ᠰᠤᠨᠢᠷᠬᠠᠯ ᠬᠦᠨᠳᠡᠭᠰᠡᠨ ᠭᠤᠷᠪᠠᠨ ᠰᠢᠯᠦᠭ

ᠰᠢᠠᠵᠢᠶᠠᠩ ᠤᠨ ᠣᠷᠠᠨ ᠵᠤᠬᠢᠶᠠᠯ ᠤᠨ ᠬᠤᠤᠰ ᠰᠠᠷ᠎ᠠ ᠶᠢᠨ ᠰᠡᠳᠭᠦᠯ 《ᠦᠷ ᠤᠨ ᠴᠤᠯᠮᠤᠨ》 ᠤ 2013 ᠣᠨ ᠤ ᠭᠤᠷᠪᠠᠳᠤᠭᠠᠷ ᠬᠤᠭᠤᠴᠠᠭᠠᠨ ᠳᠡᠭᠡᠷ᠎ᠡ ᠨᠡᠢ᠌ᠳᠡᠯᠡᠭ᠍ᠰᠡᠨ ᠦ᠊·ᠨᠢᠮᠠᠴᠠᠷᠠᠨ ᠤ 《ᠴᠢᠮᠢ᠋ᠢ ᠪᠢ ᠵᠢᠷᠦᠭᠡᠨ ᠳᠡᠭᠡᠨ ᠨᠢᠭᠤᠭᠰᠠᠨ》᠂ ᠺᠠ᠊·ᠴᠠᠷᠠᠠᠳᠤᠷᠵᠢ ᠶᠢᠨ《ᠮᠢᠨᠤ ᠳᠤᠷᠭᠤᠳ ᠨᠤᠳᠤᠭ》᠂ ᠭᠤ᠋·ᠣᠶᠤᠳᠤ ᠶᠢᠨ 《ᠦᠬᠢᠨ ᠵᠠᠶᠠᠭᠠᠨ ᠤ ᠳᠤᠤᠯᠢ》 ᠭᠡᠮᠡᠭᠦ ᠭᠤᠷᠪᠠᠨ ᠰᠢᠯᠦᠭ᠌ ᠤᠨ ᠳᠤᠬᠠᠢ ᠰᠠᠤᠠᠭᠢᠯ ᠤᠨ ᠣᠯᠵᠠ ᠪᠠᠨ ᠬᠤᠪᠢᠶᠠᠯᠴᠠᠶ᠎ᠠ᠃ ᠤᠶᠠᠩ‍ᠭ᠎ᠠ ᠰᠡᠳᠬᠢᠯᠭᠡ᠂ ᠰᠡᠳᠭᠢᠮᠵᠢ ᠶᠢᠨ ᠣᠷ᠎ᠠ ᠳᠠᠮᠢᠷ ᠰᠢᠩᠭᠡᠭ᠍ᠰᠡᠨ ᠰᠠᠢ᠌ᠨ ᠰᠢᠯᠦᠭ᠌ ᠣᠩᠰᠢᠭᠴᠢᠳ ᠲᠤ ᠣᠶᠤᠨ ᠤ ᠭᠦᠷᠳᠡᠭᠡᠮᠵᠢ ᠪᠣᠯᠬᠤ ᠪᠠᠷ ᠪᠠᠷᠠᠬᠤ ᠦᠭᠡᠶ ᠰᠡᠳᠭᠦᠯ ᠤᠨ ᠶᠢᠡᠨ ᠨᠢᠭᠤᠷ ᠬᠠᠭᠤᠳᠠᠰᠤ ᠶᠢ ᠴᠤ ᠴᠢᠮᠠᠨ ᠳᠦᠭᠦᠷᠭᠡᠳᠡᠭ᠌ ᠣᠴᠢᠷᠳᠠᠢ᠃ ᠰᠢᠯᠦᠭ᠌ ᠭᠡᠭ᠍ᠴᠢ ᠰᠠᠤᠠᠭᠢᠯ ᠤᠨ ᠣᠶᠤᠨ ᠡᠴᠡ ᠳᠡᠯᠭᠡᠷᠡᠳᠡᠭ᠌ ᠤᠶᠠᠩ‍ᠭ᠎ᠠ ᠶᠢᠨ ᠰᠠᠷᠭᠠᠢ᠂ ᠰᠠᠷᠠᠯ ᠪᠣᠳᠤᠯ ᠡᠴᠡ ᠠᠰᠬᠠᠷᠠᠳᠠᠭ ᠨᠠᠢ᠌ᠷᠠᠭ ᠤᠨ ᠭᠡᠯᠳᠡᠰ᠃ ᠳᠡᠭᠡᠷᠡᠭᠢ ᠭᠤᠷᠪᠠᠨ ᠰᠢᠯᠦᠭ᠌ ᠲᠤ ᠳᠤᠷᠠᠯᠠᠯ ᠬᠠᠢ᠌ᠷ᠎ᠠ ᠶᠢᠨ ᠨᠢᠭᠤᠴᠠᠭᠠᠢ ᠴᠠᠪᠠᠷ ᠰᠢᠪᠠᠨᠡᠯ᠂ ᠵᠢᠷᠦᠭᠡᠨ ᠤ ᠨᠠᠮ ᠬᠡᠰᠭᠢᠷᠦᠯ᠂ ᠨᠡᠭᠦᠳᠡᠯᠴᠢᠨ ᠦᠨᠳᠦᠰᠦᠳᠠᠨ ᠤ ᠨᠤᠳᠤᠭᠰᠢᠭ ᠴᠠᠢ᠌ᠯᠭᠠᠨ ᠬᠠᠢ᠌ᠷ᠎ᠠ᠂ ᠰᠤᠶᠤᠯ ᠠᠷᠠᠠᠰᠢᠨ ᠤ ᠢᠯᠠ ᠣᠴᠢᠷᠯᠠᠯ ᠡᠵᠡᠨ ᠪᠠᠬᠠᠳᠤᠯ ᠭᠢᠭᠡᠤᠨ ᠭᠡᠦᠭᠡᠨ ᠵᠠᠶᠠᠭᠠᠨ ᠤ ᠭᠡᠭᠡᠨ ᠪᠣᠳᠤᠯ ᠪᠣᠷᠤᠭᠵᠢᠭᠤᠨ ᠭᠦᠰᠡᠯ ᠵᠢᠴᠢ ᠥᠭᠡᠳᠡᠷᠭᠡᠭ᠌ ᠰᠠᠨᠠᠭ᠎ᠠ ᠰᠢᠯᠦᠭ᠌ ᠤᠨ ᠴᠢᠮᠦᠭᠡᠨ ᠳᠤ ᠣᠷᠤᠳᠠᠯ᠎ᠠ ᠨᠠᠪᠴᠢᠵᠤ᠂ ᠣᠩᠰᠢᠭᠴᠢᠳ ᠤᠨ ᠰᠠᠤᠠᠭᠢᠯ ᠤᠨ ᠶᠤᠩᠬᠤᠷ ᠢ ᠡᠷᠭᠡ ᠦᠭᠡᠶ ᠳᠠᠳᠠᠪᠠ᠃

