ᠠᠮᠢᠳᠤᠷᠠᠯ ᠴᠢᠮ᠎ᠠ ᠳᠤ ᠬᠠᠢ᠌ᠷᠠᠳᠠᠢ ᠶᠤᠮ ᠪᠠᠢ᠌ᠨ᠎ᠠ

ᠰᠠᠮᠳᠠᠭ ᠤᠨ ᠵᠢᠪᠬᠤᠯᠠᠩ ᠦᠪᠡᠷ ᠤᠨ ᠳᠤᠬᠠᠢ ᠳᠠᠭ᠎ᠠ ᠦᠭᠡᠶ ᠮᠡᠳᠡᠭᠡᠯᠡᠯ ᠳᠤᠮᠳᠠ ᠠᠮᠢᠳᠤᠷᠠᠬᠤ ᠪᠣᠯᠤᠭᠰᠠᠨ᠃ ᠳᠡᠭᠦᠨ ᠤ ᠳᠠᠭᠤᠤ ᠶᠢ ᠰᠤᠨᠤᠰᠳᠠᠭ ᠴᠤ᠂ ᠪᠣᠰᠤᠳ ᠣᠯᠠᠨ ᠭᠦᠮᠤᠨ ᠤ ᠰᠢᠭ᠌ ᠳᠡᠭᠦᠨ ᠢ ᠰᠠᠢ᠌ᠨ ᠣᠢ᠌ᠯᠭᠠᠳᠠᠭ ᠦᠭᠡᠶ ᠪᠠᠢ᠌ᠯ᠎ᠠ᠃ ᠰ·ᠵᠢᠪᠬᠤᠯᠠᠩ ᠤᠨ ᠳᠠᠭᠤᠤ᠂ ᠰ·ᠵᠢᠪᠬᠤᠯᠠᠩ ᠤᠨ ᠠᠮᠢᠳᠤᠷᠠᠯ᠂ ᠰ·ᠵᠢᠪᠬᠤᠯᠠᠩ ᠤᠨ ᠠᠯᠳᠠᠭ᠎ᠠ᠁ ᠳᠡᠭᠦᠨ ᠤ ᠭᠡᠰᠡᠨ ᠪᠦᠭᠦᠨ ᠪᠢᠳᠠᠨ ᠳᠤ ᠰᠤᠨᠢᠨ ᠪᠠᠢ᠌ᠳᠠᠭ ᠨᠢ᠂ ᠳᠠᠷᠠ ᠦᠪᠡᠷ ᠶᠢᠡᠨ ᠰᠤᠨᠢᠷᠬᠠᠵᠤ ᠣᠯᠬᠤ ᠦᠭᠡᠶ ᠰᠡᠳᠭᠢᠯ ᠤᠨ ᠵᠦᠢ᠌᠂ ᠰᠤᠨᠤᠰᠴᠤ ᠣᠯᠬᠤ ᠦᠭᠡᠶ ᠭᠦᠭ᠌ ᠶᠤᠮ ᠪᠠᠢ᠌ᠨ᠎ᠠ᠃ ᠳᠡᠭᠦᠨ ᠤ 《ᠪᠦᠭᠡ ᠶᠢᠨ ᠥᠷᠦᠭᠡᠨ》 ᠳᠤ ᠪᠣᠯᠤᠭᠰᠠᠨ 《ᠲᠦᠮᠡᠨ ᠤ ᠮᠢᠨᠢ ᠳᠤᠷ᠎ᠠ ᠲᠡᠶ ᠳᠠᠭᠤᠤ ᠨᠤᠭᠤᠳ》 ᠭᠡᠮᠡᠭᠦ ᠳᠤᠭᠯᠠᠯᠳᠠ ᠡᠭᠢᠯᠡᠭᠡᠳ ᠳᠠᠪᠤᠨ ᠡᠳᠦᠷ ᠪᠣᠯᠳᠠᠯ᠎ᠠ᠂ ᠭᠦᠯ ᠳᠠᠯᠪᠢᠬᠤ ᠵᠠᠢ ᠦᠭᠡᠶ ᠳᠦᠭᠦᠷᠡᠩ ᠥᠵᠡᠭ᠍ᠴᠢᠳ ᠲᠡᠶ ᠪᠠᠢ᠌ᠯ᠎ᠠ᠃ ᠪᠦᠰᠡᠭᠦᠢ᠌ᠴᠦᠳ᠂ ᠬᠠᠷᠠᠴᠤᠤᠯ᠂ ᠬᠡᠦᠬᠡᠳ ᠤᠳ᠂ ᠪᠣᠭᠤᠷᠤᠯ ᠤᠳ ᠪᠦᠭᠦᠨ ᠰ·ᠵᠢᠪᠬᠤᠯᠠᠩ ᠤᠨ ᠳᠠᠭᠤᠤ ᠪᠠᠷ ᠳᠠᠮᠵᠢᠭᠤᠯᠤᠨ ᠮᠡᠳᠡᠷᠡᠭᠦ ᠮᠠᠳᠠᠷᠠᠮᠵᠢ ᠨᠢ ᠴᠢᠩ ᠰᠡᠳᠭᠢᠯ ᠤᠨ ᠭᠢᠨᠢ ᠪᠠᠢ᠌ᠭᠰᠠᠨ ᠨᠢ ᠭᠠᠢ᠌ᠬᠠᠯᠳᠠᠢ᠃ ᠬᠠᠢ᠌ᠷ᠎ᠠ ᠶᠢᠨ ᠳᠡᠭ᠍ᠷᠢ ᠳᠤ ᠪᠣᠶᠠᠨ ᠳᠠᠭᠠᠭᠤᠯᠤᠭᠰᠠᠨ ᠬᠠᠨᠢ ᠶᠢᠨ ᠡᠩᠭᠡᠷ ᠲᠤ ᠵᠠᠶᠠᠭ᠎ᠠ ᠬᠠᠢ᠌ᠷᠠᠯᠠᠭᠰᠠᠨ ᠭᠦᠮᠤᠨ ᠪᠦᠭᠦᠨ ᠥᠭᠦᠭᠡᠷᠳᠤᠨ ᠳᠤᠭᠯᠠᠭᠠᠤᠨ ᠭᠦᠤ ᠲᠡᠶ ᠪᠣᠯᠬᠤ ᠰᠠᠢ᠌ᠬᠠᠨ ᠶᠤᠮ ᠡ᠁ ᠪᠢᠳᠠᠨ ᠳᠤ ᠰ·ᠵᠢᠪᠬᠤᠯᠠᠩ ᠪᠣᠯᠤᠨ ᠳ·ᠪᠠᠶᠠᠰᠬᠤᠯᠠᠩ ᠢ ᠬᠠᠮᠤᠭ ᠤᠨ ᠳᠦᠷᠦᠭᠦᠨ ᠳᠠᠨᠢᠭᠤᠯᠤᠭᠰᠠᠨ ᠡᠨᠡ ᠳᠠᠭᠤᠤ ᠶᠢ ᠳᠠᠷᠠ᠂ ᠡᠨᠡ ᠣᠳᠠᠭ᠎ᠠ ᠭᠠᠭᠴᠠᠭᠠᠷ ᠶᠢᠡᠨ ᠳᠠᠭᠤᠯᠠᠯ᠎ᠠ᠁ ᠳᠠᠷᠠ ᠦᠶ᠎ᠡ ᠶᠢᠨ ᠰᠤᠶᠤᠯ ᠣᠷᠠᠯᠢᠭ ᠤᠨ ᠶᠡᠭᠡ ᠰᠤᠷᠭᠠᠭᠤᠯᠢ ᠶᠢᠨ ᠰ·ᠵᠢᠪᠬᠤᠯᠠᠩ ᠢ ᠡᠷᠭᠢᠭᠡᠳ ᠬᠠᠷᠠᠵᠤ ᠪᠠᠢ᠌ᠭ᠎ᠠ ᠰᠢᠭ᠌ ᠰᠠᠨᠠᠭᠳᠠᠪᠠ᠃ ᠵᠢᠷᠭᠤᠭᠠᠨ ᠵᠢᠯ ᠤᠨ ᠡᠮᠦᠨ᠎ᠡ ᠰ·ᠵᠢᠪᠬᠤᠯᠠᠩ᠁ ᠵᠢᠷᠭᠤᠭᠠᠨ ᠵᠢᠯ ᠤᠨ ᠳᠤᠷᠰᠢ ᠰ·ᠵᠢᠪᠬᠤᠯᠠᠩ ᠶᠠᠭᠠᠭᠢᠵᠤ ᠠᠮᠢᠳᠤᠷᠠᠵᠤ ᠶᠠᠪᠣᠭᠰᠠᠨ ᠪᠣᠯ︖ ᠣᠷᠠᠨ ᠪᠦᠳᠦᠭᠡᠯ ᠤᠨ ᠭᠢᠨᠢ ᠡᠭᠢᠯᠡᠯ ᠲᠡᠶ ᠬᠠᠮᠳᠤ ᠣᠯᠠᠨ ᠤ ᠠᠩᠬᠠᠷᠤᠯ ᠢ ᠳᠠᠳᠠᠭᠰᠠᠨ ᠰ·ᠵᠢᠪᠬᠤᠯᠠᠩ᠂ ᠳ·ᠪᠠᠶᠠᠰᠬᠤᠯᠠᠩ ᠬᠤᠶᠠᠷ ᠤᠨ ᠬᠠᠢ᠌ᠷ᠎ᠠ ᠰᠡᠳᠭᠢᠯ᠂ ᠳᠠᠳᠠᠨ ᠤ ᠰᠠᠯᠤᠯᠳᠠ᠂ ᠭᠡᠨᠡᠳᠲᠡ ᠶᠢᠨ ᠶᠡᠭᠡ ᠨᠠᠷ᠎ᠠ ᠭᠦᠡᠳᠤ᠂ ᠠᠮᠵᠢᠯᠳᠠ᠂ ᠨᠠᠢ᠌ᠵᠠ ᠨᠥᠭᠦᠤᠨ᠂ ᠳᠠᠨᠢᠯ ᠭᠡᠮᠡᠨ ᠣᠢ᠌ᠷᠠᠳᠤᠨ ᠳᠠᠳᠠᠬᠤ ᠣᠯᠠᠨ ᠦᠶ᠎ᠡ ᠳᠠᠩ ᠭᠢᠳ᠂ ᠠᠩᠬᠠᠨ ᠤ ᠠᠮᠢᠳᠤᠷᠠᠯ᠂ ᠠᠩᠬᠠᠨ ᠤ ᠪᠠᠨ ᠦᠷ᠎ᠡ ᠶᠢᠨ ᠵᠤᠯᠠᠢ ᠶᠢ ᠥᠨᠦᠷᠯᠡᠭᠦ ᠠᠪᠣ ᠪᠣᠯᠤᠭᠰᠠᠨ᠂ ᠠᠵᠠ ᠵᠢᠷᠭᠠᠯ᠂ ᠠᠯᠳᠠᠭ᠎ᠠ ᠣᠨᠤᠭ᠎ᠠ᠂ ᠬᠤᠪ ᠵᠢᠪ ᠠᠳᠠᠭᠠᠷᠬᠠᠯ᠂ ᠭᠠᠭᠴᠠᠭᠠᠷᠳᠠᠯ᠂ ᠠᠭᠢᠭᠠᠤᠨ ᠰᠠᠯᠤᠯᠳᠠ᠁ ᠮᠠᠭᠠᠤᠨ ᠦᠭᠡᠶ ᠳᠠᠷᠠ ᠡᠨᠡ ᠪᠦᠭᠦᠨ ᠢ ᠣᠮᠠᠷᠳᠠᠨ ᠠᠭᠤᠵᠢᠷᠠᠬᠤ ᠭᠡᠮᠡᠨ ᠰᠡᠳᠭᠢᠯ ᠶᠢᠡᠨ ᠠᠭᠤᠳᠠᠯᠠᠨ ᠳᠠᠭᠤᠯᠠᠮᠠᠷ ᠪᠣᠯᠵᠤ ᠪᠠᠢ᠌ᠭ᠎ᠠ ᠰᠢᠭ ᠨᠠᠳᠠ ᠰᠠᠨᠠᠭᠳᠠᠭᠰᠠᠨ ᠶᠤᠮ᠃ ᠭᠦᠮᠤᠨ ᠤ ᠠᠮᠢᠳᠤᠷᠠᠯ ᠳᠤ ᠲᠤᠬᠢᠶᠠᠯᠳᠤᠵᠤ ᠪᠣᠯᠬᠤ ᠠᠯᠳᠠᠭ᠎ᠠ ᠣᠨᠤᠭ᠎ᠠ ᠶᠢ ᠠᠮᠰᠠᠵᠤ ᠶᠠᠪᠣᠭ᠎ᠠ ᠡᠷ᠎ᠡ ᠭᠦᠮᠤᠨ ᠳᠡᠭᠦᠨ ᠢ ᠪᠢ ᠣᠢ᠌ᠯᠭᠠᠬᠤ ᠶᠢ ᠭᠢᠴᠢᠶᠡᠯ᠎ᠡ᠃ ᠦᠨᠡᠨ ᠢ ᠭᠡᠯᠡᠭᠦ ᠳᠤ ᠡᠭᠡᠨᠡᠷ ᠬᠡᠦᠬᠡᠳ ᠡᠴᠡ ᠪᠠᠨ ᠬᠤᠯᠠᠳᠠᠭᠰᠠᠨ ᠰ·ᠵᠢᠪᠬᠤᠯᠠᠩ ᠤᠨ ᠳᠤᠬᠠᠢ ᠮᠡᠳᠡᠭᠡ ᠶᠢ ᠪᠢ᠂ ᠡᠮᠡᠭ᠍ᠳᠡᠢ ᠭᠦᠮᠤᠨ ᠤ ᠬᠤᠪᠢ ᠳᠤ ᠳᠠᠭᠠᠳᠠᠢ ᠭᠦᠯᠢᠶᠡᠵᠤ ᠠᠪᠳᠠᠭ ᠦᠭᠡᠶ ᠪᠠᠢ᠌ᠭᠰᠠᠨ᠃ ᠡᠨᠡ ᠣᠳᠠᠭᠠᠨ ᠤ ᠳᠤᠭᠯᠠᠯᠳᠠ ᠶᠢ ᠥᠵᠡᠭ᠍ᠰᠡᠨ ᠦᠭᠡᠶ ᠪᠣᠯ ᠮᠢᠨᠤ ᠳᠠᠷᠠ ᠪᠣᠳᠤᠯ ᠮᠢᠨᠢ ᠭᠡᠪ ᠶᠢᠡᠷ ᠶᠢᠡᠨ ᠥᠯᠡᠳᠡᠭᠦ ᠪᠠᠢ᠌ᠭᠰᠠᠨ ᠴᠤ ᠮᠠᠭᠠᠤᠨ᠃ ᠬᠠᠷᠢᠨ ᠣᠳᠤ ᠪᠣᠯ ᠵᠠᠯᠠᠭᠤ ᠨᠠᠰᠤᠨ ᠳᠤ ᠠᠮᠰᠠᠵᠤ ᠪᠣᠯᠬᠤ ᠠᠯᠳᠠᠭᠠᠨ ᠳᠤ ᠪᠠᠭᠤᠵᠤ ᠦᠭ‍ᠭᠦᠮᠡᠷ ᠪᠣᠯᠤᠯ᠎ᠠ᠃ ᠪᠢ ᠴᠤ ᠠᠳᠠᠯᠢᠬᠠᠨ ᠵᠠᠯᠠᠭᠤ ᠭᠦᠮᠤᠨ᠂ ᠭᠡᠪᠠᠴᠤ ᠰ·ᠵᠢᠪᠬᠤᠯᠠᠩ ᠪᠢᠳᠠᠨ ᠤ ᠶᠠᠭᠤ ᠴᠤ ᠠᠮᠵᠢᠭᠤᠯᠵᠤ ᠴᠢᠳᠠᠭ᠎ᠠ ᠦᠭᠡᠶ ᠵᠠᠯᠠᠭᠤ ᠨᠠᠰᠤᠨ ᠳᠤ᠂ ᠳᠦᠷᠡᠯᠵᠡᠵᠤ ᠠᠮᠢᠳᠤᠷᠠᠵᠤ ᠪᠠᠢ᠌ᠭ᠎ᠠ ᠰᠢᠭ ᠨᠠᠳᠠ ᠰᠠᠨᠠᠭᠳᠠᠭᠰᠠᠨ ᠶᠤᠮ᠃ ᠳᠡᠭᠦᠨ ᠤ ᠥᠩᠭᠡᠷᠡᠭᠦᠯᠦᠭ᠍ᠰᠡᠨ ᠳᠡᠳᠡᠭᠡᠷ ᠡᠳᠦᠷ ᠤᠳ ᠡᠴᠡ ᠪᠠᠨ ᠭᠠᠭᠴᠠ ᠠᠪᠴᠤ ᠥᠯᠡᠳᠡᠭ᠍ᠰᠡᠨ ᠵᠣᠢ᠌ᠯ ᠨᠢ ᠭᠡᠪᠠᠯ ᠳᠡᠭᠦᠨ ᠤ ᠳᠠᠭᠤᠯᠠᠬᠤ ᠳᠠᠪᠢᠯᠠᠩ ᠴᠤ ᠶᠤᠮ ᠦᠦ ᠭᠡᠵᠤ ᠨᠠᠳᠠ ᠪᠣᠳᠤᠭᠳᠠᠭᠰᠠᠨ ᠪᠠᠢ᠌ᠵᠤ ᠪᠢᠯᠠ᠃ ᠶᠠᠷᠤ ᠨᠢ ᠳᠠᠷᠠ ᠳᠠᠭᠤᠤ ᠳᠤᠳᠤᠷ᠎ᠠ ᠪᠠᠨ ᠡᠡᠮᠢᠳᠦᠷᠡᠵᠤ᠂ ᠳᠠᠭᠤᠤ ᠳᠤᠳᠤᠷ᠎ᠠ ᠪᠠᠨ ᠵᠢᠷᠭᠠᠵᠤ ᠶᠠᠪᠣᠳᠠᠭ ᠭᠦᠮᠤᠨ ᠰᠠᠨ᠃ ᠳᠡᠭᠦᠨ ᠤ ᠰᠡᠳᠭᠢᠯ ᠤᠨ ᠣᠭ ᠡᠴᠡ ᠪᠠᠨ ᠣᠢ᠌ᠮᠤᠷᠠᠵᠤ᠂ ᠭᠡᠭᠡᠯᠵᠤ᠂ ᠭᠤᠮᠤᠳᠠᠵᠤ᠂ ᠬᠠᠢ᠌ᠷᠠᠯᠠᠵᠤ᠂ ᠳᠤᠨᠢᠵᠤ ᠪᠠᠢ᠌ᠬᠤ ᠦᠶ᠎ᠡ ᠳᠤ ᠳᠡᠭᠦᠨ ᠤ ᠳᠠᠭᠤᠨ ᠳᠤ ᠭᠦᠮᠦᠰ ᠦᠪᠡᠷ ᠤᠨ ᠡᠷᠭᠡ ᠦᠭᠡᠶ ᠣᠶᠠᠷᠠᠳᠠᠭ ᠰᠠᠨ᠃ ᠰ·ᠵᠢᠪᠬᠤᠯᠠᠩ ᠤᠨ ᠳᠠᠭᠤᠯᠠᠬᠤ ᠶᠢ ᠰᠤᠨᠤᠰᠬᠤ ᠭᠡᠵᠤ ᠣᠴᠢᠭᠰᠠᠨ ᠣᠯᠠᠨ ᠭᠦᠮᠤᠨ᠂ ᠳᠡᠭᠦᠨ ᠤ ᠳᠤᠭᠯᠠᠯᠳᠠ ᠶᠢᠨ ᠡᠳᠦᠷ ᠤᠳ ᠲᠤ ᠦᠪᠡᠷ ᠦᠪᠡᠷᠰᠠᠤᠨ ᠤᠨ ᠰᠡᠳᠭᠢᠯ ᠤᠨ ᠠᠴᠢᠶᠠᠯᠠᠯ ᠶᠢᠡᠨ ᠭᠡᠭᠡᠵᠤ᠂ ᠨᠢᠮᠭᠡᠯᠡᠵᠤ᠂ ᠣᠶᠠᠷᠠᠵᠤ ᠣᠬᠠᠭᠠᠷᠠᠭᠰᠠᠨ ᠴᠤ ᠪᠠᠢ᠌ᠵᠤ ᠮᠠᠳᠠᠨ᠎ᠠ᠃ ᠰ·ᠵᠢᠪᠬᠤᠯᠠᠩ ᠪᠠᠰᠠ ᠦᠪᠡᠷ ᠤᠨ ᠠᠯᠳᠠᠵᠤ᠂ ᠠᠯᠳᠠᠭᠤᠷᠠᠵᠤ ᠣᠳᠤᠭᠰᠠᠨ ᠠᠮᠢᠳᠤᠷᠠᠯ ᠶᠢᠡᠨ ᠣᠯᠬᠤ ᠶᠢ ᠭᠦᠰᠡᠭ᠍ᠰᠡᠨ ᠴᠤ ᠪᠠᠢ᠌ᠵᠤ ᠪᠣᠯᠬᠤ ᠶᠤᠮ᠃ ᠳᠠᠭᠤᠯᠢᠮ᠎ᠠ ᠡᠴᠡ ᠣᠳᠤᠭᠰᠠᠨ ᠳᠠᠪᠢᠯᠠᠩ ᠮᠢᠨᠢ ᠳᠠᠭᠤᠯᠠᠵᠤ ᠣᠶᠠᠷᠠᠭᠠᠤᠨ ᠣᠬᠠᠭᠠᠷᠠᠭᠰᠠᠨ ᠳᠤᠮᠳᠠᠭᠤᠷ ᠵᠢᠷᠭᠠᠯ ᠢ ᠳᠦᠭᠦᠷᠭᠡᠭᠦ ᠭᠡᠳ ᠳᠠᠭᠤᠯᠠᠵᠤ ᠯᠠ ᠶᠠᠪᠣᠭ᠎ᠠ ᠵᠠᠶᠠᠭ᠎ᠠ ᠮᠢᠨᠢ ᠠᠢ᠂ ᠠᠮᠢᠳᠤᠷᠠᠯ ᠮᠢᠨᠢ ᠡ ᠴᠢ᠂ ᠠᠶᠠᠯᠭᠤ ᠳᠠᠭᠤᠤ ᠬᠤᠭᠤᠷ ᠮᠢᠨᠢ ᠡ ᠬᠠᠳᠠᠭᠤ ᠲᠡᠶ᠂ ᠵᠥᠭᠡᠯᠡᠨ ᠲᠡᠶ ᠬᠤᠷᠸ᠎ᠠ ᠶᠢ ᠠᠷᠭᠠᠳᠠᠬᠤ ᠶᠤᠮ᠁ ᠰᠡᠳᠭᠢᠯ ᠳᠤᠮᠳᠠᠭᠤᠷ ᠶᠠᠪᠣᠭᠰᠠᠨ ᠦᠶ᠎ᠡ ᠳᠡᠭᠡᠨ ᠳᠠᠭᠤᠨ ᠡᠴᠡ ᠡᠷᠴᠢ ᠭᠦᠴᠤᠨ ᠣᠯᠵᠤ᠂ ᠠᠯᠳᠠᠭ᠎ᠠ ᠲᠡᠶ ᠣᠨᠤᠭ᠎ᠠ ᠲᠡᠶ ᠠᠮᠢᠳᠤᠷᠠᠨ᠎ᠠ》 ᠭᠡᠰᠡᠨ ᠳᠡᠭᠦᠨ ᠤ ᠰᠡᠳᠭᠢᠯ ᠶᠢᠡᠨ ᠨᠡᠭᠡᠭᠡᠭᠦ ᠶᠢ ᠭᠦᠰᠡᠭ᠍ᠰᠡᠨ ᠥᠭᠡ ᠤᠳ ᠨᠢ᠂ ᠳᠠᠭᠤᠯᠠᠬᠤ ᠡᠴᠡ ᠳᠤᠳᠠᠭᠤ ᠦᠭᠡᠶ ᠠᠩᠬᠠᠷᠤᠯ ᠣᠶᠠᠷᠠᠯ ᠢ ᠮᠢᠨᠢ ᠳᠠᠳᠠᠵᠤ ᠪᠠᠢ᠌ᠯ᠎ᠠ᠃ ᠥᠨᠡᠨᠳᠡᠭᠡᠨ ᠳᠡᠭᠦᠨ ᠤ ᠠᠯᠢᠪᠠ ᠶᠢ ᠭᠠᠢ᠌ᠬᠠᠮᠠᠷ ᠴᠤ ᠶᠤᠮ ᠪᠢᠰᠢ ᠳ᠋ᠠ᠃ ᠠᠯᠳᠠᠭ᠎ᠠ ᠦᠭᠡᠶ᠂ ᠭᠠᠭᠴᠠᠭᠠᠷᠳᠠᠯ ᠦᠭᠡᠶ ᠠᠮᠢᠳᠤᠷᠠᠯ ᠢ ᠡᠨᠡ ᠳᠡᠯᠡᠭᠡᠢ ᠳᠡᠭᠡᠷ᠎ᠡ ᠬᠠᠮᠢᠭ᠎ᠠ ᠡᠴᠡ ᠬᠠᠢ᠌ᠭᠠᠤᠨ ᠣᠯᠬᠤ ᠦᠭᠡᠶ ᠳ᠋ᠠ᠃ ᠠᠮᠢᠳᠤᠷᠠᠯ ᠭᠡᠳᠡᠭ᠌ ᠪᠣᠭᠤᠨᠢᠬᠠᠨ ᠢᠷᠠᠭᠤ ᠭᠡᠷᠡᠭ᠍ᠳᠡᠢ᠂ ᠠᠮᠵᠢᠵᠤ ᠪᠢ ᠰᠠᠢ᠌ᠨ ᠰᠠᠢ᠌ᠬᠠᠨ ᠢ ᠳᠠᠭᠤᠯᠠᠬᠤ ᠭᠡᠷᠡᠭ᠍ᠳᠡᠢ᠂ ᠠᠴᠢᠯᠠᠯ ᠡᠨᠡᠷᠢᠯ᠂ ᠠᠮᠠᠷᠠᠭ ᠬᠠᠢ᠌ᠷ᠎ᠠ᠂ ᠠᠯᠤᠰ ᠢᠷᠡᠭᠡᠳᠦᠢ ᠠᠷᠢᠭᠤᠨ ᠭᠡᠰᠡᠨ ᠪᠦᠭᠦᠨ ᠢ ᠳᠠᠭᠤᠯᠠᠵᠤ ᠥᠯᠡᠳᠡᠭᠡᠭᠦ ᠭᠡᠷᠡᠭ᠍ᠳᠡᠢ᠂ ᠠᠮᠢᠳᠤᠷᠠᠯ ᠮᠥᠩᠭᠡ ᠪᠢᠰᠢ ᠭᠡᠳᠡᠭ᠌ ᠢ ᠣᠴᠢᠷᠯᠠᠨ ᠳᠠᠭᠤᠯᠠᠬᠤ ᠭᠡᠷᠡᠭ᠍ᠳᠡᠢ᠂ ᠠᠮᠵᠢᠵᠤ ᠪᠦᠭᠦᠨ ᠢ ᠬᠠᠢ᠌ᠷᠠᠯᠠᠭᠠᠤᠨ ᠳᠠᠷᠠ ᠬᠠᠢ᠌ᠷ᠎ᠠ ᠨᠢ ᠨᠠᠳᠠ ᠳᠤ ᠳᠦᠰᠢᠭ᠌ ᠪᠣᠯᠬᠤ ᠣᠴᠢᠷ ᠲᠡᠶ᠁ ᠰ·ᠵᠢᠪᠬᠤᠯᠠᠩ ᠢᠩᠭᠢᠵᠤ ᠦᠪᠡᠷ ᠢ ᠪᠠᠨ ᠭᠡᠯᠡᠭ᠍ᠰᠡᠡᠴᠢᠯᠡᠨ ᠠᠮᠵᠢᠵᠤ ᠪᠦᠭᠦᠨ ᠢ ᠬᠠᠢ᠌ᠷᠯᠠᠭᠠᠷᠠᠢ᠁ 《ᠠᠯᠤᠰ ᠲᠤ ᠰᠠᠭᠤᠭ᠎ᠠ ᠡᠵᠢ》 《ᠠᠠᠳᠠ ᠨᠥᠭᠦᠤᠨ ᠤᠨ ᠳᠠᠭᠤᠤ》 《ᠨᠠᠰᠤᠨ ᠪᠠᠭ᠎ᠠ ᠶᠢᠨ ᠳᠤᠷᠠᠰᠤᠮᠵᠢ》 《ᠭᠦᠯ ᠦᠭᠡᠶ ᠴᠡᠩᠭᠡᠷ ᠨᠠᠭᠤᠷ》 《ᠰᠠᠷ᠎ᠠ ᠲᠡᠶ ᠰᠦᠨᠢ》 《ᠠᠪᠣ ᠪᠠᠨ ᠳᠠᠭᠤᠯᠠᠶ᠎ᠠ》 《ᠬᠠᠢ᠌ᠷᠠᠯᠠᠵᠤ ᠪᠣᠯᠬᠤ ᠦᠭᠡᠶ ᠬᠠᠢ᠌ᠷ᠎ᠠ ᠦᠦ》᠁ ᠶᠠᠮᠠᠷ ᠰᠠᠢ᠌ᠬᠠᠨ ᠳᠠᠭᠤᠤ ᠤᠳ ᠪᠣᠢ᠂ ᠶᠠᠭᠠᠭᠢᠭᠰᠠᠨ ᠰᠠᠢ᠌ᠬᠠᠨ ᠳᠠᠭᠤᠯᠠᠨ᠎ᠠ ᠪᠣᠢ᠃ ᠬᠤᠳᠠ ᠶᠢᠨ ᠭᠦᠭ᠍ᠵᠢᠮ ᠭᠡᠳᠦᠢ ᠰᠠᠢ᠌ᠬᠠᠨ ᠴᠤ᠂ ᠨᠠᠢ᠌ᠳᠠ ᠶᠢᠨ ᠳᠠᠭᠤᠤ ᠶᠢ ᠪᠢᠳᠠ ᠣᠯᠠᠨ ᠶᠢᠡᠷ ᠶᠢᠡᠨ ᠯᠠ ᠰᠤᠨᠤᠰᠳᠠᠭ ᠪᠣᠯᠤᠭᠰᠠᠨ᠃ ᠭᠡᠪᠠᠴᠤ ᠨᠠᠢ᠌ᠳᠠ ᠶᠢᠨ ᠳᠠᠭᠤᠨ ᠤ ᠡᠷᠢᠯᠳᠡ ᠭᠦᠰᠡᠯᠳᠡ ᠶᠢᠨ ᠡᠵᠡᠨ ᠨᠢ ᠰ·ᠵᠢᠪᠬᠤᠯᠠᠩ ᠪᠣᠯᠵᠤ ᠪᠠᠢ᠌ᠭᠰᠠᠨ ᠮᠠᠭᠠᠤᠨ ᠦᠭᠡᠶ᠃ ᠶᠠᠮᠠᠷ ᠴᠤ ᠪᠠᠢ᠌ᠭᠰᠠᠨ ᠰ·ᠵᠢᠪᠬᠤᠯᠠᠩ ᠳᠤ᠂ ᠰ·ᠵᠢᠪᠬᠤᠯᠠᠩ ᠤᠨ ᠳᠠᠭᠤᠤ ᠳᠤ ᠭᠦᠮᠦᠰ ᠬᠠᠢ᠌ᠷᠠᠳᠠᠢ ᠶᠤᠮ ᠪᠢᠯᠠ᠃ ᠰ·ᠵᠢᠪᠬᠤᠯᠠᠩ ᠳᠠᠭᠤᠴᠢᠨ ᠮᠠᠨᠢ ᠠᠮᠢᠳᠤᠷᠠᠯ ᠳᠤ ᠬᠠᠢ᠌ᠷᠠᠳᠠᠢ ᠶᠤᠮ ᠪᠠᠢ᠌ᠨ᠎ᠠ᠃ ᠰ·ᠵᠢᠪᠬᠤᠯᠠᠩ ᠶᠢᠡᠨ ᠡᠨᠡ ᠣᠳᠠᠭ᠎ᠠ ᠮᠠᠭᠳᠠᠬᠤ ᠶᠤᠰᠤ ᠲᠡᠶ ᠶᠤᠮ ᠪᠠᠢ᠌ᠨ᠎ᠠ᠃


(ᠳᠦᠷᠪᠠᠤᠨ ᠥᠭᠡᠯᠡᠳ ᠤᠨ ᠰᠤᠤ ᠪᠢᠯᠢᠭ᠌ ᠲᠡᠶ ᠵᠠᠯᠠᠭᠤ ᠳᠠᠭᠤᠴᠢᠨ ᠵᠢᠪᠬᠤᠯᠠᠩ ᠳᠡᠭᠦᠤ ᠶᠢᠨ ᠶᠢᠡᠨ ᠠᠯᠢᠪᠠ ᠰᠠᠢ᠌ᠨ ᠰᠠᠢ᠌ᠬᠠᠨ ᠢ ᠵᠦᠩᠨᠠᠵᠤ᠂ ᠠᠷᠢᠭᠢᠨ ᠡᠴᠡ ᠬᠤᠯᠠᠳᠠᠭᠠᠰᠠᠢ ᠭᠡᠵᠤ ᠠᠯᠤᠰ ᠡᠴᠡ ᠭᠦᠰᠡᠨ ᠳᠠᠭᠠᠳᠬᠠᠵᠤ᠂ 《ᠠᠮᠢᠳᠤᠷᠠᠯ ᠴᠢᠮ᠎ᠠ ᠳᠤ ᠬᠠᠢ᠌ᠷᠠᠳᠠᠢ》 ᠭᠡᠳᠡᠭ᠌ ᠵᠤᠬᠢᠶᠠᠯ ᠢ ᠰᠡᠳᠭᠢᠯ ᠤᠨ ᠴᠤᠭᠢᠶ᠎ᠠ ᠶᠢ ᠳᠠᠷᠤᠵᠤ ᠶᠠᠳᠠᠨ ᠺᠠᠷᠢᠯ ᠡᠴᠡ ᠨᠠᠢ᠌ᠷᠠᠭᠤᠯᠤᠨ ᠭᠦᠷᠪᠠᠭᠦᠯᠪᠠᠢ)

ᠵᠤᠬᠢᠶᠠᠭᠴᠢ᠄ ᠪᠠ᠊·ᠪᠠᠳᠮᠠᠭᠠᠷᠪᠣ
ᠬᠠᠷᠢᠶ᠎ᠠ᠄ ᠰᠤᠶᠤᠯ ᠣᠷᠠᠯᠢᠭ
ᠳᠠᠷᠤᠮ᠄ 4666
ᠴᠠᠭ᠄ 2009 ᠤᠨ ᠤ 02 ᠰᠠᠷ᠎ᠠ ᠶᠢᠨ 15