ᠵᠠᠯᠠᠭᠤᠴᠤᠳ ᠪᠠᠭᠠᠴᠤᠳ ᠡ︕ ᠳᠠᠯᠠᠷᠬᠠᠬᠤ ᠶᠢ ᠰᠤᠷᠤᠭᠠᠴᠢ︕
(ᠰᠤᠷᠭᠠᠯ ᠰᠢᠯᠦᠭ᠌)

ᠳᠡᠭᠡᠭᠡᠵᠤ ᠳᠦᠷᠦᠭᠦᠯᠦᠭ᠍ᠰᠡᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠳᠤ ᠠᠮᠢ ᠨᠠᠰᠤ ᠶᠢ ᠣᠯᠭᠤᠪᠠ

ᠠᠰᠠᠷᠠᠵᠤ ᠳᠡᠵᠢᠭᠡᠭ᠍ᠰᠡᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠶᠢ ᠳᠤᠳᠤᠮᠳᠠᠵᠤ ᠥᠰᠭᠡᠨ ᠪᠣᠢ᠌ᠵᠢᠭᠤᠯᠪᠠ

ᠬᠠᠪᠰᠤᠷᠴᠤ ᠲᠡᠳᠬᠦᠭ᠍ᠰᠡᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠶᠢ ᠭᠦᠴᠢᠷ ᠵᠤᠪᠠᠭᠤᠷᠢ ᠡᠴᠠ ᠭᠡᠯᠳᠦᠷᠢᠭᠦᠯᠪᠡ

ᠬᠠᠷᠠᠭᠠᠯᠵᠠᠵᠤ ᠳᠡᠮᠵᠢᠭ᠍ᠰᠡᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠳᠤ ᠬᠠᠯᠠᠭᠤᠨ ᠳᠤᠯᠠᠭᠠᠨ ᠢ ᠭᠦᠷᠳᠡᠭᠡᠪᠡ

ᠵᠤᠷᠢᠭᠵᠢᠭᠤᠯᠵᠤ ᠶᠠᠪᠣᠭᠰᠠᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠳᠤ ᠭᠦᠴᠤᠨ ᠪᠠ ᠢᠳᠡᠭᠡᠯ ᠢ ᠣᠯᠭᠤᠪᠠ

ᠰᠤᠷᠭᠠᠨ ᠭᠦᠮᠦᠵᠢᠭᠦᠯᠦᠭ᠍ᠰᠡᠨ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠨᠤ ᠣᠬᠠᠭᠠᠨ ᠤ ᠬᠠᠷᠠᠩᠭ᠋ᠤᠢ ᠶᠢ ᠳᠠᠢ᠌ᠯᠪᠠ

ᠦᠨᠢᠳᠠ ᠬᠠᠢ᠌ᠷᠠᠯᠠᠳᠠᠭ ᠭᠦᠮᠤᠨ ᠳᠡᠭᠡᠨ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠳᠤ ᠬᠠᠢ᠌ᠷ᠎ᠠ ᠶᠢᠨ ᠡᠷᠭᠢᠮ ᠢ ᠳᠠᠨᠢᠭᠤᠯᠪᠠ

ᠬᠤᠤᠷᠯᠠᠵᠤ ᠶᠠᠪᠣᠭᠰᠠᠨ ᠭᠦᠮᠤᠨ ᠳᠡᠭᠡᠨ ᠴᠤ ᠳᠠᠯᠠᠷᠬᠠᠵᠤ ᠶᠠᠪᠣ

ᠣᠴᠢᠷ ᠨᠢ ᠳᠠᠷᠠ ᠴᠢᠨᠤ ᠰᠦᠰᠦ ᠵᠤᠷᠢᠭ ᠢ ᠴᠢᠨᠢ ᠪᠣᠯᠪᠠᠰᠤᠷᠠᠭᠤᠯᠪᠠ

ᠪᠠᠰᠤᠮᠵᠢᠯᠠᠵᠤ ᠶᠠᠪᠣᠭᠰᠠᠨ ᠭᠦᠮᠤᠨ ᠳᠡᠭᠡᠨ ᠴᠤ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠳᠤ ᠪᠠᠶ᠎ᠠ ᠪᠠᠨ ᠭᠦᠡᠳᠦᠳᠭᠡᠭᠦ ᠶᠢ ᠮᠡᠳᠡᠭᠦᠯᠪᠡ

ᠬᠠᠶᠠᠭᠠᠤᠨ ᠶᠠᠪᠣᠴᠢᠬᠠᠭᠰᠠᠨ ᠭᠦᠮᠤᠨ ᠳᠡᠭᠡᠨ ᠴᠤ ᠳᠠᠯᠠᠷᠬᠠᠵᠤ ᠶᠠᠪᠣ

ᠣᠴᠢᠷ ᠨᠢ ᠳᠠᠷᠠ ᠴᠢᠮ᠎ᠠ ᠶᠢ ᠪᠠᠶ᠎ᠠ ᠪᠠᠨ ᠳᠠᠭᠠᠭᠠᠬᠤ ᠵᠥᠭ᠌ ᠣᠷᠤᠭᠤᠯᠪᠠ

ᠵᠠᠯᠠᠭᠤ ᠪᠠᠭᠠᠴᠤᠳ ᠡ︕ ᠳᠠᠯᠠᠷᠬᠠᠬᠤ ᠶᠢ ᠰᠤᠷᠤᠭᠠᠴᠢ ︕

ᠦᠰᠦᠨ ᠪᠣᠢ᠌ᠵᠢᠯᠳᠠ ᠥᠭᠡᠳᠡᠯᠡᠨ ᠳᠠᠪᠰᠢᠯᠳᠠ ᠳᠤ ᠴᠢᠨᠢ ᠳᠤᠰᠠᠳᠠᠢ ᠯᠠ ᠭᠦᠮᠤᠨ ᠪᠣᠯ

ᠥᠭᠡᠯᠡᠢ ᠪᠣᠯᠵᠤ ᠦᠨᠳᠦᠷ ᠲᠤ ᠰᠠᠭᠤᠭᠰᠠᠨ ᠴᠤ ᠳᠠᠯᠠᠷᠬᠠᠬᠤ ᠪᠠᠨ ᠪᠦᠦ ᠮᠠᠷᠳᠠ︕

ᠳᠠᠯᠠᠷᠬᠠᠯ ᠭᠡᠭ᠍ᠴᠢ ᠪᠣᠯᠪᠠᠰᠤᠨ ᠰᠤᠷᠳᠠᠯ ᠤᠨ ᠳᠤᠰᠬᠠᠯ ᠶᠤᠮ

ᠴᠢᠨᠤ ᠳᠠᠯᠠᠷᠬᠠᠯ ᠴᠠᠭᠠᠳᠤᠭᠢ ᠪᠠᠨ ᠨᠠᠩ ᠵᠤᠷᠢᠭᠵᠢᠭᠤᠯᠤᠨ᠎ᠠ

ᠳᠠᠯᠠᠷᠬᠠᠯ ᠭᠡᠭ᠍ᠴᠢ ᠭᠦᠮᠤᠨ ᠴᠢᠨᠠᠷ ᠤᠨ ᠥᠵᠡᠭᠦᠯᠦᠯᠭᠡ ᠶᠤᠮ

ᠴᠢᠨᠤ ᠳᠠᠯᠠᠷᠬᠠᠯ ᠴᠠᠭᠠᠳᠤᠭᠢ ᠳᠠᠭᠠᠨ ᠦᠪᠡᠷ ᠢ ᠪᠠᠨ ᠳᠠᠨᠢᠭᠤᠯᠤᠨ᠎ᠠ

ᠳᠠᠯᠠᠷᠬᠠᠯ ᠭᠡᠭ᠍ᠴᠢ ᠠᠴᠢ ᠬᠠᠷᠢᠭᠤᠯᠳᠠ ᠶᠢᠨ ᠢᠯᠠᠷᠠᠯ ᠶᠤᠮ

ᠴᠢᠨᠤ ᠳᠠᠯᠠᠷᠬᠠᠯ ᠴᠠᠭᠠᠳᠤᠭᠢ ᠪᠠᠨ ᠨᠠᠩ ᠪᠠᠶᠠᠰᠬᠠᠨ᠎ᠠ

ᠳᠠᠯᠠᠷᠬᠠᠯ ᠭᠡᠭ᠍ᠴᠢ ᠭᠦᠮᠤᠨ ᠪᠣᠯᠬᠤ ᠶᠢᠨ ᠶᠤᠰᠤ ᠵᠦᠢ ᠶᠤᠮ

ᠴᠢᠨᠤ ᠳᠠᠯᠠᠷᠬᠠᠯ ᠴᠠᠭᠠᠳᠤᠭᠢ ᠨᠠᠩ ᠣᠯᠠᠨ ᠢ ᠨᠥᠯᠦᠭᠡᠯᠡᠨ᠎ᠡ

ᠵᠠᠯᠠᠭᠤ ᠪᠠᠭᠠᠴᠤᠳ ᠡ︕ ᠳᠠᠯᠠᠷᠬᠠᠬᠤ ᠶᠢ ᠰᠤᠷᠤᠭᠠᠴᠢ︕

ᠴᠢᠨᠤ ᠦᠰᠦᠨ ᠪᠣᠢ᠌ᠵᠢᠯᠳᠠ ᠥᠭᠡᠳᠡᠯᠡᠨ ᠳᠠᠪᠰᠢᠯᠳᠠ ᠳ᠋ᠤ

ᠳᠤᠰᠠᠳᠠᠢ ᠶᠠᠪᠣᠭᠰᠠᠨ ᠭᠦᠮᠤᠨ ᠳᠡᠭᠡᠨ ᠴᠤ ᠳᠠᠯᠠᠷᠬᠠᠴᠢ︕

ᠣᠰᠤᠳᠠᠢ ᠶᠠᠪᠣᠭᠰᠠᠨ ᠭᠦᠮᠤᠨ ᠳᠡᠭᠡᠨ ᠴᠤ ᠳᠠᠯᠠᠷᠬᠠᠵᠤ ᠶᠠᠪᠣᠭᠠᠴᠢ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1548
ᠴᠠᠭ᠄ 2010 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