ᠦ᠊·ᠨᠢᠮᠠᠴᠠᠷᠠᠨ ᠤ 《ᠴᠢᠮᠠᠶ᠋ᠢ ᠪᠢ ᠵᠢᠷᠦᠭᠡᠨ ᠳᠡᠭᠡᠨ ᠨᠢᠭᠤᠭᠰᠠᠨ》 ᠭᠡᠮᠡᠭᠦ ᠰᠢᠯᠦᠭ᠌ ᠣᠷᠠᠨ ᠬᠤᠯᠪᠤᠨ ᠪᠣᠳᠤᠯᠳᠠ᠂ ᠰᠠᠤᠠᠭᠢᠯ ᠤᠨ ᠨᠠᠷᠢᠨ ᠮᠠᠳᠠᠷᠠᠮᠵᠢ᠂ ᠰᠤᠶᠤᠯ ᠰᠡᠳᠭᠢᠭᠦᠢ ᠶᠢᠨ ᠴᠤᠯᠤ ᠪᠠᠢ᠌ᠭᠠᠯᠢᠯᠢᠭ ᠰᠢᠠᠵᠢ ᠪᠠᠷ ᠶᠢᠡᠨ ᠣᠩᠰᠢᠭᠴᠢᠳ ᠤᠨ ᠣᠷᠮ᠎ᠠ ᠳᠤ ᠭᠦᠷᠦᠭ᠍ᠰᠡᠨ ᠪᠠᠢ᠌ᠨ᠎ᠠ᠃ ᠬᠠᠢ᠌ᠷᠠᠯᠠᠵᠤ ᠳᠤᠷᠠᠯᠠᠭᠰᠠᠨ ᠭᠡᠦᠭᠡᠨ ᠶᠢᠡᠨ ᠬᠠᠯᠠᠭᠤᠨ ᠡᠯᠢᠭᠡᠨ ᠳᠤ ᠪᠠᠨ ᠳᠡᠪᠠᠷᠢᠭᠡᠤᠨ ᠯᠠ ᠵᠤᠭᠰᠤᠬᠤ ᠪᠢᠰᠢ ᠬᠠᠷᠢᠨ ᠬᠠᠢ᠌ᠷᠠᠳᠠᠢ ᠵᠢᠷᠦᠭᠡᠨ ᠳᠤ ᠪᠠᠨ ᠨᠢᠭᠤᠵᠤ ᠴᠢᠳᠠᠪᠠᠯ ᠰᠠ‍‌ᠶᠢ ᠦᠨᠡᠨ ᠬᠠᠢ᠌ᠷ᠎ᠠ᠂ ᠦᠨᠢᠳᠠ ᠶᠢᠨ ᠬᠤᠯᠪᠣᠭ᠎ᠠ ᠭᠡᠭ᠍ᠴᠢ ᠳᠠᠷᠠ᠃ ᠳᠤᠰ ᠰᠢᠯᠦᠭ᠌ ᠲᠤ 《ᠶᠤᠩᠬᠤᠷ ᠳᠤᠷᠭᠠᠨ ᠣᠳᠠᠰᠤᠨ ᠤ ᠵᠠᠩᠭᠢᠶᠠᠰᠤᠨ ᠳᠤ ᠪᠢ ᠨᠢᠭᠤᠭᠰᠠᠨ》᠂ 《ᠭᠡᠨ ᠴᠤ ᠣᠷᠤᠵᠤ ᠴᠢᠳᠠᠬᠤ ᠦᠭᠡᠶ ᠵᠢᠷᠦᠭᠡᠨ ᠳᠡᠭᠡᠨ ᠴᠢᠮᠢ᠋ᠢ ᠨᠢᠭᠤᠭᠰᠠᠨ》᠂ 《ᠭᠡᠭᠡᠷ᠎ᠡ ᠶᠢᠨ ᠴᠡᠴᠡᠭ᠌ ᠤᠨ ᠭᠡᠯᠳᠡᠰ ᠲᠤ ᠦᠨᠦᠷ ᠢ ᠴᠢᠨᠢ ᠪᠢ ᠨᠢᠭᠤᠭᠰᠠᠨ》᠂ 《ᠠᠯᠢᠮ᠎ᠠ ᠰᠢᠭ ᠪᠣᠠᠳᠤᠭᠤᠷ ᠬᠠᠴᠠᠷ ᠢ ᠴᠢᠨᠢ ᠣᠷᠤᠭᠤᠯ ᠳᠠᠭᠠᠨ ᠪᠢ ᠨᠢᠭᠤᠭᠰᠠᠨ》᠂ 《ᠰᠠᠯᠭᠢᠨ ᠳᠤ ᠭᠡᠢ᠌ᠰᠦᠭ᠍ᠰᠡᠨ ᠦᠰᠦ ᠶᠢ ᠴᠢᠨᠢ ᠵᠡᠷᠭᠡᠯᠭᠡᠨ ᠳᠤ ᠪᠢ ᠨᠢᠭᠤᠭᠰᠠᠨ》᠂ 《ᠡᠪᠦᠯ ᠤᠨ ᠵᠤᠵᠠᠭᠠᠨ ᠴᠠᠰᠤᠨ ᠳᠤᠤᠷ᠎ᠠ ᠠᠮᠢᠯᠠᠭᠤᠯᠵᠤ ᠪᠢ ᠨᠢᠭᠤᠭᠰᠠᠨ》᠂ 《ᠬᠤᠤᠰ ᠠᠯᠠᠭ ᠬᠠᠷᠠᠴᠠ ᠶᠢ ᠴᠢᠨᠢ ᠰᠤᠷᠮᠤᠰᠤᠨ ᠳᠠᠭᠠᠨ ᠪᠢ ᠨᠢᠭᠤᠭᠰᠠᠨ》᠂ 《ᠨᠠᠷᠢᠬᠠᠨ ᠴᠠᠭᠠᠨ ᠬᠤᠷᠤᠭᠤ ᠶᠢ ᠴᠢᠨᠢ ᠠᠯᠠᠭᠠᠨ ᠳᠠᠭᠠᠨ ᠪᠢ ᠨᠢᠭᠤᠭᠰᠠᠨ》 ᠭᠡᠮᠡᠭᠦ ᠰᠤᠩᠭ᠋ᠤᠳᠠᠭ ᠮᠦᠷ ᠤᠳ ᠪᠣᠢ᠃ ᠠᠮᠢᠳᠤᠷᠠᠯ ᠳᠤ ᠠᠮᠠᠷᠠᠭ ᠬᠤᠩᠭ᠋ᠤᠷ ᠭᠡᠦᠭᠡᠨ ᠤ ᠪᠠᠨ ᠠᠯᠢᠮᠠᠨ ᠪᠣᠠᠳᠤᠭᠤᠷ ᠬᠠᠴᠠᠷ ᠡᠴᠡ ᠦᠨᠦᠰᠤᠨ ᠰᠢᠮᠡᠭᠦ ᠳᠤᠷᠠᠳᠠᠢ ᠵᠠᠯᠠᠭᠤ ᠠᠷᠪᠢᠨ ᠴᠤ ᠠᠮᠳᠠ ᠶᠢ ᠨᠢ ᠠᠷᠢᠭᠤᠨ ᠵᠢᠷᠦᠭᠡ ᠪᠠᠷ ᠶᠢᠡᠨ ᠮᠠᠳᠠᠷᠠᠵᠤ᠂ ᠠᠮᠠ ᠣᠷᠤᠭᠤᠯ ᠳᠤ ᠪᠠᠨ ᠰᠢᠩᠭᠡᠳᠡᠯ᠎ᠡ ᠨᠢᠭᠤᠵᠤ ᠴᠢᠳᠠᠬᠤ ᠭᠦᠮᠤᠨ ᠬᠤᠪᠣᠷ ᠪᠠᠢ᠌ᠬ᠎ᠠ ᠳ᠋ᠠ᠃ ᠭᠡᠳᠡᠯ᠎ᠡ ᠰᠢᠯᠦᠭ᠍ᠴᠢ ᠳᠤ ᠡᠢ᠌ᠮᠤ ᠡᠷᠳᠡᠮ ᠪᠠᠯᠠᠨ ᠪᠠᠢ᠌ᠨ᠎ᠠ᠃ ᠨᠢᠭᠤᠵᠤ ᠴᠢᠳᠠᠳᠠᠭ ᠦᠭᠡᠶ ᠳᠤᠷᠠᠯᠠᠯ ᠬᠠᠢ᠌ᠷ᠎ᠠ ᠪᠠᠨ ᠨᠢᠭᠤᠵᠤ ᠴᠢᠳᠠᠭᠰᠠᠨ ᠳᠤ ᠪᠠᠢ᠌ᠨ᠎ᠠ᠃ ᠨᠢᠭᠤᠬᠤ ᠨᠢᠭᠤᠬᠤ ᠳᠤ ᠪᠠᠨ ᠭᠡᠨ ᠴᠤ ᠣᠷᠤᠵᠤ ᠪᠣᠯᠬᠤ ᠦᠭᠡᠶ᠂ ᠭᠡᠵᠢᠶ᠎ᠡ ᠴᠤ ᠬᠤᠯᠠᠭᠠᠢ᠌ᠯᠠᠵᠤ ᠴᠢᠳᠠᠬᠤ ᠦᠭᠡᠶ ᠵᠢᠷᠦᠭᠡᠨ ᠤ ᠭᠦᠨ ᠳᠤ ᠪᠠᠨ ᠨᠢᠭᠤᠵᠤ ᠴᠢᠳᠠᠭᠰᠠᠨ ᠳᠤ ᠪᠠᠢ᠌ᠨ᠎ᠠ᠃ ᠣᠷᠤᠨ ᠵᠠᠢ᠂ ᠴᠠᠭ ᠬᠤᠭᠤᠴᠠᠭ᠎ᠠ ᠳᠤ ᠭᠦᠯᠢᠶᠡᠰᠦᠯᠡᠭ᠍ᠳᠡᠭ᠍ᠰᠡᠨ ᠦᠭᠡᠶ ᠬᠠᠢ᠌ᠷ᠎ᠠ ᠶᠢᠨ ᠠᠯᠳᠠᠨ ᠥᠭᠡᠰ ᠡ᠊ᠨᠳᠡ ᠶᠠᠮᠠᠷᠴᠤ ᠬᠤᠷᠢᠭ᠎ᠠ ᠴᠡᠭᠡᠷ ᠦᠭᠡᠶ ᠪᠠᠷ ᠪᠢᠯᠢᠭ᠌ ᠤᠨ ᠬᠠᠭᠤᠳᠠᠰᠤᠨ ᠳᠡᠭᠡᠭᠦᠷ ᠠᠰᠬᠠᠷᠠᠨ ᠪᠦᠮᠪᠦᠷᠢᠵᠡᠢ᠃ ᠣᠶᠤᠨ ᠤ ᠭᠠᠯ ᠳᠤ ᠰᠢᠷᠭᠡᠭᠡᠵᠤ᠂ ᠪᠢᠯᠢᠭ᠌ ᠤᠨ ᠭᠡ ᠳᠠᠭᠠᠷᠠᠭᠤᠯᠤᠭᠰᠠᠨ ᠰᠢᠯᠦᠭ᠌ ᠤᠨ ᠨᠢᠳᠤ ᠭᠡᠭ᠍ᠴᠢ ᠡᠨᠡ ᠬᠠᠷ᠎ᠠ ᠣᠬᠠᠭᠠᠨ ᠶᠢᠡᠷ ᠪᠣᠳᠤᠬᠤ ᠳᠤ ᠳᠤᠷᠠᠯᠠᠵᠤ ᠰᠠᠨᠠᠭᠰᠠᠨ ᠭᠡᠦᠭᠡᠨ ᠤ ᠪᠠᠨ ᠭᠠᠷ ᠡᠴᠡ ᠠᠤᠠᠬᠤᠵᠤ ᠪᠣᠯᠤᠨ᠎ᠠ᠃ ᠬᠠᠷᠢᠨ ᠨᠢᠭᠤᠵᠤ ᠴᠢᠳᠠᠬᠤ ᠡᠷᠳᠡᠮ ᠭᠡᠨ ᠳᠤ ᠪᠠᠢ᠌ᠨ᠎ᠠ ⁉ ᠮᠢᠬᠠᠨ ᠪᠠᠶ᠎ᠠ ᠶᠢᠨ ᠡᠰ ᠪᠦᠭᠦᠨ ᠳᠤ ᠰᠢᠩᠭᠡᠨ ᠠᠭᠤᠰᠴᠤ ᠢᠳᠡᠭᠡᠯ ᠭᠦᠰᠡᠯ᠂ ᠵᠡᠭᠦᠳᠤ ᠰᠦᠨᠠᠰᠤᠨ ᠳᠤ ᠣᠷᠤᠳᠠᠯ᠎ᠠ ᠬᠠᠳᠠᠭᠠᠯᠠᠭᠳᠠᠨ ᠨᠢᠭᠤᠭᠳᠠᠭᠰᠠᠨ ᠦᠨᠡᠨ ᠬᠠᠢ᠌ᠷ᠎ᠠ ᠡᠢ᠌ᠮᠤ ᠪᠠᠢ᠌ᠬᠤ ᠳᠤ ᠪᠠᠨ ᠳᠠᠭᠠᠷᠠᠨ᠎ᠠ᠃ ᠳᠡᠭᠡᠭᠡᠤᠨ ᠦᠨᠡᠠᠴᠢ ᠬᠠᠢ᠌ᠷ᠎ᠠ᠂ ᠳᠡᠪᠠᠷᠡᠩᠭᠦᠢ ᠰᠡᠳᠬᠢᠯ᠂ ᠳᠡᠭ᠍ᠵᠢᠨ ᠰᠠᠨᠠᠭ᠎ᠠ ᠪᠠᠷ ᠰᠢᠯᠦᠭ᠌ ᠤᠨ ᠮᠦᠷ ᠪᠠᠳᠠᠭ ᠶᠢᠡᠨ ᠴᠡᠨᠡᠭᠯᠡᠵᠤ ᠴᠢᠳᠠᠭᠰᠠᠨ ᠨᠢ ᠪᠠᠬᠠᠷᠬᠠᠯᠳᠠᠢ᠃

