ᠬᠠᠪᠤᠷ ᠤᠨ ᠬᠤᠭᠤᠰ ᠳᠤᠮᠲᠠ

ᠬᠠᠪᠣᠷ ᠤᠨ ᠬᠤᠭᠤᠰ ᠳᠤᠮᠳᠠ ᠶᠠᠮᠠᠷ ᠣᠤᠠᠬ᠎ᠠ ᠲᠡᠶ ᠪᠣᠢ︖

ᠬᠠᠪᠣᠷ ᠤᠨ ᠬᠤᠭᠤᠰ ᠳᠤᠮᠳᠠ ᠪᠣᠯ ᠠᠷᠭ᠎ᠠ ᠶᠢᠨ ᠣᠯᠠᠷᠢᠯ ᠤᠨ ᠬᠤᠷᠢᠨ ᠳᠦᠷᠪᠡᠨ ᠴᠠᠭ ᠬᠤᠭᠤᠴᠠᠭ᠎ᠠ ᠶᠢᠨ ᠨᠢᠭᠡ ᠨᠢ ᠪᠣᠯᠤᠨ᠎ᠠ᠃ ᠦᠨᠦ ᠡᠳᠦᠷ ᠲᠤ ᠡᠳᠦᠷ ᠰᠦᠨᠢ ᠶᠢᠨ ᠣᠷᠳᠤ ᠶᠢᠨ ᠭᠡᠮᠵᠢᠶ᠎ᠡ ᠠᠳᠠᠯᠢ ᠪᠣᠯᠳᠠᠭ᠃ 《ᠬᠠᠪᠣᠷ ᠤᠨ ᠬᠤᠭᠤᠰ ᠳᠤᠮᠳᠠ᠂ ᠨᠠᠮᠤᠷ ᠤᠨ ᠬᠤᠭᠤᠰ ᠳᠤᠮᠳᠠ᠂ ᠰᠦᠨᠢ ᠡᠳᠦᠷ ᠳᠡᠭ᠍ᠰᠢ ᠬᠤᠪᠢᠶᠠᠭᠳᠠᠵᠤ》 ᠭᠡᠵᠤ ᠭᠡᠯᠡᠳᠡᠭ᠌ ᠨᠢ ᠬᠠᠪᠣᠷ ᠨᠢᠭᠡ᠊ᠨᠳᠡ ᠬᠠᠭᠠᠰ ᠨᠢ ᠥᠩᠭᠡᠷᠡᠪᠡ ᠭᠡᠰᠡᠨ ᠣᠤᠠᠬ᠎ᠠ ᠲᠡᠶ᠃ ᠵᠠᠷᠢᠮ ᠵᠠᠯᠠᠭᠤ ᠪᠠᠭᠠᠴᠤᠳ ᠬᠠᠪᠣᠷ ᠤᠨ ᠬᠤᠭᠤᠰ ᠳᠤᠮᠳᠠ ᠶᠢ ᠪᠦᠷᠢᠨ ᠣᠢ᠌ᠯᠭᠠᠬᠤ ᠦᠭᠡᠶ᠂ ᠬᠠᠪᠣᠷ ᠤᠨ ᠬᠤᠭᠤᠰ ᠳᠤᠮᠳᠠ ᠨᠢ ᠶᠠᠭᠤ ᠶᠢ ᠭᠡᠯᠡᠵᠤ ᠪᠠᠢ᠌ᠬᠤ᠂ ᠳᠤᠰ ᠡᠳᠦᠷ ᠶᠠᠭᠤ ᠢᠳᠡᠭᠦ ᠪᠣᠢ︖ ᠭᠡᠵᠤ ᠥᠷᠭᠦᠯᠵᠢ ᠠᠰᠠᠭᠤᠵᠤ ᠪᠠᠢ᠌ᠳᠠᠭ᠂ ᠳᠡᠭᠡᠪᠠᠯ ᠪᠢ ᠡᠨᠡ ᠳᠤᠬᠠᠢ ᠦᠪᠡᠷ ᠤᠨ ᠳᠦᠭᠦᠮ ᠣᠢ᠌ᠯᠭᠠᠯᠳᠠ ᠪᠠᠨ ᠶᠠᠷᠢᠵᠤ ᠣᠯᠠᠨ ᠳᠤ ᠯᠠᠪᠯᠠᠯᠳᠠ ᠪᠣᠯᠭᠠᠶ᠎ᠠ︕

ᠬᠠᠪᠣᠷ ᠤᠨ ᠬᠤᠭᠤᠰ ᠳᠤᠮᠳᠠ ᠶᠢᠨ ᠳᠠᠷᠠ ᠡᠳᠦᠷ᠂ ᠨᠠᠷᠠᠨ ᠤ ᠭᠡᠷᠡᠯ ᠪᠠ ᠰᠢᠷ᠎ᠠ ᠣᠷᠳᠤᠷᠢᠭ ᠤᠨ ᠬᠤᠭᠤᠷᠤᠠᠳᠤᠭᠢ ᠥᠡᠴᠦᠭ᠌ ᠨᠢ ᠳᠡᠭ᠌ ᠺᠷᠠᠳᠥ᠋ᠰ ᠪᠣᠯᠵᠤ ᠳᠡᠯᠡᠭᠡᠢ ᠶᠢᠨ ᠪᠦᠰᠡᠯᠡᠭᠦᠷ (赤道) ᠲᠤ ᠡᠭ᠍ᠴᠡ ᠪᠠᠷ ᠳᠤᠰᠠᠬᠤ ᠪᠣᠯᠤᠨ᠎ᠠ᠃ ᠡᠳᠦᠷ ᠰᠦᠨᠢ ᠪᠠᠷᠤᠭ ᠳᠡᠭ᠍ᠰᠢ ᠪᠣᠯᠵᠤ᠂ ᠡᠭᠦᠨ ᠡᠴᠠ ᠨᠠᠷᠠᠨ ᠤ ᠭᠡᠷᠡᠯ ᠤᠨ ᠳᠤᠰᠤᠯᠳᠠ ᠨᠢ ᠠᠭᠠᠵᠢᠮ ᠶᠢᠡᠷ ᠬᠣᠢ᠌ᠰᠢ ᠰᠢᠯᠵᠢᠵᠤ᠂ ᠤᠮᠠᠷᠠᠲᠤ ᠬᠠᠭᠠᠰ ᠪᠦᠮᠪᠦᠷᠴᠡᠭ ᠲᠤ ᠡᠳᠦᠷ ᠤᠨ ᠴᠠᠭ ᠨᠡᠮᠡᠭ᠍ᠳᠡᠵᠤ᠂ ᠰᠦᠨᠢ ᠶᠢᠨ ᠴᠠᠭ ᠪᠣᠭᠤᠨᠢ ᠪᠣᠯᠵᠤ᠂ ᠴᠠᠭ ᠠᠭᠤᠷ ᠴᠤ ᠬᠠᠮᠤᠭ ᠬᠠᠯᠠᠭᠤᠨ ᠪᠣᠯᠤᠨ᠎ᠠ᠃ ᠢᠩᠭᠢᠭ᠍ᠰᠡᠨ ᠶᠢᠡᠷ ᠵᠤᠨ ᠤ ᠳᠣᠢ᠌ᠯ ᠪᠣᠯᠬᠤ ᠳᠤ᠂ ᠤᠮᠠᠷᠠᠲᠤ ᠬᠠᠭᠠᠰ ᠪᠦᠮᠪᠦᠷᠴᠡᠭ ᠲᠤ ᠡᠳᠦᠷ ᠬᠠᠮᠤᠭ ᠣᠷᠳᠤ᠂ ᠰᠦᠨᠢ ᠬᠠᠮᠤᠭ ᠪᠣᠭᠤᠨᠢ ᠪᠣᠯᠵᠤ᠂ ᠨᠠᠮᠤᠷ ᠤᠨ ᠬᠤᠭᠤᠰ ᠳᠤᠮᠳᠠ ᠪᠣᠯᠬᠤ ᠳᠤ᠂ ᠡᠳᠦᠷ ᠰᠦᠨᠢ ᠶᠢᠨ ᠴᠠᠭ ᠨᠢ ᠳᠠᠭᠢᠨ ᠳᠡᠩᠴᠡᠭᠦᠤ ᠪᠣᠯᠵᠤ᠂ ᠨᠠᠮᠤᠷ ᠤᠨ ᠬᠤᠭᠤᠰ ᠳᠤᠮᠳᠠ ᠡᠴᠠ ᠡᠬᠢᠯᠡᠵᠦ ᠤᠮᠠᠷᠠᠲᠤ ᠬᠠᠭᠠᠰ ᠪᠦᠮᠪᠦᠷᠴᠡᠭ ᠤᠨ ᠰᠦᠨᠢ ᠶᠢᠨ ᠴᠠᠭ ᠠᠭᠠᠵᠢᠮ ᠶᠢᠡᠷ ᠨᠡᠮᠡᠭ᠍ᠳᠡᠨ᠂ ᠡᠳᠦᠷ ᠤᠨ ᠴᠠᠭ ᠡᠰᠡᠷᠭᠦ ᠪᠠᠷ ᠪᠣᠭᠤᠨᠢᠰᠤᠭᠰᠠᠭᠠᠷ ᠡᠪᠦᠯ ᠤᠨ ᠳᠣᠢ᠌ᠯ ᠪᠣᠯᠬᠤ ᠳᠤ᠂ ᠤᠮᠠᠷᠠᠲᠤ ᠬᠠᠭᠠᠰ ᠪᠦᠷᠮᠪᠦᠷᠴᠡᠭ  ᠤᠨ ᠡᠳᠦᠷ ᠤᠨ ᠴᠠᠭ ᠬᠠᠮᠤᠭ ᠣᠬᠤᠷ ᠪᠣᠯᠵᠤ᠂ ᠰᠦᠨᠢ ᠶᠢᠨ ᠴᠠᠭ ᠬᠠᠮᠤᠭ ᠣᠷᠳᠤ ᠪᠣᠯᠵᠤ᠂ ᠴᠠᠭ ᠠᠭᠤᠷ ᠴᠤ ᠬᠠᠮᠤᠭ ᠭᠦᠢᠳᠡᠨ ᠪᠣᠯᠤᠨ᠎ᠠ᠃ ᠡᠨᠡ ᠪᠣᠯ᠂ ᠴᠠᠭ ᠬᠤᠭᠤᠴᠠᠭ᠎ᠠ ᠶᠢᠨ ᠨᠢᠭᠡᠨ ᠣᠯᠠᠷᠢᠯ ᠤᠨ ᠡᠷᠭᠢᠯᠳᠡ ᠪᠣᠯᠤᠨ᠎ᠠ᠃

ᠵᠤᠬᠢᠶᠠᠭᠴᠢ ᠶᠢᠨ ᠬᠠᠶ‍ᠢᠭ ᠄ ᠧᠡᠩᠭᠢ ᠶᠢᠨ ᠳᠸᠯᠸᠢᠰ ᠬᠤᠷᠢᠶ᠎ᠠ


ᠵᠤᠬᠢᠶᠠᠭᠴᠢ᠄ ᠥᠭᠡᠯᠡᠳ · ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 4608
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