ᠲᠡᠶ ᠳᠠᠮᠠᠴᠠᠪᠠᠯ ᠵᠤᠭᠢᠨ᠎ᠠ᠃ 《ᠵᠢᠷᠭᠠᠯ ᠤᠨ ᠳᠦᠯᠦᠭᠡ ᠭᠦᠮᠤᠨ ᠳᠦᠷᠦᠳᠡᠭ᠌》 ᠭᠡᠳᠡᠭ᠌ ᠪᠢᠯᠠ ᠦᠦ︖

ᠮᠤᠩᠭ᠋ᠤᠯ ᠤᠨ ᠳᠡᠭᠡᠳᠦᠰ ᠲᠤ ᠭᠠᠯ ᠮᠠᠩᠨᠠᠢ ᠳᠠᠭᠠᠨ ᠭᠠᠭᠴᠠ ᠨᠢᠳᠤᠳᠠᠢ ᠳᠤᠧᠨ ᠰᠤᠬᠤᠷ ᠭᠡᠳᠡᠭ᠌ ᠭᠦᠮᠤᠨ ᠭᠤᠷᠪᠠᠨ ᠨᠡᠭᠦᠳᠡᠯ ᠤᠨ ᠴᠠᠭᠠᠳᠤᠭᠢ ᠭᠠᠵᠠᠷ ᠢ ᠳᠤᠷᠠᠠᠳᠠᠵᠤ ᠥᠵᠡᠳᠡᠭ᠌᠃ ᠪᠢ ᠴᠤ ᠣᠳᠤ ᠭᠠᠭᠴᠠ ᠨᠢᠳᠤᠳᠠᠢ᠂ ᠳᠡᠭᠦᠨ ᠰᠢᠭ᠌ ᠠᠮᠢᠳᠤᠷᠠᠨ᠎ᠠ᠃ ᠳᠡᠭᠡᠭᠦ ᠳᠡᠭᠡᠨ ᠠᠯᠠᠭ ᠨᠢᠳᠤ ᠪᠠᠷ ᠶᠢᠡᠨ ᠪᠢᠰᠢ ᠪᠢᠯᠢᠭ᠌ ᠤᠨ ᠨᠢᠳᠤ ᠪᠠᠷ ᠶᠢᠡᠨ ᠨᠠᠷᠠᠳᠤ ᠶᠢᠨ ᠠᠮᠢᠳᠤᠷᠠᠯ ᠢ ᠨᠠᠪᠳᠠ ᠬᠠᠷᠠᠨ᠎ᠠ᠃

ᠣᠷᠠᠯᠢᠭ᠂ ᠭᠡᠵᠢᠭᠡᠳᠤ ᠶᠢᠨ ᠭᠦᠰᠡᠯ ᠮᠥᠷᠦᠭᠡᠳᠦᠯ ᠤᠨ ᠨᠤᠭᠤᠭᠠᠨ ᠳᠠᠯᠪᠠᠭ᠎ᠠ᠃ ᠳᠠᠷᠠ ᠭᠡᠳᠤᠨ ᠮᠢᠩᠭ᠋ᠠᠨ ᠳᠦᠭᠦᠷᠢᠭ᠌ ᠤᠨ ᠭᠡᠷᠡᠯ ᠵᠢᠷᠤᠭ ᠤᠨ ᠮᠠᠰᠢᠨ ᠠᠪᠴᠤ ᠨᠠᠢ᠌ᠰᠯᠠᠯ ᠡᠴᠡ ᠪᠣᠴᠠᠯ᠎ᠠ᠃

ᠣᠳᠠᠭᠠᠨ ᠳᠠᠷᠤᠭᠳᠠᠵᠤ ᠪᠠᠢ᠌ᠭᠰᠠᠨ ᠦᠰᠦᠨ ᠪᠢᠷ ᠶᠢᠡᠨ ᠴᠤ ᠭᠠᠷᠭᠠᠪᠠ᠃ ᠭᠡᠷᠡᠯ ᠵᠢᠷᠤᠭ ᠤᠨ ᠮᠠᠰᠢᠨ ᠶᠢᠡᠨ ᠡᠭᠦᠷᠤᠨ ᠴᠡᠴᠡᠭ᠍ᠳᠤ ᠨᠤᠭᠤᠭᠠᠨ ᠳᠠᠠᠵᠢ ᠪᠠᠷ᠂ ᠴᠠᠭᠠᠨ ᠬᠤᠰᠤᠳᠤ ᠪᠦᠷᠭᠦᠮᠡᠯ ᠣᠢ ᠪᠠᠷ᠂ ᠴᠡᠩᠭᠡᠷ ᠥᠩᠭᠡᠳᠤ ᠭᠤᠤᠯ ᠭᠤᠷᠤᠬ᠎ᠠ ᠪᠠᠷ ᠦᠵᠡᠮᠵᠢ ᠠᠪᠴᠤ ᠵᠢᠷᠤᠭ ᠳᠠᠳᠠᠵᠤ ᠶᠠᠪᠣᠯ᠎ᠠ᠃ ᠶᠠᠮᠠᠷ ᠰᠠᠢ᠌ᠬᠠᠨ ᠣᠷᠮ᠎ᠠ ᠶᠢ ᠰᠡᠷᠭᠦᠭᠡᠮ᠎ᠡ ᠪᠠᠢ᠌ᠭᠠᠯᠢ ᠪᠣᠢ︖