ᠭᠡᠯᠡ᠂ ᠰᠤᠶᠤᠯ᠂ ᠬᠠᠢ᠌ᠷ᠎ᠠ ᠪᠠᠨ ᠰᠢᠩᠭᠡᠭ᠍ᠰᠡᠨ ᠺᠠ᠊·ᠴᠠᠷᠠᠠᠳᠤᠷᠵᠢ ᠶᠢᠨ 《ᠮᠢᠨᠤ ᠳᠤᠷᠭᠤᠳ ᠨᠤᠳᠤᠭ》 ᠭᠡᠭᠦ ᠰᠢᠯᠦᠭ᠌ ᠴᠤ ᠰᠠᠤᠠᠭᠢᠯ ᠣᠶᠤᠨ ᠡᠴᠡ ᠳᠦᠭᠡᠨᠡᠭᠡᠤᠨ ᠠᠪᠳᠠᠭ ᠨᠢ ᠵᠢᠭ᠍ᠳᠡᠢ᠃ ᠰᠢᠯᠦᠭ᠌ ᠲᠤ ᠰᠢᠯᠦᠭ᠍ᠴᠢ ᠭᠤᠸᠠᠢ ᠳᠤᠷᠭᠤᠳ ᠨᠤᠳᠤᠭ ᠤᠨ ᠳᠤᠰᠤᠨ ᠭᠦᠷᠦᠰᠤᠨ ᠡᠴᠡ ᠦᠨᠳᠦᠰᠦᠯᠠᠨ ᠥᠷᠡᠯᠡᠭ᠍ᠰᠡᠨ ᠳᠡᠦᠭᠡ ᠰᠤᠶᠤᠯ᠂ ᠶᠤᠰᠤ ᠳᠠᠤᠠᠬᠠᠯ᠂ ᠠᠷᠠᠤᠨ ᠤᠨ ᠵᠠᠩᠰᠢᠯ ᠶᠢᠡᠨ ᠨᠤᠳᠤᠭᠰᠢᠭ ᠬᠠᠢ᠌ᠷ᠎ᠠ ᠶᠢᠨ ᠠᠷᠢᠭᠤᠨ ᠭᠠᠯ ᠳᠤ ᠰᠢᠷᠭᠠᠭᠠᠨ ᠪᠣᠯᠪᠠᠰᠤᠷᠠᠭᠤᠯᠵᠤ᠂ ᠣᠤᠭᠠᠯ ᠭᠡᠯᠡᠨ ᠤ ᠪᠠᠨ ᠢᠳᠠ ᠭᠦᠴᠤᠨ ᠳᠤ ᠳᠦᠰᠢᠭᠯᠡᠨ ᠠᠮᠢᠯᠠᠭᠤᠯᠤᠨ ᠪᠣᠰᠬᠠᠵᠠᠢ᠃ ᠠᠭᠤᠯᠭ᠎ᠠ ᠪᠠᠶᠠᠯᠢᠭ᠂ ᠪᠠᠭᠳᠠᠭᠠᠮᠵᠢ ᠰᠠᠢ᠌ᠳᠠᠢ᠂ ᠰᠤᠶᠤᠯᠯᠢᠭ ᠣᠬᠠᠮᠰᠠᠷ ᠶᠢᠡᠷ ᠴᠢᠩᠭ᠎ᠠ᠂ ᠣᠶᠤᠠᠯᠢᠭ ᠳᠤᠩᠭ᠋ᠠᠭᠠᠯᠳᠠ ᠪᠠᠷ ᠭᠦᠨ ᠰᠢᠯᠦᠭ᠍ᠴᠢ ᠡᠴᠡ ᠡ᠊ᠨᠳᠡ ᠳᠡᠦᠭᠡ ᠰᠤᠶᠤᠯ ᠤᠨ ᠬᠠᠮᠢᠶᠠᠳᠠᠢ ᠵᠣᠢ᠌ᠯ᠂ ᠠᠮᠠᠨ ᠰᠤᠶᠤᠯ᠂ ᠪᠠᠭᠠᠳᠤᠷᠯᠢᠭ ᠳᠤᠤᠯᠢ᠂ ᠠᠮᠢᠳᠤᠷᠠᠯ ᠤᠨ ᠴᠡᠭᠡᠷ ᠶᠤᠰᠤ᠂ ᠬᠤᠪᠴᠠᠰᠤ ᠵᠠᠰᠠᠯ ᠤᠨ ᠰᠤᠶᠤᠯ ᠢ ᠪᠦᠷ ᠨᠢᠭᠡ ᠣᠤᠠᠬ᠎ᠠ ᠶᠢᠨ ᠵᠠᠢ ᠳᠤ ᠬᠠᠮᠤᠷᠤᠨ ᠪᠠᠭᠳᠠᠭᠠᠭᠰᠠᠨ ᠨᠢ ᠦᠨᠡᠯᠠᠯᠳᠠᠢ᠃ ᠰᠢᠯᠦᠭ᠌ ᠲᠤ 《ᠳᠠᠷᠴᠤᠭ ᠤᠨ ᠰᠠᠯᠭᠢ ᠪᠠᠷ ᠭᠡᠢ᠌ᠮᠦᠷᠢ ᠪᠠᠨ ᠰᠡᠷᠭᠦᠭᠡᠳᠡᠭ᠌ ᠮᠢᠨᠤ ᠳᠤᠷᠭᠤᠳ ᠨᠤᠳᠤᠭ/ ᠳᠠᠯᠠᠯᠭ᠎ᠠ ᠶᠢᠨ ᠰᠤᠮᠤ ᠪᠠᠷ ᠭᠡᠰᠢᠭ᠌ ᠶᠢᠡᠨ ᠳᠠᠭᠤᠳᠠᠳᠠᠭ ᠮᠢᠨᠤ ᠳᠤᠷᠭᠤᠳ ᠨᠤᠳᠤᠭ/ ᠳᠤᠮᠪᠣᠷ ᠤᠨ ᠭᠡᠯᠡ ᠪᠠᠷ ᠳᠤᠳᠤᠷᠠᠭᠢ ᠪᠠᠨ ᠳᠡᠯᠭᠡᠳᠡᠭ᠌ ᠮᠢᠨᠤ ᠳᠤᠷᠭᠤᠳ ᠨᠤᠳᠤᠭ》᠂ 《ᠣᠷᠤᠩᠭ᠋ᠤ ᠶᠢᠨ ᠡᠪᠠᠷ ᠶᠢᠡᠷ ᠣᠳᠤᠷ ᠤᠨ ᠪᠠᠭᠤᠷᠢ ᠪᠠᠨ ᠳᠡᠮᠳᠡᠭᠯᠡᠳᠡᠭ᠌/ ᠣᠪᠣᠭᠠᠨ ᠴᠢᠯᠠᠭᠤ ᠪᠠᠷ ᠣᠩᠭ᠋ᠤᠳ ᠳᠡᠭ᠍ᠷᠢ ᠲᠡᠶ ᠪᠠᠶᠠᠰᠤᠯᠴᠠᠳᠠᠭ》᠂ 《ᠡᠮᠡᠭᠡᠯ ᠤᠨ ᠬᠤᠶᠠᠷ ᠪᠦᠭᠦᠷᠭᠡ ᠳᠡᠭᠡᠷ᠎ᠡ ᠡᠷᠳᠡᠮ ᠤᠨ ᠴᠣᠢ᠌ᠷᠸ᠎ᠠ ᠬᠠᠶᠠᠯᠴᠠᠳᠠᠭ》᠂ 《ᠬᠠᠷᠠᠬᠤ ᠳᠦᠷᠪᠡᠨ ᠵᠥᠭ᠌ ᠶᠢᠡᠨ ᠬᠠᠷᠠᠭᠠᠴᠢ ᠶᠢᠨ ᠰᠢᠷ᠎ᠠ ᠨᠠᠷᠠ ᠪᠠᠷ ᠳᠡᠮᠳᠡᠭᠯᠡᠳᠡᠭ᠌》 ᠭᠡᠭᠦ ᠮᠦᠷ ᠪᠠᠳᠠᠭ ᠤᠳ ᠪᠣᠢ᠃ ᠵᠢᠩᠭᠢᠨᠢ ᠮᠤᠩᠭ᠋ᠤᠯ ᠠᠮᠢᠳᠤᠷᠠᠯ ᠳᠤ ᠢᠳᠡᠭᠡᠰᠢᠵᠤ᠂ ᠮᠤᠩᠭ᠋ᠤᠯ ᠵᠠᠩ ᠰᠤᠶᠤᠯ ᠶᠢᠡᠨ ᠣᠢ᠌ᠯᠠᠭᠠᠵᠤ ᠮᠡᠳᠡᠳᠡᠭ᠌ ᠰᠢᠯᠦᠭ᠍ᠴᠢ ᠶᠢᠨ ᠭᠠᠷ ᠡᠴᠡ ᠯᠠ ᠡᠢ᠌ᠮᠦᠷᠭᠦ ᠵᠢᠷᠦᠭᠡᠨ ᠳᠤ ᠭᠦᠷᠦᠮᠡᠷ ᠳᠤᠰᠤᠨ ᠰᠢᠷᠭᠠᠯ ᠨᠠᠢ᠌ᠷᠠᠭ ᠭᠠᠷᠬᠤ ᠨᠢ ᠦᠨᠡᠠᠳᠠᠢ᠃ ᠴᠠᠪᠠᠷ ᠮᠤᠩᠭ᠋ᠤᠯ ᠰᠡᠳᠭᠢᠭᠦᠢ ᠭᠡᠭ᠍ᠴᠢ ᠡᠨᠡ ᠪᠣᠶᠤ ᠳᠡᠭᠡᠭᠡᠤᠨ ᠭᠡᠯᠡ ᠭᠡᠯᠡᠯᠭᠡ ᠨᠢ ᠪᠣᠷᠤᠭᠵᠢᠭᠤᠨ ᠣᠢ᠌ᠯᠠᠭᠠᠮᠵᠢᠳᠠᠢ᠂ ᠨᠤᠳᠤᠭᠰᠢᠭ ᠳᠤᠳᠤᠨᠤ᠂ ᠠᠮᠢᠳᠤ ᠳᠦᠷᠰᠦᠯᠢᠭ᠌ ᠪᠠᠢ᠌ᠭ᠎ᠠ ᠨᠢ ᠶᠡᠭᠡ ᠠᠶᠠᠳᠠᠢ᠌ᠬᠠᠨ᠃ ᠡ᠊ᠨᠳᠡ ᠭᠠᠷᠴᠤ ᠪᠠᠢ᠌ᠭ᠎ᠠ 《ᠳᠠᠷᠴᠤᠭ᠂ ᠳᠤᠯᠢᠭ᠂ ᠬᠠᠰᠠᠪᠴᠢ᠂ ᠱᠤᠷᠤᠯᠭ᠎ᠠ᠂ ᠭᠡᠪᠳᠡᠢ᠂ ᠬᠤᠷᠭᠤᠨ᠂ ᠬᠠᠷᠠᠭᠠᠴᠢ》 ᠵᠡᠷᠭᠡ ᠣᠷᠤᠨ ᠨᠤᠳᠤᠭ ᠤᠨ ᠶᠠᠷᠢᠶᠠᠨ ᠤ ᠭᠡᠯᠡ ᠭᠡᠯᠡᠯᠭᠡ ᠪᠣᠯ ᠳᠠᠷᠠ ᠴᠡᠭ᠌ ᠶᠢᠡᠷ ᠶᠢᠡᠨ ᠡᠪᠦᠭᠡ ᠳᠡᠭᠡᠳᠦᠰ ᠤᠨ ᠪᠦᠳᠦᠭᠡᠭ᠍ᠰᠡᠨ ᠦᠪ ᠰᠤᠶᠤᠯ ᠤᠨ ᠠᠮᠢᠳᠤ ᠴᠢᠯᠠᠭᠤᠵᠢᠮᠠᠯ ᠶᠤᠮ᠃ ᠣᠳᠤᠬᠠᠨ ᠳᠤ ᠵᠥᠪᠭᠡᠨ ᠰᠢᠠᠵᠢᠶᠠᠩ ᠤᠨ ᠣᠢ᠌ᠷᠠᠤᠨ᠂ ᠳᠡᠭᠡᠳᠤ ᠮᠤᠩᠭ᠋ᠤᠯ᠂ ᠠᠯᠠᠱᠠ ᠶᠢᠨ ᠳᠤᠷᠭᠤᠳ ᠵᠡᠷᠭᠡ ᠭᠠᠵᠠᠷ ᠣᠷᠤᠨ ᠶᠢᠡᠷ ᠡᠳᠡᠭᠡᠷ ᠥᠭᠡᠰ ᠢ ᠭᠡᠷᠡᠭᠯᠡᠵᠤ ᠪᠣᠢ᠃ ᠺᠠ᠊·ᠴᠠᠷᠠᠠᠳᠤᠷᠵᠢ ᠡᠴᠡ ᠡᠢ᠌ᠮᠦᠷᠭᠦ ᠨᠤᠳᠤᠭ ᠤᠨ ᠠᠮᠢᠳᠤ ᠶᠠᠷᠢᠶᠠᠨ ᠤ ᠭᠡᠯᠡ ᠪᠠᠨ ᠰᠢᠯᠦᠭ᠌ ᠪᠦᠳᠦᠭᠡᠯ ᠳᠤ ᠪᠠᠨ ᠣᠬᠠᠮᠰᠠᠷ ᠲᠡᠶ ᠪᠠᠷ ᠵᠠᠷᠤᠵᠤ ᠭᠡᠷᠡᠭᠯᠡᠭ᠍ᠰᠡᠨ ᠨᠢ ᠥᠨᠡᠯᠡᠭᠦᠰᠢᠳᠡᠢ᠃ ᠪᠢᠳᠠ ᠰᠤᠶᠤᠯ ᠶᠢᠡᠨ ᠬᠠᠮᠠᠭᠠᠯᠠᠬᠤ ᠭᠡᠪᠠᠯ ᠭᠡᠯᠡ ᠪᠠᠨ ᠬᠠᠮᠠᠭᠠᠯᠠᠬᠤ ᠡᠴᠡ ᠭᠠᠷᠳᠠᠬᠤ ᠭᠡᠷᠡᠭ᠍ᠳᠡᠢ᠃

