ᠭᠡᠷ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠡᠢ᠌ᠮᠡᠭᠡᠢ ᠪᠣᠯᠪᠠᠴᠤ ᠭᠡᠷ ᠶᠤᠮ᠂ ᠰᠡᠭ᠍ᠰᠡᠭᠡᠷ ᠪᠣᠯᠪᠠᠴᠤ ᠡᠵᠢ ᠶᠤᠮ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊

ᠦᠷᠦ ᠦᠷᠦ ᠪᠠᠷ ᠬᠤᠯᠪᠣᠯᠳᠤᠭᠰᠠᠨ ᠡᠯᠢᠭᠡ ᠪᠦᠳᠤᠨ ᠵᠠᠶᠠᠭ᠎ᠠ

ᠡᠶ᠎ᠡ ᠡᠶ᠎ᠡ ᠪᠠᠷ ᠨᠡᠢ᠌ᠯᠡᠯᠳᠦᠭ᠍ᠰᠡᠨ ᠣᠴᠠᠷᠠᠯ ᠪᠦᠷᠢᠨ ᠵᠠᠩᠭᠢᠶᠠᠰᠤ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠢᠷᠦᠭᠡᠯ ᠳᠠᠪᠢᠯᠠᠩ ᠭᠠᠩᠨᠠᠭᠰᠠᠨ ᠢᠳᠡᠭᠡᠯ ᠤᠨ ᠳᠤᠷᠭᠠᠨ ᠮᠠᠠᠴᠤᠢ

ᠢᠨᠢᠶᠠᠳᠤ ᠵᠢᠷᠭᠠᠯ ᠶᠢᠡᠷ ᠳᠡᠯᠡᠭ᠍ᠰᠡᠨ ᠠᠮᠢᠳᠤᠷᠠᠯ ᠤᠨ ᠴᠡᠩᠭᠡᠷ ᠬᠠᠩᠭ᠋ᠠᠢ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊

ᠰᠠᠨᠠᠬᠤ ᠶᠢᠨ ᠰᠠᠢ᠌ᠬᠠᠨ ᠳᠤ ᠰᠥᠯᠳᠡᠰᠦᠯᠡᠭᠦ ᠡᠷ᠎ᠡ ᠪᠣᠰᠤᠭ᠎ᠠ ᠭᠡᠢ᠌ᠮᠦᠷᠢ

ᠰᠠᠨᠠᠭᠠᠨ ᠤ ᠥᠵᠦᠭᠦᠷ ᠳᠡᠷᠪᠠᠭᠦ ᠡᠩᠭᠡ ᠴᠠᠭᠠᠨ ᠳᠠᠭᠳᠠᠭ᠎ᠠ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠣᠶᠠᠷᠠᠯ ᠭᠡᠶ‍ᠦᠷᠡᠯ ᠠᠷᠴᠢᠬᠤ ᠠᠮᠠᠷᠠᠭ ᠬᠠᠯᠠᠭᠤᠨ ᠦᠨᠦᠰᠤᠯᠳᠠ

ᠠᠯᠵᠢᠶᠠᠯ ᠴᠢᠯᠡᠭᠡ ᠳᠠᠢ᠌ᠯᠠᠬᠤ ᠣᠶᠠᠬᠠᠨ ᠬᠤᠩᠭ᠋ᠤᠷ ᠪᠦᠦᠪᠠᠢ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠪᠦᠳᠦᠷᠢᠵᠤ ᠣᠢ᠌ᠴᠢᠭᠰᠠᠨ ᠦᠶ᠎ᠡ ᠳᠤ ᠳᠤᠯᠤᠭᠠᠤᠨ ᠪᠣᠰᠬᠤ ᠳᠠᠶᠠᠭ

ᠪᠠᠷᠭᠡᠳᠡᠵᠤ ᠳᠠᠷᠳᠠᠭᠰᠠᠨ ᠡᠷᠡᠨ ᠳᠤ ᠡᠷᠭᠦᠭᠡᠳ ᠠᠪᠬᠤ ᠣᠬᠠᠭᠠᠨ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠴᠠᠩᠳᠤᠭᠰᠠᠨ ᠳᠦᠷᠦᠭᠡ ᠣᠶᠠᠰᠬᠠᠬᠤ ᠨᠠᠮᠬᠠᠨ ᠴᠤᠭᠰᠢᠬᠤ ᠭᠠᠯ

ᠭᠠᠩᠳᠠᠭᠰᠠᠨ ᠰᠡᠳᠭᠢᠯ ᠨᠢᠳᠦᠯᠡᠭᠦᠯᠭᠦ ᠢᠨᠠᠭ ᠶᠢᠡᠷ ᠵᠥᠰᠡᠷᠭᠦ ᠪᠣᠷᠤᠭᠠᠨ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊

ᠰᠠᠯᠭᠢᠨ ᠪᠣᠷᠤᠭᠠᠨ ᠤ ᠭᠤᠶᠠᠳᠠᠯᠳᠠ ᠳᠤ ᠰᠣᠢ᠌ᠷᠠᠰᠢ ᠦᠭᠡᠶ ᠴᠠᠢ᠌ᠵᠠ

ᠰᠢᠯᠦᠭ᠌ ᠳᠠᠭᠤᠤ ᠶᠢᠨ ᠣᠶᠠᠩᠭ᠋ᠠᠷᠠᠯ ᠳᠤ 《ᠴᠤᠭᠯᠠᠵᠤ ᠰᠠᠭᠤᠭᠰᠠᠨ ᠱᠠᠭᠠᠵᠠᠭᠠᠢ》

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

《ᠳᠠᠪᠤᠨ ᠮᠦᠰᠤ》 ᠪᠠᠷ ᠭᠠᠷᠬᠠᠯᠠᠭᠰᠠᠨ ᠳᠠᠰᠤᠷᠠᠳᠠᠭ ᠦᠭᠡᠶ ᠭᠦᠪᠴᠢ

ᠳᠡᠭ᠍ᠷᠢ ᠭᠠᠵᠠᠷ ᠤᠨ ᠬᠤᠭᠤᠷᠤᠠᠳᠠᠭᠢ ᠬᠤᠭᠤᠷᠠᠳᠠᠭ ᠦᠭᠡᠶ ᠳᠡᠩᠭᠡᠯᠢᠭ᠌

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠬᠠᠢ᠌ᠷ᠎ᠠ ᠶᠢᠨ ᠥᠭᠡᠳᠡᠰᠤ ᠪᠠᠷ ᠡᠮᠵᠢᠶᠡᠷᠢᠯᠡᠭ᠍ᠰᠡᠨ ᠨᠠᠷᠠᠨ ᠰᠠᠷᠠᠨ ᠳᠡᠷᠯᠢᠭ᠌

ᠰᠡᠳᠭᠢᠯ ᠤᠨ ᠵᠣᠢ᠌ᠳᠠᠰᠤ ᠪᠠᠷ ᠰᠥᠯᠵᠢᠯᠡᠭ᠍ᠰᠡᠨ ᠨᠠᠪᠴᠢ ᠴᠡᠴᠡᠭ᠌ ᠤᠨ ᠥᠷᠦᠭᠡ

ᠭᠡᠷ ᠊᠊᠊᠊᠊᠊᠊᠊᠊᠊᠊᠊᠊᠊᠊᠊᠊᠊᠊᠊᠊᠊᠊᠊᠊᠊᠊᠊᠊᠊

ᠬᠤᠯᠠ ᠶᠢᠨ ᠵᠡᠭᠦᠳᠤᠨ ᠳᠤ ᠳᠡᠷᠭᠡᠯᠰᠢᠭᠦ ᠣᠷᠠᠨ ᠭᠠᠩᠭ᠋ᠠᠩ ᠰᠠᠷᠠᠨ

ᠬᠤᠨᠤᠭ ᠤᠨ ᠮᠥᠷᠦᠭᠡᠳᠦᠯ ᠳᠤ ᠬᠠᠩᠭᠢᠨᠠᠬᠤ ᠣᠭᠤᠷᠠᠭ ᠠᠩᠭᠢᠷ ᠥᠭᠡᠢ᠌ᠯᠡᠯ︕


2009᠂ 11᠂ 16

ᠵᠤᠬᠢᠶᠠᠭᠴᠢ ᠶᠢᠨ ᠬᠠᠶ‍ᠢᠭ ᠄ ᠭᠢᠩᠭ᠋ᠠᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 1727
ᠴᠠᠭ᠄ 2009 ᠤᠨ ᠤ 12 ᠰᠠᠷ᠎ᠠ ᠶᠢᠨ 15