《ᠣᠷᠠᠯᠢᠭ ᠭᠡᠵᠤ ᠭᠡᠵᠢᠶᠡᠳᠡ ᠣᠨᠠᠰᠢ ᠦᠭᠡᠶ ᠠᠭᠤᠤ ᠣᠤᠠᠬ᠎ᠠ ᠠᠤᠭ᠎ᠠ ᠴᠢᠨᠠᠷ ᠶᠢᠡᠷ ᠪᠦᠳᠦᠭᠡᠭ᠍ᠳᠡᠨ ᠳᠡᠯᠭᠡᠷᠡᠵᠤ᠂ ᠭᠦᠮᠤᠨ ᠲᠦᠷᠦᠯᠭᠢᠳᠠᠨ ᠤ ᠭᠦᠰᠡᠯ ᠪᠠᠶᠠᠰᠤᠯ ᠭᠤᠨᠢᠭ ᠭᠤᠳᠤᠷᠠᠯ ᠢ ᠳᠡᠮᠳᠡᠭᠯᠡᠨ ᠳᠡᠵᠢᠭᠡᠳᠡᠭ᠌ ᠭᠤᠸ᠎ᠠ ᠰᠠᠢ᠌ᠬᠠᠨ ᠤ ᠰᠢᠮᠡᠳᠭᠡᠯ ᠊᠊᠊᠊᠊᠊᠊᠊᠊᠊᠊᠊᠊᠊᠊ ᠪᠦᠳᠦᠭᠡᠯᠴᠢ ᠭᠦᠮᠤᠨ ᠤ ᠪᠠᠨ ᠰᠡᠳᠬᠢᠯᠭᠡ》 ᠭᠡᠳᠡᠭ᠌ ᠪᠢᠯᠠ ᠦᠦ︖ ᠳᠡᠯᠡᠭᠡᠢ ᠡ᠂ ᠨᠠᠮᠢ᠋ᠢ ᠪᠠᠭᠳᠠᠭᠠᠴᠢ︕ ᠭᠡᠵᠢᠭᠡᠳᠤ ᠰᠠᠤᠠᠭᠢᠯ ᠳᠤᠭᠳᠤᠯᠤᠨ᠎ᠠ᠃

ᠡᠮᠦᠨ᠎ᠡ ᠠᠢ᠌ᠯ ᠤᠨ ᠡᠷᠳᠡᠮᠳᠤ ᠵᠠᠯᠠᠭᠤ ᠬᠤᠷᠢᠮᠯᠠᠬᠤ ᠭᠡᠨ᠎ᠡ᠂ ᠭᠡᠵᠢᠭᠡᠳᠤ ᠭᠡᠷ ᠣᠷᠤᠨ ᠢ ᠨᠢ ᠵᠠᠰᠠᠵᠤ ᠴᠢᠮᠡᠭᠯᠡᠨ ᠥᠭ᠍ᠪᠡ᠃ ᠳᠡᠯᠭᠡᠷ ᠤᠨ ᠭᠢ ᠴᠤ ᠳᠡᠯᠭᠡᠭᠦᠷ ᠨᠡᠭᠡᠭᠡᠵᠤ ᠳᠡᠭᠦᠨ ᠶᠢᠡᠷ ᠥᠰᠦᠭ᠌ ᠰᠡᠢ᠌ᠯᠦᠭᠦᠯᠪᠡ᠃ 《ᠰᠢᠨᠤᠯ ᠨᠢ ᠰᠢᠭᠤᠳᠤᠮᠠᠭᠠᠢ ᠪᠣᠯᠭᠠᠨ᠎ᠠ》 ᠭᠡᠳᠡᠭ᠌᠃ ᠭᠡᠵᠢᠭᠡᠳᠤ ᠣᠷᠠᠨ ᠪᠢᠴᠢᠯᠭᠡ᠂ ᠣᠷᠠᠯᠢᠭ ᠥᠰᠦᠭ᠌᠂ ᠱᠤᠭᠤᠮᠠᠯ ᠪᠠᠷᠢᠮᠠᠯ᠂ ᠭᠡᠷᠡᠯ ᠵᠢᠷᠤᠭ ᠤᠨ ᠪᠦᠳᠦᠭᠡᠭ᠍ᠳᠡᠭᠦᠨ ᠨᠠᠯᠢᠶᠠᠤᠨ ᠭᠠᠷᠭᠠᠪᠠ᠃ ᠨᠠᠮᠤᠷ ᠨᠢ ᠰᠤᠮᠤᠨ ᠤ ᠰᠤᠶᠤᠯ ᠤᠨ ᠥᠷᠳᠡᠭᠡ ᠶᠢᠨ ᠳᠡᠮᠵᠢᠯᠭᠡ ᠪᠠᠷ ᠣᠷᠠᠯᠢᠭ ᠤᠨ ᠥᠵᠡᠭᠦᠯᠦᠯᠭᠡ ᠳᠡᠯᠭᠡᠯ᠎ᠡ᠃

ᠥᠵᠡᠭᠦᠯᠦᠯᠭᠡ ᠠᠮᠵᠢᠯᠳᠠ ᠲᠡᠶ ᠶᠠᠪᠣᠭᠳᠠᠵᠠᠢ᠃ ᠰᠤᠮᠤᠨ ᠤ ᠺᠠᠳᠠᠷ ᠡᠴᠡ ᠳᠡᠷᠢᠭᠦᠯᠡᠨ ᠬᠤᠯᠠ ᠣᠢ᠌ᠷ᠎ᠠ ᠶᠢᠨ ᠣᠷᠠᠯᠢᠭ ᠲᠤ ᠬᠤᠷᠤᠬᠠᠢ ᠲᠡᠶ ᠭᠦᠮᠦᠰ ᠨᠠᠯᠢᠶᠠᠤᠨ ᠴᠤᠭᠯᠠᠷᠠᠪᠠ᠃ ᠢᠯᠠᠩᠭ᠋ᠤᠶ᠎ᠠ ᠠᠢ᠌ᠮᠠᠭ ᠤᠨ ᠣᠤᠠᠬ᠎ᠠ ᠣᠷᠠᠯᠢᠭ ᠤᠨ ᠭᠢᠨ ᠤ ᠳᠦᠯᠦᠭᠡᠯᠡᠭ᠍ᠴᠢ᠂ ᠰᠤᠷᠪᠣᠯᠵᠢᠯᠠᠭᠴᠢ ᠨᠡᠷ ᠭᠢᠯᠠᠷᠠᠨ ᠪᠠᠭᠤᠭᠰᠠᠨ ᠨᠢ ᠭᠡᠵᠢᠭᠡᠳᠤ ᠳᠤ ᠨᠢᠭᠡ ᠶᠤᠰᠤᠨ ᠤ ᠵᠢᠷᠭᠠᠯ᠃ ᠰᠤᠮᠤᠨ ᠤ ᠱᠦᠵᠢ 《ᠣᠶᠤᠨ ᠰᠠᠨᠠᠭ᠎ᠠ ᠪᠠᠷ ᠪᠠᠶᠠᠨ ᠬᠤᠷᠸ᠎ᠠ ᠮᠥᠩᠭᠡᠷᠡᠭᠦ ᠶᠤᠰᠤᠳᠠᠢ》 ᠭᠡᠰᠡᠨ ᠪᠢᠴᠢᠭᠡᠰᠤ ᠬᠠᠢ᠌ᠷᠠᠯᠠᠵᠠᠢ᠃

ᠵᠤᠨ ᠤ ᠴᠡᠯᠮᠡᠭ᠌ ᠳᠡᠭ᠍ᠷᠢ ᠰᠢᠭ᠌ ᠥᠶ‍ᠦᠭ᠌ ᠰᠠᠤᠠᠭᠢᠯᠳᠤ ᠣᠳᠤᠷᠢᠳᠤᠯᠭ᠎ᠠ᠂ ᠪᠠᠭᠰᠢ᠂ ᠨᠠᠢ᠌ᠵᠠ ᠨᠥᠭᠦᠤᠨ ᠵᠡᠷᠭᠡ ᠪᠦᠳᠦᠭᠡᠯ ᠢ ᠨᠢ ᠦᠨᠡᠯᠠᠵᠤ ᠵᠤᠷᠢᠭᠵᠢᠭᠤᠯᠤᠭᠰᠠᠨ ᠲᠦᠮᠡᠨ ᠤ ᠨᠢᠳᠤᠨ ᠡᠴᠡ ᠭᠡᠷᠡᠯ ᠬᠠᠷᠪᠣᠵᠤ᠂ ᠦᠷᠦᠴᠠ ᠵᠢᠷᠦᠭᠡ ᠶᠢ ᠨᠢ ᠪᠦᠯᠢᠶᠡᠰᠦᠭᠦᠯᠵᠤ ᠦᠭ‍ᠭᠦᠯ᠎ᠡ᠃


ᠬᠠᠶ‍ᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠠᠰᠤᠭ

ᠵᠤᠬᠢᠶᠠᠭᠴᠢ᠄ ᠮᠠᠠᠳᠤᠬᠤ
ᠢᠷᠡᠯᠲᠡ᠄ ᠮᠠᠠᠳᠤᠬᠤ
ᠬᠠᠷᠢᠶ᠎ᠠ᠄ ᠥᠭᠥᠯᠡᠯᠭᠡ
ᠳᠠᠷᠤᠮ᠄ 9099
ᠴᠠᠭ᠄ 2008 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