ᠣᠶᠤᠨ ᠤ ᠭᠦᠨᠡᠰᠤ ᠪᠠᠷ ᠭᠠᠠᠵᠤᠭ᠎ᠠ ᠪᠠᠨ ᠳᠦᠭᠦᠷᠭᠡᠵᠤ᠂ ᠥᠭᠢᠨ ᠵᠠᠶᠠᠭᠠᠨ ᠳᠤ ᠪᠠᠨ ᠣᠮᠤᠭᠰᠢᠨ ᠶᠠᠪᠣᠭ᠎ᠠ ᠰᠠᠤᠠᠭᠢᠯ ᠳᠤ ᠪᠠᠨ ᠭᠠᠯ ᠲᠡᠶ ᠣᠢ᠌ᠷᠠᠤᠨ ᠪᠦᠰᠡᠭᠦᠢ ᠨᠠᠢ᠌ᠷᠠᠭᠴᠢ ᠊᠊᠊᠊᠊᠊᠊᠊᠊᠊᠊᠊᠊᠊᠊ ᠭᠤ᠋·ᠣᠶᠤᠳᠤ ᠶᠢᠨ 《ᠦᠬᠢᠨ ᠵᠠᠶᠠᠭᠠᠨ ᠤ ᠳᠤᠤᠯᠢ》 ᠵᠢ ᠳᠤᠷᠠᠤᠠᠬᠤ ᠶᠤᠰᠤᠳᠠᠢ᠃ ᠳᠤᠰ ᠰᠢᠯᠦᠭ᠌ ᠪᠦᠰᠡᠭᠦᠢ ᠭᠦᠮᠤᠨ ᠤ ᠠᠭᠤᠵᠢᠮ ᠪᠣᠳᠤᠯ᠂ ᠦᠯᠡᠮᠵᠢ ᠬᠠᠢ᠌ᠷ᠎ᠠ᠂ ᠥᠭ᠍‍ᠭᠢᠶᠡᠮᠦᠷ ᠰᠠᠤᠠᠭᠢᠯ᠂ ᠨᠠᠷᠢᠨ ᠣᠢ᠌ᠯᠠ ᠶᠢ ᠰᠠᠤᠠᠭᠢᠯ ᠳᠤ ᠴᠡᠴᠡᠭᠯᠡᠳᠡᠯ᠎ᠡ ᠵᠢᠷᠤᠭᠯᠠᠵᠤ᠂ ᠦᠬᠢᠨ ᠵᠠᠶᠠᠭᠠᠨ ᠳᠤ ᠪᠠᠨ ᠭᠤᠳᠤᠷᠠᠬᠤ ᠪᠢᠰᠢ ᠬᠠᠷᠢᠨ ᠣᠮᠤᠭᠰᠢᠨ ᠪᠠᠶᠠᠰᠴᠤ ᠶᠠᠪᠣᠭ᠎ᠠ ᠣᠶᠤᠨ ᠪᠣᠳᠤᠯ ᠤᠨ ᠬᠠᠨᠤᠮᠰᠢᠯ ᠶᠢᠡᠨ ᠣᠷᠠᠨ ᠪᠦᠰᠡᠭᠦᠢ ᠶᠢᠨ ᠭᠠᠷ ᠶᠢᠡᠷ ᠨᠠᠢ᠌ᠷᠠᠭ ᠤᠨ ᠳᠤᠷᠭᠠᠨ ᠳᠡᠭᠡᠭᠦᠷ ᠱᠠᠭᠯᠠᠨ ᠥᠵᠡᠭᠦᠯᠦᠭ᠍ᠰᠡᠨ ᠨᠢ ᠭᠠᠢ᠌ᠬᠠᠯᠳᠠᠢ᠃ 《ᠳᠤᠪᠴᠢ ᠶᠢᠨ ᠳᠦᠷᠪᠡᠨ ᠨᠥᠭᠡ ᠪᠠᠷ ᠠᠮᠢᠳᠤᠷᠠᠯ ᠤᠨ ᠬᠠᠳᠠᠭᠤ ᠶᠢ ᠰᠥᠪᠠᠯᠡᠭ᠍ᠰᠡᠨ/ ᠳᠤᠷᠭᠠᠨ ᠬᠠᠠᠵᠢᠶᠠᠷ ᠤᠨ ᠡᠮᠵᠢᠶᠡᠷᠢ ᠳᠡᠭᠡᠷ᠎ᠡ ᠬᠠᠢ᠌ᠷ᠎ᠠ ᠪᠠᠨ ᠱᠠᠭᠯᠠᠨ ᠣᠶᠤᠭᠰᠠᠨ/ ᠦᠬᠢᠨ ᠵᠠᠶᠠᠭ᠎ᠠ ᠊᠊᠊᠊᠊᠊᠊᠊᠊᠊᠊᠊᠊᠊᠊ ᠣᠷᠴᠢᠯᠠᠩ ᠤᠨ ᠬᠠᠭᠠᠰ ᠳᠤᠯᠭᠠᠭᠤᠷᠢ》 ᠠᠮᠢᠳᠤᠷᠠᠯ ᠤᠨ ᠬᠠᠳᠠᠭᠤ ᠶᠢ ᠳᠤᠪᠴᠢ ᠶᠢᠨ ᠨᠥᠭᠡ ᠪᠠᠷ ᠰᠦᠪᠡᠯᠠᠨ ᠣᠶᠠᠷᠠᠭᠠᠵᠤ᠂ ᠬᠠᠢ᠌ᠷ᠎ᠠ ᠶᠢᠨ ᠥᠭᠡᠰ ᠶᠢᠡᠨ ᠬᠠᠠᠵᠢᠶᠠᠷ ᠤᠨ ᠡᠮᠵᠢᠶᠡᠷᠢ ᠳᠡᠭᠡᠷ᠎ᠡ ᠱᠠᠭᠯᠠᠨ ᠣᠶᠤᠬᠤ ᠣᠷᠠᠨ ᠣᠢ᠌ᠯᠠ ᠶᠢ ᠣᠬᠠᠭᠠᠠᠳᠤ ᠮᠤᠩᠭ᠋ᠤᠯ ᠪᠦᠰᠡᠭᠦᠢ ᠯᠠ ᠪᠠᠶᠡᠯᠡᠭᠦᠯᠵᠤ ᠴᠢᠳᠠᠨ᠎ᠠ ᠪᠢᠵᠠ ⁈ ᠠᠮᠢᠳᠤᠷᠠᠯ ᠤᠨ ᠣᠯᠠ ᠪᠠᠨ ᠣᠢ᠌ᠯᠠ ᠶᠢᠨ ᠬᠠᠢ᠌ᠴᠢ ᠪᠠᠷ ᠡᠰᠭᠡᠨ ᠵᠣᠢ᠌ᠵᠤ᠂ ᠠᠯᠳᠠᠨ ᠵᠠᠶᠠᠭ᠎ᠠ ᠪᠠᠨ ᠪᠦᠪᠠᠢ ᠶᠢᠨ ᠳᠠᠭᠤᠤ ᠪᠠᠷ ᠪᠠᠶᠠᠰᠬᠠᠨ ᠢᠨᠢᠶᠡᠯᠭᠡᠭᠦ ᠭᠡᠰᠡᠨ ᠥᠭᠡᠳᠡᠷᠭᠡᠭ᠌ ᠳᠡᠭ᠍ᠵᠢᠨ ᠰᠠᠨᠠᠭ᠎ᠠ ᠰᠢᠯᠦᠭ᠌ ᠤᠨ ᠮᠦᠷ ᠡᠴᠡ ᠭᠢᠯᠠᠯᠵᠠᠨ ᠪᠠᠢ᠌ᠨ᠎ᠠ᠃ 《ᠣᠶᠠᠬᠠᠨ ᠬᠤᠩᠭ᠋ᠤᠷ ᠰᠠᠤᠠᠭᠢᠯ ᠮᠢᠨᠢ ᠴᠡᠴᠡᠭ᠌ ᠤᠨ ᠥᠩᠭᠡ ᠳᠠᠢ/ ᠴᠢᠯᠠᠭᠤᠨ ᠤ ᠬᠠᠳᠠᠭᠤ ᠢᠳᠡᠭᠡᠯ ᠮᠢᠨᠢ ᠣᠰᠤᠨ ᠤ ᠳᠡᠮᠳᠡᠭ᠌ ᠳᠠᠢ/ ᠭᠦᠮᠤᠨ ᠤ ᠠᠷᠢᠭᠤᠨ ᠮᠦᠰᠤ ᠮᠢᠨᠢ ᠰᠦ᠋ ᠶᠢᠨ ᠦᠨᠦᠷ ᠳᠠᠢ/ ᠠᠪᠠᠢ ᠭᠡᠷᠡᠯ ᠵᠢᠰᠤ ᠮᠢᠨᠢ ᠳᠤᠤᠯᠢ ᠶᠢᠨ ᠭᠡᠭᠡ ᠲᠡᠶ》 ᠡ᠊ᠨᠳᠡ ᠪᠦᠰᠡᠭᠦᠢ ᠭᠦᠮᠤᠨ ᠤ ᠴᠡᠴᠡᠭ᠌ ᠤᠨ ᠥᠩᠭᠡ ᠲᠡᠶ ᠰᠠᠤᠠᠭᠢᠯ᠂ ᠣᠰᠤᠨ ᠤ ᠳᠡᠮᠳᠡᠭ᠌ ᠲᠡᠶ ᠢᠳᠡᠭᠡᠯ᠂ ᠰᠦ᠋ ᠶᠢᠨ ᠦᠨᠦᠷ ᠲᠡᠶ ᠭᠦᠮᠤᠨ ᠮᠦᠰᠤ᠂ ᠳᠤᠤᠯᠢ ᠶᠢᠨ ᠭᠡᠭᠡ ᠲᠡᠶ ᠭᠡᠦᠭᠡᠨ ᠵᠢᠰᠤ ᠶᠢ ᠶᠠᠭᠠᠭᠢᠵᠤ ᠰᠠᠢ᠌ᠬᠠᠨ ᠥᠵᠡᠭᠦᠯᠦᠭ᠍ᠰᠡᠨ ᠭᠡᠵᠤ ᠰᠠᠨᠠᠨ᠎ᠠ︖ ᠭᠡᠯᠡᠨ ᠳᠤ ᠪᠠᠨ ᠷᠢᠳᠢ ᠲᠡᠶ᠂ ᠣᠶᠤᠨ ᠳᠤ ᠪᠠᠨ ᠰᠢᠳᠢ ᠲᠡᠶ ᠪᠦᠰᠡᠭᠦᠢ ᠨᠠᠢ᠌ᠷᠠᠭᠴᠢ ᠶᠢᠨ ᠭᠠᠷ ᠡᠴᠡ ᠯᠠ ᠡᠢ᠌ᠮᠦᠷᠭᠦ ᠣᠶᠠᠨ ᠨᠠᠯᠠᠷᠬᠠᠢ᠂ ᠭᠦᠨ ᠣᠬᠠᠭᠠᠯᠢᠭ ᠰᠢᠯᠦᠭ᠌ ᠳᠦᠷᠦᠳᠡᠭ᠌ ᠪᠣᠯᠪᠠ ᠦᠦ 《ᠳᠡᠭ᠍ᠷᠢᠯᠢᠭ᠌ ᠬᠠᠢ᠌ᠷ᠎ᠠ ᠶᠢᠨ ᠦᠬᠢᠳ ᠮᠢᠨᠢ/ ᠭᠦᠮᠤᠨ ᠤ ᠭᠢ ᠪᠣᠯᠳᠠᠭ ᠡᠨᠡ ᠲᠦᠷᠦᠯ ᠳᠡᠭᠡᠨ ᠪᠣᠤ ᠭᠤᠮᠤᠳᠠ/ ᠳᠡᠯᠡᠭᠡᠢ ᠣᠷᠴᠢᠯᠠᠩ ᠳᠠᠪᠠᠯ ᠳᠤ ᠴᠢᠨᠢ ᠪᠠᠭᠳᠠᠵᠤ ᠪᠣᠢ》 ᠭᠡᠵᠤ ᠰᠢᠯᠦᠭᠯᠡᠭ᠍ᠰᠡᠨ ᠪᠣᠢ᠃ ᠪᠦᠰᠡᠭᠦᠢ ᠭᠦᠮᠤᠨ ᠤ ᠳᠠᠪᠠᠯ ᠳᠤ ᠪᠦᠳᠤᠨ ᠠᠮᠢᠳᠤᠷᠠᠯ᠂ ᠪᠦᠯᠢᠶᠠᠨ ᠬᠠᠢ᠌ᠷ᠎ᠠ᠂ ᠪᠣᠶᠠᠨ ᠭᠡᠰᠢᠭ᠌᠂ ᠪᠦᠳᠦᠷᠢᠯ ᠨᠤᠭᠤᠷᠠᠯ᠂ ᠴᠢᠨᠠᠭᠰᠢᠯᠠᠪᠠᠯ ᠪᠦᠭᠦᠢᠯᠡ ᠶ‍ᠢᠷᠳᠢᠠᠴᠤ ᠳᠠᠷᠠ ᠶᠠᠩᠵᠤ ᠪᠠᠷ ᠶᠢᠡᠨ ᠪᠠᠭᠳᠠᠳᠠᠭ ᠭᠡᠮᠡᠨ ᠨᠠᠢ᠌ᠷᠠᠭ ᠤᠨ ᠴᠢᠯᠠᠭᠤ ᠪᠠᠷ ᠵᠡᠷᠭᠡᠯᠡᠨ ᠳᠡᠭ᠍ᠷᠢ ᠶᠢᠨ ᠭᠡᠯᠡ ᠪᠠᠷ ᠣᠴᠢᠷᠯᠠᠵᠤ ᠪᠠᠢ᠌ᠨ᠎ᠠ᠃ ᠵᠢᠩᠭᠢᠨᠢ ᠮᠤᠩᠭ᠋ᠤᠯ ᠰᠢᠯᠦᠭ᠌ ᠤᠨ ᠬᠠᠷ᠎ᠠ ᠠᠷᠢᠭᠢᠨ ᠳᠤ ᠮᠠᠨᠠᠷᠠᠳᠠᠯ᠎ᠠ ᠰᠤᠭᠳᠤᠬᠤ ᠭᠡᠭ᠍ᠴᠢ ᠵᠢᠷᠭᠠᠯ ᠳ᠋ᠠ︕

《ᠦᠷ ᠤᠨ ᠴᠤᠯᠮᠤᠨ》 ᠰᠡᠳᠭᠦᠯ ᠤᠨ ᠭᠢᠨ 2013 ᠣᠨ ᠤ 3 ᠳ᠋ᠤᠭᠠᠷ ᠬᠤᠭᠤᠴᠠᠭᠠᠨ ᠤ ᠢᠷᠠᠭᠤ ᠨᠠᠢ᠌ᠷᠠᠭ ᠪᠣᠯᠤᠩ ᠳᠤ ᠪᠠᠨ ᠭᠤᠤᠯᠳᠠᠭᠤ ᠰᠢᠠᠵᠢᠶᠠᠩ ᠣᠷᠤᠨ ᠳᠤ ᠶᠠᠪᠣᠭᠳᠠᠭᠰᠠᠨ 《ᠭᠡ ᠵᠢᠯᠭᠠᠨ》 ᠪᠣᠯᠤᠨ 《ᠠᠯᠳᠠᠨ ᠳᠦᠷᠦᠭᠡ》 ᠭᠡᠮᠡᠭᠦ ᠣᠷᠠᠨ ᠣᠩᠰᠢᠯᠭ᠎ᠠ ᠶᠢᠨ ᠣᠷᠤᠯᠳᠤᠭᠠᠨ ᠳᠤ ᠱᠠᠩᠨᠠᠯ ᠣᠯᠤᠭᠰᠠᠨ ᠪᠦᠳᠦᠭᠡᠯ ᠤᠳ ᠢ ᠰᠤᠩᠭ᠋ᠤᠨ ᠨᠠᠢ᠌ᠳᠠᠯᠠᠵᠠᠢ᠃ ᠨᠠᠷᠢᠨ ᠱᠥᠭᠦᠨ ᠣᠩᠰᠢᠬᠤ ᠳᠤ ᠱᠠᠩᠨᠠᠯ ᠣᠯᠤᠭᠰᠠᠨ ᠪᠦᠳᠦᠭᠡᠯ ᠤᠳ ᠪᠦᠷ ᠦᠪᠡᠷ ᠦᠪᠡᠷ ᠤᠨ ᠣᠠᠴᠠᠯᠢᠭ᠂ ᠦᠨᠦᠷ ᠠᠮᠳᠠ᠂ ᠥᠩᠭᠡ ᠪᠣᠳᠤᠭ ᠶᠢᠡᠷ ᠶᠢᠡᠨ ᠢᠯᠭᠠᠷᠠᠭᠰᠠᠨ ᠣᠩᠰᠢᠪᠣᠷᠢᠳᠠᠢ ᠪᠦᠳᠦᠭᠡᠯ ᠤᠳ ᠪᠠᠢ᠌ᠭ᠎ᠠ᠃ ᠡᠭᠦᠨ ᠡᠴᠡ ᠰᠢᠠᠵᠢᠶᠠᠩ ᠤᠨ ᠣᠢ᠌ᠷᠠᠤᠨ ᠮᠤᠩᠭ᠋ᠤᠯᠴᠤᠳ ᠤᠨ ᠣᠷᠠᠨ ᠵᠤᠬᠢᠶᠠᠯ ᠤᠨ ᠭᠦᠭ᠍ᠵᠢᠯᠳᠡ ᠶᠢᠨ ᠭᠢᠷᠢ ᠲᠦᠪᠰᠢᠨ ᠢ ᠵᠤᠭᠢᠬᠤ ᠭᠡᠮᠵᠢᠶ᠎ᠡ ᠪᠠᠷ ᠦᠵᠡᠨ ᠭᠠᠷᠴᠤ ᠪᠣᠯᠤᠨ᠎ᠠ᠃ ᠴᠠᠭ ᠤᠨ ᠬᠠᠷᠠᠭ᠎ᠠ᠂ ᠮᠡᠳᠡᠯᠭᠡ ᠶᠢᠨ ᠭᠢᠵᠠᠭᠠᠷ ᠡᠴᠡ ᠪᠣᠯᠵᠤ ᠱᠠᠩᠨᠠᠯ ᠣᠯᠤᠭᠰᠠᠨ ᠪᠦᠳᠦᠭᠡᠯ ᠪᠦᠭᠦᠨ ᠳᠤ ᠦᠵᠡᠯᠳᠠ ᠪᠣᠳᠤᠯ ᠶᠢᠡᠨ ᠳᠡᠯᠭᠡᠵᠤ ᠴᠢᠳᠠᠭ᠎ᠠ ᠦᠭᠡᠶ᠃ 《ᠦᠷ ᠤᠨ ᠴᠤᠯᠮᠤᠨ》 ᠰᠡᠳᠭᠦᠯ ᠤᠨ ᠭᠠᠭᠴᠠᠬᠠᠨ ᠡᠨᠡ ᠳ᠋ᠤᠭᠠᠷ ᠡᠴᠡ ᠥᠵᠡᠭᠦ ᠳᠤ ᠴᠤ ᠣᠢ᠌ᠷᠠᠤᠨ ᠮᠤᠩᠭ᠋ᠤᠯ ᠤᠨ ᠢᠷᠠᠭᠤ ᠨᠠᠢ᠌ᠷᠠᠭ ᠤᠨ ᠮᠠᠷᠭᠠᠰᠢ ᠭᠡᠭᠡᠨ ᠰᠠᠷᠠᠭᠤᠯ ᠭᠡᠳᠡᠭ᠌ ᠢ ᠪᠠᠷᠳᠠᠮ ᠭᠡᠷᠡᠴᠢᠯᠡᠵᠤ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠤᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1373
ᠴᠠᠭ᠄ 2014 ᠤᠨ ᠤ 05 ᠰᠠᠷ᠎ᠠ ᠶᠢᠨ 09
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯ ᠰᠢᠭᠦᠮᠵᠢ - ᠰᠤᠨᠢᠷᠬᠠᠯ ᠬᠦᠨᠳᠡᠭᠰᠡᠨ ᠭᠤᠷᠪᠠᠨ ᠰᠢᠯᠦᠭ